ᠴᠠᠭ ᠤᠨ ᠤᠷᠤᠰᠬᠠᠯ ᠳᠤ – ᠨᠢᠮ᠎ᠠ Цагийн урсгалд – Ням ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠤᠨ ᠤᠷᠤᠰᠬᠠᠯ ᠳᠤ – ᠨᠢᠮ᠎ᠠ Цагийн урсгалд – Ням

ᠴᠠᠭ ᠤᠨ ᠤᠷᠤᠰᠬᠠᠯ ᠳᠤ – ᠨᠢᠮ᠎ᠠ Цагийн урсгалд – Ням

2023-06-01

244

ᠴᠠᠭ ᠤᠨ ᠤᠷᠤᠰᠬᠠᠯ ᠳᠤ


     ᠬᠣᠴᠣᠷᠭᠠᠵᠤ ᠳᠡᠢᠯᠬᠦ ᠦᠭᠡᠢ ᠣᠨ ᠵᠢᠯ ᠦ᠋ᠨ ᠬᠣᠢᠨ᠎ᠠ ᠠ᠋ᠴᠠ ᠪᠢ ᠂ 
     ᠬᠣᠪ ᠬᠣᠭᠣᠰᠣᠨ ᠬᠣᠶᠠᠷ ᠭᠠᠷ ᠢ᠋ᠶ᠋ᠠᠨ ᠰᠠᠷᠪᠠᠢᠭᠰᠠᠨ ᠬᠡᠪ ᠢ᠋ᠶ᠋ᠡᠷ ᠮᠡᠯᠡᠷᠡᠵᠦ ᠵᠣᠭᠰᠣᠨ᠎ᠠ ᠃ 
     ᠬᠡᠴᠢᠨᠡᠨ ᠴᠦ᠍ ᠶᠠᠭᠤᠮ᠎ᠠ ᠶ᠋ᠢ ᠠᠯᠳᠠᠪᠠ  ᠳᠠ ? ᠭᠡᠵᠦ ᠰᠠᠨᠠᠮᠠᠭᠴᠠ ᠬᠠᠯᠠᠭᠤᠨ ᠨᠢᠯᠪᠤᠰᠤ ᠥᠪᠡᠷ ᠦ᠋ᠨ ᠡᠷᠬᠡ ᠦᠭᠡᠢ ᠤᠨᠠᠬᠤ ᠶᠤᠮ ᠃ 
     ᠴᠠᠭ ᠭᠡᠵᠦ ᠲᠡᠢᠮᠦ ᠯᠠ ᠬᠦᠢᠲᠡᠨ ᠵᠢᠷᠦᠬᠡ ᠲᠠᠢ ᠤᠤ ?
     ᠤᠬᠢᠯᠠᠵᠤ ᠵᠣᠭᠰᠣᠭᠰᠠᠨ ᠮᠢᠨᠦ  ᠳᠡᠷᠳᠡᠭᠡᠭᠦᠷ ᠬᠠᠷᠠᠵᠤ ᠦᠵᠡᠬᠦ ᠴᠦ᠍ ᠦᠭᠡᠢ ᠥᠩᠭᠡᠷᠡᠵᠦ ᠯᠡ ᠪᠠᠢᠯ᠎ᠠ ᠁ 

     ᠶᠠᠭᠠᠬᠢᠵᠤ ᠭᠡᠮᠰᠢᠪᠡᠴᠦ ᠶᠠᠮᠠᠷ ᠲᠤᠰᠠ ᠪᠠᠢᠬᠤ ᠪᠣᠢ ?
     ᠶᠠᠪᠤᠭᠰᠠᠨ ᠴᠠᠭ ᠢ᠋ ᠡᠢᠵᠦ ᠬᠠᠷᠠᠪᠠᠴᠤ ᠡᠷᠭᠢᠵᠦ ᠨᠠᠳᠠ ᠢᠷᠡᠬᠦ ᠦᠭᠡᠢ ᠃ 
     ᠡᠷᠳᠡᠨᠢ ᠰᠤᠪᠤᠳ ᠢ᠋ ᠠᠯᠠᠭᠠᠨ ᠳ᠋ᠤ᠌ ᠠᠪᠴᠢᠷᠠᠵᠤ ᠲᠠᠯᠪᠢᠵᠤ ᠥᠭᠬᠦ ᠦᠭᠡᠢ ᠃ 
     ᠢᠩᠭᠢᠬᠦ ᠪᠡᠷ ᠬᠠᠷᠢᠨ ᠢᠷᠡᠬᠦ ᠴᠠᠭ ᠤ᠋ᠨ ᠤᠷᠤᠰᠬᠠᠯ ᠢ᠋ ᠵᠠᠪᠳᠤᠵᠤ ᠣᠩᠭᠣᠴᠠ ᠪᠠᠨ ᠪᠤᠰᠢᠭᠤ ᠲᠠᠯᠪᠢᠶ᠎ᠠ ᠃ ᠲᠡᠭᠡᠭᠡᠳ ᠪᠢ ᠵᠣᠭᠰᠣᠭᠰᠠᠨ ᠲᠡᠷᠡ ᠣᠷᠣᠨ ᠠ᠋ᠴᠠ ᠪᠠᠨ ᠨᠢᠯᠪᠤᠰᠤ ᠪᠠᠨ ᠠᠷᠴᠢᠨ ᠪᠤᠴᠠᠪᠠ ᠃ 
     ᠴᠠᠭ ᠭᠡᠵᠦ ᠲᠡᠢᠮᠦ ᠬᠦᠢᠲᠡᠨ ᠵᠢᠷᠦᠬᠡ ᠦᠭᠡᠢ ᠃
     ᠲᠡᠪᠡᠷᠢᠵᠦ ᠠᠪᠤᠭᠠᠳ ᠨᠠᠮᠠᠶ᠋ᠢ ᠬᠠᠷᠢᠨ ᠦᠨᠦᠰᠴᠦ ᠢᠷᠡᠯ᠎ᠡ ᠃ 

     ᠬᠠᠯᠠᠭᠤᠨ ᠬᠣᠰᠢᠭᠤ ᠨᠢ ᠰᠡᠳᠬᠢᠯ ᠦ᠋ᠨ ᠭᠠᠯ ᠢ᠋ ᠬᠥᠭᠵᠢᠭᠡᠵᠦ ᠪᠠᠢᠯ᠎ᠠ ᠁ 
     ᠴᠠᠭ ᠤ᠋ᠨ ᠤᠷᠤᠰᠬᠠᠯ ᠢ᠋ ᠠᠮᠵᠢᠭᠠᠳ ᠠᠶᠠᠨ ᠳ᠋ᠠᠭᠠᠨ ᠣᠷᠣᠪᠠ ᠃ 
     ᠡᠯᠭᠦᠭᠰᠡᠨ ᠳᠠᠷᠪᠠᠭᠤᠯ ᠳ᠋ᠤ᠌ ᠴᠤ᠌ ᠰᠠᠯᠬᠢ ᠳᠦᠭᠦᠷᠪᠡ ᠃ 
     ᠵᠠᠯᠠᠭᠰᠠᠨ ᠵᠦᠭ ᠲᠡᠭᠡᠨ ᠲᠣᠣᠷ ᠬᠠᠶᠠᠨ ᠶᠠᠪᠤᠵᠤ ᠯᠠ ᠪᠠᠢᠪᠠᠯ ᠂ ᠠᠯᠳᠠᠭᠰᠠᠨ ᠠ᠋ᠴᠠ ᠪᠠᠨ ᠢᠯᠡᠭᠦᠦ ᠰᠠᠢᠬᠠᠨ ᠶᠠᠭᠤᠮ᠎ᠠ ᠨᠤᠭᠤᠳ ᠊ᠢ ᠱᠦᠭᠦᠵᠦ ᠯᠠᠪ ᠣᠯᠬᠤ ᠪᠣᠢ !