ᠰᠠᠷ᠎ᠠ ᠱᠦᠭᠦᠯᠡ - ᠲ ᠂ ᠭᠣᠮᠪᠣᠵᠠᠪ Сар шүүлэ - Т ᠂ Гомбожав
ᠰᠠᠷ᠎ᠠ ᠱᠦᠭᠦᠯᠡ
ᠨᠢᠪ ᠨᠢᠮᠭᠡᠬᠡᠨ ᠰᠠᠷ᠎ᠠ
ᠬᠥᠪ ᠬᠥᠩᠭᠡᠬᠡᠨ ᠲᠣᠨᠣᠵᠤ ᠪᠠᠶ᠋ᠢᠯ᠎ᠠ ᠡ
ᠤᠰᠤ᠂ ᠨᠠᠮ ᠵᠢᠮ
ᠤᠯᠠᠮ ᠳᠣᠲᠣᠭᠰᠢ ᠪᠠᠨ ᠂ ᠨᠢᠭᠡ ᠪᠣᠲᠣᠯ ᠵᠠᠯᠭᠢᠵᠤ ᠪᠠᠶ᠋ᠢᠯ᠎ᠠ
ᠮᠣᠲᠣᠨ ᠪ ᠤᠷᠤᠢ ᠵᠢᠷᠣᠪᠭᠢᠨᠡᠵᠦ
ᠮᠢᠨᠦ ᠬᠠᠶ᠋ᠢᠷᠠᠲᠠᠢ ᠰᠠᠷ᠎ᠠ ᠶ᠋ᠢ
ᠤᠯᠠᠮ ᠳᠠᠬᠢᠨ ᠡᠮᠵᠡᠭᠯᠡᠭᠦᠯᠦᠨ
ᠣᠩᠭᠣᠴᠠᠨ ᠪ ᠮᠥᠷ
ᠡᠪᠴᠢᠭᠦᠨ ᠳᠡᠭᠡᠭᠦᠷ ᠨᠢ ᠬᠥᠭᠡᠷᠦᠬᠦᠢ ᠵᠦᠰᠦᠵᠦ ᠥᠩᠭᠡᠷᠡᠨ᠎ᠡ ᠪᠢᠯᠡ
ᠠᠷᠢᠭᠤᠨ ᠰᠠᠶ᠋ᠢᠬᠠᠨ ᠪ ᠰᠢᠷᠬᠠᠲᠤᠯ ᠳ᠋ᠤ᠌
ᠠᠷᠪᠠᠨ ᠬᠤᠷᠤᠭᠤ ᠳᠠᠭᠵᠢᠨ
ᠠᠮᠠᠷᠠᠭ ᠰᠠᠨᠠᠭᠰᠠᠨ ᠰᠠᠷ᠎ᠠ ᠶ᠋ᠢ ᠪᠠᠨ ᠪᠢ
ᠠᠶᠤᠯ ᠲᠠᠨᠢᠨ ᠱᠦᠭᠦᠯᠡ
ᠲᠡᠭᠡᠬᠦ ᠳ᠋ᠤ᠌᠂ ᠬᠤᠷᠤᠭᠤᠳ ᠦ᠋ᠨ ᠮᠢᠨᠢ ᠰᠠᠯᠠᠭᠠᠨ ᠡᠴᠡ
ᠬᠥᠢᠪ ᠬᠦᠢᠲᠡᠨ ᠤᠰᠤ
ᠬᠥᠪ ᠬᠦᠨᠲᠦ ᠳᠤᠰᠤᠯᠠᠵᠤ ᠪᠠᠶ᠋ᠢᠯ᠎ᠠ ᠡ
1989 ᠂ 8
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠲᠩᠷᠢ ᠡᠵᠢ ᠠᠮᠢᠯᠠᠭᠤᠯᠤᠨ ᠬᠠᠭᠤᠯᠪᠠ
ᠬᠢᠨᠠᠭᠴᠢ ᠄ ᠴᠣᠯᠮᠣᠨᠲᠤᠶᠠᠬ᠋ᠠ
2023᠂ 5 ᠂ 26 ᠪ ᠡᠲᠦᠷ
