ᠪᠠᠭ᠎ᠠ ᠨᠠᠰᠤ - ᠵᠣᠷᠢᠬᠲᠤ Бага нас - Зоригт
ᠪᠠᠭ᠎ᠠ ᠨᠠᠰᠤ
ᠬᠦᠮᠦᠨ ᠳᠦᠷᠦᠯᠬᠢᠳᠠᠨ ᠤ ᠬᠠᠪᠤᠷ
ᠬᠡᠦᠬᠡᠳ ᠤᠨ ᠦᠶ᠎ᠡ ᠭᠤᠶᠤ
ᠭᠦᠰᠡᠯᠡᠩᠳᠤ ᠢᠷᠡᠭᠡᠳᠦᠢ ᠶᠢᠨ ᠡᠵᠡᠨ
ᠬᠡᠦᠬᠡᠳ ᠦᠨ ᠨᠠᠰᠤ ᠰᠠᠢᠬᠠᠨ
ᠳᠯᠭᠡᠷᠡᠬᠦ ᠴᠡᠴᠡᠭ ᠤᠨ ᠪᠠᠳᠠᠷᠠᠯ
ᠳᠡᠭᠵᠢᠷᠡᠬᠦ ᠭᠠᠯ ᠤᠨ ᠬᠦᠭᠵᠢᠯ
ᠳᠡᠭᠡᠭᠰᠢᠯᠡᠬᠦ ᠨᠠᠷᠠᠨ ᠤ ᠮᠠᠨᠳᠤᠯ
ᠳᠡᠯᠡᠰᠬᠦ ᠳᠠᠪᠠᠯᠭᠠᠨ ᠤ ᠤᠶᠠᠩᠭ᠎ᠠ
ᠦᠰᠪᠦᠷᠢ ᠪᠠᠭ᠎ᠠ ᠶᠢᠨ ᠦᠶ᠎ᠡ
ᠦᠩᠭᠡᠳᠤ ᠰᠤᠯᠤᠩᠭᠠᠨ ᠬᠤᠸᠠᠷ
ᠦᠭᠭᠢᠶᠡᠮᠦᠷ ᠴᠠᠢᠯᠭᠠᠨ ᠰᠡᠳᠬᠢᠯ
ᠦᠭᠡᠳᠡᠩ ᠳᠤᠷᠭᠠᠨ ᠨᠠᠮᠢᠷᠠᠭᠠᠨ
ᠰᠢᠵᠢᠷ ᠠᠯᠳᠠᠨ ᠦᠶ᠎ᠡ
ᠰᠢᠮᠳᠡᠨ ᠰᠤᠷᠬᠤ ᠨᠠᠰᠤ
ᠰᠢᠨ᠎ᠡ ᠡᠷᠢᠨ ᠦ ᠬᠡᠦᠬᠡᠳ
ᠰᠢᠨᠵᠢᠯᠡᠬᠦ ᠤᠬᠠᠭᠠᠳᠠᠨ ᠤ ᠬᠤᠢᠴᠢᠰ
2011ᠤᠨ ᠤ 7 ᠰᠠᠷ᠎ᠠ
ᠦᠦᠰᠢᠨ ᠨᠤᠲᠤᠭ ᠤᠨ ᠮᠣᠩᠭᠣᠯ ᠵᠣᠬᠢᠶᠠᠯᠴᠢᠳ ᠤᠨ ᠪᠦᠲᠦᠭᠡᠯ ᠦᠨ ᠳᠡᠭᠡᠵᠢ
< ᠳᠤᠷᠠᠳᠬᠠᠯ ᠤᠨ ᠮᠦᠩᠬᠡ ᠵᠢᠷᠠᠨ > ᠠᠴᠠ ᠬᠠᠭᠤᠯᠪᠠ᠃
ᠦᠰᠦᠭ ᠠᠮᠢᠯᠠᠭᠤᠯᠤᠨ ᠬᠠᠭᠤᠯᠤᠭᠰᠠᠨ ᠨᠢ᠄ ᠠᠭᠲᠠᠴᠢᠨ ᠣᠶᠤᠨᠴᠢᠮᠡᠭ
ᠦᠰᠦᠭ ᠬᠢᠨᠠᠭᠴᠢ ᠄ ᠲᠤᠭᠴᠢ ᠰᠠᠷᠠᠨ᠎ᠠ
2023᠂ 6᠂ 1
