ᠭᠣᠶᠣ - ᠰᠠᠢᠨᠴᠤᠭ᠎ᠠ Гоё - Сайнцогоо
ᠭᠣᠶᠣ
ᠠᠮᠢᠳᠤᠷᠠᠯ ᠪᠣᠯ ᠳᠠᠷᠤᠢ ᠭᠣᠶᠣ ᠰᠠᠢᠬᠠᠨ ᠃ –– ᠴᠸᠷᠨᠢᠱᠸᠪᠰᠻᠧ
ᠨᠢᠭᠡ ᠂ ᠬᠠᠢᠷ᠎ᠠ
ᠲᠠ ᠂ ᠬᠠᠮᠤᠭ ᠤ᠋ᠨ ᠭᠣᠶᠣ ᠰᠠᠢᠬᠠᠨ ᠵᠦᠢᠯ ᠢ᠋ᠶ᠋ᠡᠨ ᠰᠣᠷᠭᠣᠭ ᠴᠡᠴᠡᠭ ᠲᠡᠢ ᠵᠦᠢᠷᠯᠡᠵᠦ ᠪᠠᠢ ᠃
ᠴᠡᠴᠡᠭ ᠶᠡᠷᠦᠨᠢ ᠭᠣᠶᠣ ᠰᠠᠢᠬᠠᠨ ᠶᠤᠮ ᠃
ᠬᠥᠮᠦᠨ ᠪᠦᠬᠦᠨ ᠲᠡᠭᠦᠨ ᠦ᠌ ᠵᠦᠭ ᠬᠠᠯᠠᠭᠤᠨ ᠳᠤᠯᠠᠭᠠᠨ ᠂ ᠡᠶᠡᠯᠳᠡᠭ ᠨᠠᠢᠷᠠᠮᠳᠠᠭᠤ ᠬᠠᠷᠠᠴᠠ ᠪᠠᠨ ᠲᠤᠰᠬᠠᠳᠠᠭ ᠃ ᠭᠡᠲᠡᠯ᠎ᠡ ᠂ ᠡᠳᠡᠭᠡᠷ ᠬᠠᠯᠠᠭᠤᠨ ᠳᠤᠯᠠᠭᠠᠨ ᠂ ᠡᠶᠡᠯᠳᠡᠭ ᠨᠠᠢᠷᠠᠮᠳᠠᠭᠤ ᠨᠢ ᠪᠦᠷ ᠯᠡ ᠥᠪᠡᠷ ᠥᠪᠡᠷ ᠦ᠋ᠨ ᠬᠢᠨᠢ ᠬᠠᠯᠠᠭᠤᠨ ᠳᠤᠯᠠᠭᠠᠨ ᠂ ᠡᠶᠡᠯᠳᠡᠭ ᠨᠠᠢᠷᠠᠮᠳᠠᠭᠤ ᠲᠠᠢ ᠶᠤᠮ ᠃ ᠲᠠ ᠂ ᠲᠡᠳᠡᠭᠡᠷ ᠮᠢᠩᠭ᠎ᠠ ᠲᠦᠮᠡᠨ ᠴᠡᠴᠡᠭ ᠦ᠋ᠨ ᠳᠣᠲᠣᠷ᠎ᠠ ᠠ᠋ᠴᠠ ᠣᠨᠴᠠ ᠨᠢᠭᠡᠨ ᠪᠤᠲᠠ ᠶ᠋ᠢ ᠬᠠᠮᠤᠭ ᠠ᠋ᠴᠠ ᠰᠠᠢᠬᠠᠨ ᠠ᠋ ᠭᠡᠵᠦ ᠣᠨᠴᠠᠯᠠᠨ ᠦᠵᠡᠭᠰᠡᠨ ᠴᠠᠭ ᠲᠤ᠌ ᠂ ᠲᠡᠷᠡ ᠨᠢ ᠴᠢᠨᠦ ᠬᠦᠨᠳᠦᠳᠬᠡᠯ ᠢ᠋ ᠣᠯᠬᠤ ᠪᠠᠷ ᠦᠯᠦ ᠪᠠᠷᠠᠨ ᠪᠤᠰᠤᠳ ᠨᠢ ᠴᠦ᠍ ᠰᠠᠶᠢ ᠴᠢᠨᠦ ᠬᠦᠨᠳᠦᠳᠬᠡᠯ ᠣᠯᠬᠤ ᠶᠤᠮ ᠃
ᠡᠨᠡ ᠦᠶ᠎ᠡ ᠳ᠋ᠦ᠍ ᠲᠠ ᠂ ᠲᠡᠷᠡ ᠬᠦ᠌ ᠬᠠᠮᠤᠭ ᠰᠠᠢᠬᠠᠨ ᠢ᠋ᠶ᠋ᠠᠨ ᠦᠵᠡᠶ᠎ᠡ ᠯᠡ ᠭᠡᠵᠦ ᠪᠣᠳᠣᠨ᠎ᠠ ᠃ᠭᠡᠲᠡᠯ᠎ᠡ ᠬᠠᠷᠠᠭ᠎ᠠ ᠴᠢᠨᠢ ᠬᠠᠯᠲᠤᠷᠢᠭᠠᠨ ᠲᠠᠢ ᠪᠣᠯᠵᠤ ᠬᠤᠯᠠᠭᠠᠢ ᠪᠠᠷ ᠲᠤᠰᠤᠨ᠎ᠠ ᠃ᠮᠥᠨ ᠲᠡᠭᠦᠨ ᠢ᠋ᠶ᠋ᠡᠨ ᠲᠡᠪᠡᠷᠢᠶ᠎ᠡ ᠯᠡ ᠭᠡᠵᠦ ᠰᠠᠨᠠᠨ᠎ᠠ ᠃ ᠭᠡᠲᠡᠯ᠎ᠡ ᠵᠢᠷᠦᠬᠡ ᠴᠢᠨᠢ ᠳᠦᠭᠰᠢᠭᠨᠨ ᠲᠡᠢ ᠪᠣᠯᠵᠤ ᠨᠢᠭᠤᠴᠠ ᠪᠠᠷ ᠯᠤᠭᠰᠢᠨ᠎ᠠ ᠃ ᠮᠥᠨ ᠲᠡᠭᠦᠨ ᠢ᠋ᠶ᠋ᠡᠨ ᠳᠠᠭᠠᠯᠠᠶᠠ ᠯᠠ ᠭᠡᠵᠦ ᠬᠦᠰᠡᠨ᠎ᠡ ᠃ ᠭᠡᠲᠡᠯ᠎ᠡ ᠤᠷᠤᠭᠤᠯ ᠴᠢᠨᠢ ᠴᠡᠴᠡᠷᠬᠡᠨ ᠲᠡᠢ ᠪᠣᠯᠵᠤ ᠵᠣᠷᠢᠭ ᠡᠰᠡ ᠬᠦᠷᠦᠨ᠎ᠡ ᠃
ᠶᠠᠭᠤᠨ ᠳ᠋ᠠᠭᠠᠨ ᠢᠩᠭᠢᠭᠡ ᠪᠣᠢ ᠭᠡᠵᠦ ᠲᠠ ᠴᠤ᠌ ᠥᠪᠡᠷ ᠢ᠋ᠶ᠋ᠡᠨ ᠬᠠᠴᠢᠷᠬᠠᠬᠤ ᠶᠤᠮ ᠃
ᠬᠠᠴᠢᠷᠬᠠᠭᠰᠠᠨ ᠤ᠋ ᠬᠡᠷᠡᠭ ᠶᠠᠭᠤ ᠪᠠᠢᠬᠤ ᠪᠢᠯᠡ ᠃ ᠲᠡᠳᠡᠭᠡᠷ ᠢ᠋ᠶ᠋ᠡᠷ ᠬᠥᠮᠦᠨ ᠲᠥᠷᠥᠯᠬᠢᠲᠡᠨ ᠬᠠᠢᠷ᠎ᠠ ᠪᠠᠨ ᠢᠯᠡᠴᠢᠯᠡᠳᠡᠭ ᠡᠴᠡ ᠯᠡ ᠶᠦ᠍ᠮ ᠃
ᠬᠣᠶᠠᠷ ᠂ ᠳᠤᠷᠠᠯᠠᠯ
ᠵᠣᠷᠢᠯᠭ᠎ᠠ ᠶ᠋ᠢᠨ ᠰᠦᠶ᠎ᠡ ᠴᠤᠬᠤᠢᠯᠭᠠᠭᠰᠠᠨ ᠠᠩᠬᠠᠳᠠᠭᠴᠢ ᠬᠠᠷᠠᠴᠠᠨ ᠳ᠋ᠤ᠌ ᠴᠢᠨᠢ ᠰᠠᠢᠬᠠᠨ ᠪᠠᠢᠭᠰᠠᠨ ᠨᠢ ᠨᠡᠩ ᠰᠠᠢᠬᠠᠨ ᠪᠣᠯᠵᠤ ᠂ ᠰᠠᠨᠠᠭᠠᠨ ᠳ᠋ᠤ᠌ ᠠᠷᠠᠢᠬᠠᠨ ᠨᠡᠢᠴᠡᠮ ᠦᠭᠡᠢ ᠪᠠᠢᠭᠰᠠᠨ ᠨᠢ ᠠᠶᠠᠷᠬᠠᠨ ᠢ᠋ᠶ᠋ᠠᠷ ᠡᠪᠯᠢᠭᠬᠡᠨ ᠵᠣᠬᠢᠴᠠᠩᠭᠤᠢ ᠪᠣᠯᠬᠤ ᠶ᠋ᠢᠨ ᠬᠢᠷᠢ ᠲᠡᠭᠦᠨ ᠡᠴᠡ ᠪᠡᠨ ᠲᠠ ᠬᠣᠯᠠᠳᠠᠨ ᠦᠯᠦ ᠴᠢᠳᠠᠨ᠎ᠠ ᠃
ᠲᠡᠷᠡ ᠬᠦ᠌ ᠳᠦᠷᠢ ᠲᠥᠯᠥᠪ ᠢ᠋ ᠲᠠᠷᠢᠬᠢᠨ ᠠ᠋ᠴᠠ ᠠᠷᠴᠢᠨ ᠪᠠᠯᠠᠯᠵᠤ ᠂ ᠨᠢᠭᠡ ᠬᠣᠶᠠᠷ ᠴᠠᠭ ᠴᠤ᠌ ᠭᠡᠰᠡᠨ ᠬᠥᠨᠳᠡᠢᠬᠡᠨ ᠵᠠᠢᠯᠠᠶ᠎ᠠ ᠭᠡᠵᠦ ᠪᠣᠳᠣᠬᠤ ᠲᠤᠲᠤᠮ ᠲᠡᠷᠡ ᠨᠢ ᠤᠯᠠᠮ ᠯᠠ ᠲᠣᠳᠣᠷᠠᠨ ᠲᠠᠨ ᠤ᠋ ᠰᠠᠷᠠᠯ ᠮᠡᠳᠡᠷᠡᠯ ᠂ ᠣᠶᠤᠨ ᠰᠠᠨᠠᠭ᠎ᠠ ᠶ᠋ᠢ ᠨᠢᠭᠡᠨ ᠬᠢᠵᠠᠭᠠᠷ ᠦᠭᠡᠢ ᠠᠭᠤᠳᠠᠮ ᠲᠡᠨᠢᠭᠡᠷ ᠣᠷᠴᠢᠯᠠᠩ ᠲᠡᠰᠢ ᠬᠥᠲᠥᠯᠦᠨ ᠣᠳᠴᠤ ᠂ ᠴᠢᠮᠠᠶ᠋ᠢ ᠲᠥᠭᠡᠷᠢᠭᠦᠯᠦᠨ ᠰᠣᠭᠲᠣᠭᠤᠷᠠᠭᠤᠯᠬᠤ ᠶᠤᠮ ᠃
ᠡᠢᠮᠦ ᠪᠣᠯᠤᠯ᠎ᠠ ᠯᠠ ᠭᠡᠭᠰᠡᠭᠡᠷ ᠠᠵᠢᠭ ᠰᠡᠵᠢᠭ ᠭᠡᠭᠴᠢ ᠨᠢ ᠴᠢᠮᠠᠶ᠋ᠢ ᠰᠢᠨᠠᠯᠤᠭᠠᠨᠠ᠃ ᠲᠡᠭᠦᠨ ᠦ᠌ ᠴᠢᠨᠢ ᠨᠢᠭᠡ ᠮᠢᠰᠢᠶᠡᠯ ᠂ ᠨᠢᠭᠡ ᠰᠢᠷᠪᠢᠯ ᠨᠢ ᠴᠢᠮ᠎ᠠ ᠳ᠋ᠤ᠌ ᠭᠤᠨᠢᠭ ᠤᠢᠳᠬᠠᠷ ᠤ᠋ᠨ ᠮᠥᠰᠥ ᠵᠠᠯᠭᠢᠭᠤᠯᠵᠤ ᠂ ᠭᠣᠮᠣᠳᠠᠯ ᠬᠣᠷᠣᠰᠤᠯ ᠤ᠋ᠨ ᠴᠠᠬᠢᠯᠭᠠᠨ ᠬᠢᠯᠪᠡᠭᠦᠯᠴᠡᠭᠡᠨᠠ ᠃ ᠮᠥᠨ ᠲᠡᠭᠦᠨ ᠦ᠌ ᠴᠢᠨᠢ ᠨᠢᠭᠡ ᠮᠦᠰᠢᠶᠡᠯ ᠂ ᠨᠢᠭᠡ ᠰᠢᠷᠲᠡᠯ ᠨᠢ ᠴᠢᠮ᠎ᠠ ᠳ᠋ᠤ᠌ ᠪᠠᠶᠠᠷ ᠨᠠᠢᠷ ᠤ᠋ᠨ ᠦᠷ ᠭᠡᠢᠯᠭᠡᠵᠦ ᠂ ᠴᠡᠩᠭᠡᠯ ᠵᠢᠷᠭᠠᠯ ᠤ᠋ᠨ ᠨᠠᠷᠠ ᠮᠠᠨᠳᠤᠭᠤᠯᠴᠢᠬᠠᠨᠠ ᠃
ᠭᠡᠲᠡᠯ᠎ᠡ ᠡᠨᠡ ᠨᠢ ᠪᠡᠶ᠎ᠡ ᠮᠠᠬᠠᠪᠣᠳ ᠤ᠋ᠨ ᠵᠦᠢ ᠶ᠋ᠢᠨ ᠬᠥᠭᠡᠭᠡᠴᠡᠯᠳᠦᠯ ᠪᠢᠰᠢ ᠬᠠᠷᠢᠨ ᠣᠶᠤᠨ ᠰᠠᠨᠠᠭᠠᠨ ᠤ᠋ ᠵᠢᠩᠬᠢᠨᠢ ᠬᠥᠮᠦᠨ ᠦ᠌ ᠬᠦᠰᠡᠯ ᠮᠥᠷᠥᠭᠡᠳᠦᠯ ᠮᠥᠨ ᠲᠤᠯᠠ ᠡᠭᠡᠯ ᠵᠢᠷ ᠦ᠋ᠨ ᠮᠥᠷᠲᠡᠭᠡᠨ ᠡᠷᠬᠢᠮ ᠳᠡᠭᠡᠳᠦ ᠶᠦ᠍ᠮ᠃
ᠭᠤᠷᠪᠠ ᠂ ᠢᠨᠠᠭ
ᠲᠠ ᠴᠢᠨᠢ ᠶᠣᠰᠣᠲᠠᠢ ᠯᠠ ᠨᠢᠭᠡᠨ ᠠᠪᠤᠷᠭᠤ ᠤᠰᠤᠴᠢᠨ ᠪᠠᠢᠵᠢ ᠳᠠ ᠂ ᠰᠣᠯᠣᠩᠭᠠᠨ ᠭᠣᠭᠴᠣᠭ᠎ᠠ ᠪᠠᠷ ᠦᠰᠦᠷᠦᠯᠲᠡ ᠶ᠋ᠢᠨ ᠬᠠᠪᠲᠠᠰᠤ ᠪᠣᠯᠭᠠᠨ ᠂ ᠠᠮᠢᠳᠤᠷᠠᠯ ᠤ᠋ᠨ ᠳᠠᠯᠠᠢ ᠳ᠋ᠤ᠌ ᠬᠠᠳᠬᠤᠨ ᠱᠤᠩᠭᠤᠵᠤ ᠂ ᠤᠮᠪᠠᠨ ᠱᠤᠮᠪᠠᠭᠰᠠᠭᠠᠷ ᠁ ᠲᠠ ᠴᠢᠨᠢ ᠶᠣᠰᠣᠲᠠᠢ ᠯᠠ ᠨᠢᠭᠡᠨ ᠬᠤᠷᠴᠠ ᠵᠡᠪᠡ ᠪᠠᠢᠵᠢ ᠳᠠ ᠃ ᠬᠦᠰᠡᠯᠡᠩ ᠦ᠋ᠨ ᠰᠠᠴᠤᠷᠬᠠᠭ ᠢ᠋ᠶ᠋ᠠᠷ ᠲᠡᠢᠷᠦᠯᠲᠡ ᠶ᠋ᠢᠨ ᠬᠥᠪᠴᠢ ᠪᠣᠯᠭᠠᠨ ᠂ ᠨᠢᠰᠦᠯᠲᠡ ᠶ᠋ᠢᠨ ᠱᠤᠭᠤᠮ ᠢ᠋ᠶ᠋ᠠᠷ ᠢ᠋ᠶ᠋ᠠᠨ ᠰᠤᠮᠤᠳᠠᠨ ᠬᠠᠯᠢᠵᠤ ᠂ ᠱᠤᠳᠤᠷᠤᠨ ᠰᠢᠪᠲᠤᠯᠤᠭᠰᠠᠭᠠᠷ ᠁
–– ᠲᠡᠢᠮᠦ ᠤᠤ? ᠴᠠᠭ ᠪᠠ ᠬᠥᠯᠥᠰᠥ ᠨᠢ ᠤᠷᠮ᠎ᠠ ᠪᠠᠬ᠎ᠠ ᠂ ᠡᠮᠬᠢ ᠵᠢᠷᠤᠮ ᠂ ᠲᠥᠰᠥᠪ ᠲᠥᠯᠥᠪ ᠂ ᠠᠬᠢᠴᠠ ᠠᠮᠵᠢᠯᠲᠠ ᠶ᠋ᠢᠨ ᠳᠣᠲᠣᠷ᠎ᠠ ᠠᠭᠤᠰᠤᠨ ᠰᠢᠩᠭᠡᠭᠡᠬᠦ ᠲᠠᠢ ᠯᠠ ᠵᠡᠷᠭᠡ ᠠᠵᠢᠯ ᠪᠠ ᠲᠡᠮᠡᠴᠡᠯ ᠨᠢ ᠬᠠᠷᠢᠨ ᠳᠠᠩᠴᠢ ᠳᠠᠭᠤᠤ ᠂ ᠪᠠᠯ ᠂ ᠵᠤᠭᠠᠴᠠᠯ ᠪᠣᠯᠴᠢᠬᠠᠳᠠᠭ ᠢ᠋ ᠬᠣᠵᠢᠮ ᠨᠢ ᠯᠡ ᠰᠠᠶᠢ ᠮᠡᠳᠡᠬᠦ ᠰᠢᠦ ᠃
––《 ᠤᠰᠤ ᠡᠬᠢ ᠲᠡᠢ ᠂ ᠤᠳᠠ ᠦᠨᠳᠦᠰᠦ ᠲᠡᠢ 》 ᠭᠡᠳᠡᠭᠴᠢᠯᠡᠨ ᠲᠡᠭᠦᠨ ᠦ᠌ ᠴᠢᠨᠢ ᠡᠨᠧᠷᠭᠢ ᠨᠢ ᠶᠠᠭᠤ ᠪᠣᠯᠤᠭ᠎ᠠ ᠪᠣᠢ?
–– ᠠ ᠂ ᠲᠡᠷᠡ ᠤᠤ? ᠳ᠋ᠠᠩ ᠴᠤᠯᠭᠤᠢ ᠴᠤ᠌ ᠪᠢᠰᠢ ᠃ ᠭᠡᠲᠡᠯ᠎ᠡ ᠪᠤᠰᠤᠳ ᠠ᠋ᠴᠠ ᠡᠶᠡᠲᠡᠢᠬᠡᠨ ᠨᠢ ᠶᠠᠭᠠᠷᠠᠯ ᠲᠠᠢ ᠲᠡᠰᠪᠦᠷᠢᠯᠡᠯ ᠂ ᠵᠢᠷᠭᠠᠯ ᠲᠠᠢ ᠰᠠᠨᠠᠭᠠᠯᠵᠠᠯᠠᠯ ᠬᠦᠯᠢᠶᠡᠨ ᠪᠠᠢᠬ᠎ᠠ ᠁
–– ᠲᠡᠭᠡᠪᠡᠯ ᠂ ᠲᠡᠷᠡ ᠬᠦᠰᠡᠯ ᠢ᠋ᠶ᠋ᠡᠷ ᠮᠤᠰᠬᠢᠭᠳᠠᠭᠰᠠᠨ ᠴᠠᠭ ᠴᠢᠨᠢ ᠬᠡᠳᠦᠢᠨ ᠡᠴᠡ ᠡᠬᠢᠯᠡᠨ ᠴᠣᠬᠢᠯᠤᠭᠰᠠᠨ ᠶᠤᠮ?
–– ᠫᠤᠤ ᠶ᠋ᠢᠨ ᠠᠮᠠ ᠬᠠᠷᠠᠯᠠᠨ ᠣᠩᠭᠣᠢᠵᠤ ᠂ ᠭᠠᠪ ᠤ᠋ᠨ ᠠᠷᠠᠭ᠎ᠠ ᠬᠠᠪᠢᠷᠤᠨ ᠲᠠᠴᠢᠭᠢᠨᠠᠭᠰᠠᠨ ᠲᠡᠷᠡ ᠭᠱᠠᠨ ᠳ᠋ᠤ᠌ ᠂ ᠭᠠᠷ ᠲᠤ᠌ ᠮᠢᠨᠢ ᠵᠢᠭᠠᠷ ᠤ᠋ᠨ ᠢ᠋ᠶ᠋ᠠᠨ ᠦᠨᠦᠷ ᠢ᠋ ᠠᠩᠬ᠎ᠠ ᠰᠢᠩᠭᠡᠬᠡᠨ ᠂ ᠬᠠᠴᠠᠷ ᠲᠤ᠌ ᠮᠢᠨᠢ ᠡᠩᠰᠡᠭᠡ ᠶ᠋ᠢᠨ ᠥᠩᠭᠡ ᠪᠡᠨ ᠲᠦᠷᠦᠭᠦᠦ ᠨᠡᠪᠴᠢᠭᠦᠯᠦᠭᠰᠡᠨ ᠡᠴᠡ ᠃
