ᠡᠬᠡ ᠪᠠᠯᠭᠠᠷ ᠤ᠋ᠨ ᠦᠭᠡ - ᠰᠠᠢᠨᠴᠤᠭ᠎ᠠ Эх балгарын үг - Сайнцогоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ ᠪᠠᠯᠭᠠᠷ ᠤ᠋ᠨ ᠦᠭᠡ - ᠰᠠᠢᠨᠴᠤᠭ᠎ᠠ Эх балгарын үг - Сайнцогоо

ᠡᠬᠡ ᠪᠠᠯᠭᠠᠷ ᠤ᠋ᠨ ᠦᠭᠡ - ᠰᠠᠢᠨᠴᠤᠭ᠎ᠠ Эх балгарын үг - Сайнцогоо

2023-05-31

318

ᠡᠬᠡ ᠪᠠᠯᠭᠠᠷ ᠤ᠋ᠨ ᠦᠭᠡ


       ᠪᠢ ᠨᠡᠷ᠎ᠡ ᠳ᠋ᠡᠭᠡᠨ ᠬᠠᠢᠷᠠᠲᠠᠢ ᠃ ᠮᠢᠨᠦ ᠨᠡᠷ᠎ᠡ ᠶ᠋ᠢ ᠬᠡᠦᠬᠡᠳ ᠦ᠋ᠳ ᠮᠢᠨᠢ ᠦᠭᠭᠦᠭᠰᠡᠨ ᠃  
     《 ᠪᠠᠯᠭᠠᠷ — ᠪᠠᠯᠭᠠᠷ — ᠪᠠᠯ — ᠭᠠᠷ ᠂ ᠪᠠᠯ ᠭᠠᠷ 》 ᠪᠢ ᠲᠡᠭᠦᠨ ᠦ᠌ ᠡᠷᠬᠢᠮ ᠨᠠᠨᠳᠢᠨ ᠢ᠋ ᠮᠡᠳᠡᠨ᠎ᠡ ᠃ 
      ᠪᠠᠯ ᠢ᠋ ᠪᠦᠷ ᠴᠦ᠍ ᠠᠮᠲᠠᠯᠠᠭᠠᠳᠤᠢ ᠬᠥᠮᠦᠨ ᠳ᠋ᠦ᠍ ᠪᠠᠯ ᠨᠢ ᠲᠠᠰᠤ ᠣᠢᠯᠠᠭᠠᠭᠳᠠᠰᠢ ᠦᠭᠡᠢ ᠡᠳ᠋ ᠰᠢᠭ ᠪᠠᠢᠳᠠᠭ ᠪᠣᠯ ᠂ ᠡᠳᠦᠷᠵᠢᠨ ᠪᠠᠯ ᠢ᠋ᠶ᠋ᠠᠷ ᠭᠦᠵᠡᠭᠡ ᠪᠡᠨ  ᠶᠠᠳᠠᠭᠴᠢᠳ ᠲᠤ᠌ ᠪᠠᠯ ᠨᠢ ᠱᠠᠩᠳᠠᠭᠤᠨ ᠨᠣᠵᠣᠭᠣᠨ ᠪᠠᠵᠠᠭᠠᠬᠤ ᠦᠭᠡᠢ ᠶᠠᠭᠤᠮ᠎ᠠ ᠪᠠᠢᠭ᠎ᠠ ᠳ᠋ᠠᠭ ᠃ ᠡᠢᠮᠦ ᠡᠴᠡ ᠲᠡᠳᠡ ᠬᠡᠷᠬᠢᠨ 《 ᠪᠠᠯ ᠭᠠᠷ 》 ᠭᠡᠰᠡᠨ ᠨᠡᠷ᠎ᠡ ᠶ᠋ᠢ ᠣᠢᠯᠠᠭᠠᠬᠤ ᠪᠢᠯᠡ ᠃ ᠪᠠᠯ ᠤ᠋ᠨ ᠠᠮᠲᠠ ᠪᠠ ᠰᠢᠮ᠎ᠡ ᠶ᠋ᠢ ᠵᠥᠪᠬᠡᠨ ᠲᠡᠳᠡᠭᠡᠷ ᠂ ᠲᠡᠭᠦᠨ ᠢ᠋ ᠮᠣᠬᠣᠰᠢ ᠦᠭᠡᠢ ᠬᠥᠳᠡᠯᠮᠦᠷᠢ ᠪᠡᠷ ᠢ᠋ᠶ᠋ᠡᠨ ᠦᠢᠯᠡᠳᠦᠨ ᠪᠣᠯᠪᠠᠰᠤᠷᠠᠭᠤᠯᠤᠭᠰᠠᠨ ᠥᠴᠦᠬᠡᠨ ᠠᠮᠢᠲᠠᠨ — ᠠᠵᠢᠯᠴᠢ ᠵᠥᠭᠡᠢ ᠯᠡ ᠮᠡᠳᠡᠬᠦ ᠲᠡᠢ ᠠᠳᠠᠯᠢ ᠪᠠᠯᠭᠠᠷ ᠭᠡᠰᠡᠨ ᠨᠡᠷ᠎ᠡ ᠶ᠋ᠢᠨ ᠤᠴᠢᠷ ᠤᠳᠬ᠎ᠠ ᠶ᠋ᠢ ᠵᠥᠪᠬᠡᠨ ᠲᠡᠭᠦᠨ ᠢ᠋ᠶ᠋ᠡᠷ ᠲᠠᠩᠰᠤᠭ ᠵᠢᠷᠭᠠᠯ ᠤ᠋ᠨ ᠵᠦᠢᠷᠯᠡᠯ ᠪᠣᠯᠭᠠᠭᠰᠠᠳ ᠯᠠ ᠰᠠᠶᠢ ᠣᠢᠯᠠᠭᠠᠬᠤ ᠶᠤᠮ ᠃  
     ᠪᠠᠯ ᠭᠠᠷ — ᠲᠡᠳᠡ ᠮᠠᠨᠢ ᠵᠢᠷᠦᠬᠡᠨ ᠳ᠋ᠦ᠍ ᠨᠡᠪᠲᠡᠷᠡᠮ᠎ᠡ ᠠᠮᠢᠳᠤᠷᠠᠯ ᠤ᠋ᠨ ᠰᠡᠪᠡᠭᠦᠨ ᠢ᠋ ᠦᠨᠦᠰᠦᠮᠡᠭᠴᠡ ᠪᠡᠨ ᠂ ᠵᠥᠩᠨᠡᠯ ᠳ᠋ᠦ᠍ ᠳᠤᠷᠠᠰᠤᠭᠳᠠᠮ᠎ᠠ ᠵᠢᠷᠭᠠᠯ ᠤ᠋ᠨ ᠳᠡᠭᠡᠵᠢ ᠶ᠋ᠢ ᠲᠠᠮᠰᠢᠶᠠᠯᠠᠮᠠᠭᠴᠠ ᠪᠠᠨ ᠵᠣᠪᠠᠯᠠᠩ ᠤ᠋ᠨ ᠰᠥᠰᠥ ᠶ᠋ᠢ ᠳᠣᠯᠢᠶᠠᠵᠤ ᠂ ᠭᠤᠨᠢᠭ ᠤ᠋ᠨ ᠭᠠᠰᠢᠭᠤᠨ ᠢ᠋ ᠠᠮᠰᠠᠭᠰᠠᠨ ᠠ᠋ᠴᠠ ᠪᠠᠯ ᠢ᠋ ᠮᠥᠷᠥᠭᠡᠳᠬᠦ ᠨᠢ ᠵᠦᠢ ᠃ 
     ᠲᠡᠳᠡ ᠮᠢᠨᠢ ᠂ 《 ᠪᠠᠯ ᠭᠠᠷᠭ᠎ᠠ! 》 ᠭᠡᠵᠦ ᠨᠠᠳᠠ ᠱᠠᠭᠠᠷᠳᠠᠭ᠎ᠠ ᠦᠭᠡᠢ 《 ᠪᠠᠯ ᠭᠠᠷᠤᠭᠠᠰᠠᠢ 》 ᠭᠡᠵᠦ ᠠᠯᠮᠠᠢᠷᠠᠨ ᠬᠦᠯᠢᠶᠡᠭᠰᠡᠨ ᠴᠦ᠍ ᠦᠭᠡᠢ ᠃ ᠬᠠᠷᠢᠨ ᠥᠪᠡᠷᠰᠡᠳ ᠦ᠋ᠨ ᠢ᠋ᠶ᠋ᠡᠨ ᠬᠠᠯᠠᠭᠤᠨ ᠬᠥᠳᠡᠯᠮᠦᠷᠢ ᠂ ᠴᠤᠴᠠᠨ ᠨᠢᠴᠤᠰᠢ ᠦᠭᠡᠢ ᠴᠣᠭᠲᠤ ᠲᠡᠮᠡᠴᠡᠯ ᠢ᠋ᠶ᠋ᠡᠷ ᠢ᠋ᠶ᠋ᠡᠨ ᠬᠥᠮᠦᠨ ᠲᠥᠷᠥᠯᠬᠢᠲᠡᠨ ᠦ᠌ ᠠᠮᠢᠳᠤᠷᠠᠯ ᠤ᠋ᠨ ᠪᠠᠯ ᠢ᠋ ᠰᠣᠯᠢᠨ ᠠᠪᠴᠢᠷᠠᠬᠤ ᠪᠠᠷ ᠵᠣᠷᠢᠭ ᠰᠢᠭᠤᠳᠴᠤ ᠂ ᠵᠣᠷᠢᠭᠯᠠᠨ ᠮᠡᠷᠡᠢᠭᠡᠳ ᠂ ᠲᠡᠭᠦᠨ ᠢ᠋ᠶ᠋ᠡᠨ ᠳᠤᠨᠳᠠᠭᠤᠷ ᠪᠣᠯᠪᠠᠴᠤ ᠳᠠᠭᠤᠰᠤᠰᠢ ᠦᠭᠡᠢ ᠮᠢᠨᠦ ᠣᠨᠳᠣᠷᠣᠯ ᠰᠢᠭ᠋ ᠂ ᠲᠠᠰᠤᠷᠠᠳᠠᠭ ᠪᠣᠯᠪᠠᠴᠤ ᠲᠠᠮᠳᠣᠷᠢᠳᠠᠭ ᠦᠭᠡᠢ ᠮᠢᠨᠦ ᠤᠷᠤᠰᠬᠠᠯ ᠰᠢᠭ᠋ ᠪᠠᠢᠯᠭᠠᠬᠤ ᠶ᠋ᠢ ᠯᠡ ᠰᠡᠳᠬᠢᠪᠡ ᠃ 
      ᠮᠢᠨᠦ ᠤᠰᠤᠨ ᠳ᠋ᠤ᠌ ᠲᠡᠳᠡᠨ ᠦ᠌ ᠴᠢᠰᠤ ᠨᠠᠢᠷᠠᠭᠳᠠᠨ ᠬᠤᠳᠬᠤᠭᠳᠠᠵᠤ ᠪᠠᠢᠳᠠᠭ ᠠ᠋ᠴᠠ ᠲᠡᠳᠡᠨ ᠦ᠌ ᠪᠣᠳᠣᠬᠤ ᠶ᠋ᠢ ᠪᠢ ᠪᠣᠳᠣᠬᠤ ᠦᠭᠡᠢ ᠬᠡᠨ ᠪᠣᠳᠣᠬᠤ ᠪᠣᠢ ! ᠪᠣᠯᠳᠠᠭ ᠰᠠᠨ ᠪᠣᠯ ᠮᠥᠩᠭᠥᠨ ᠳᠠᠪᠠᠯᠭᠠᠨ ᠤ᠋ ᠪᠠᠨ ᠪᠤᠴᠠᠯᠤᠮ᠎ᠠ ᠣᠢᠯᠤᠯᠲᠠ ᠪᠠᠷ ᠠᠭᠠᠷ ᠢ᠋ ᠪᠦᠷᠬᠦᠭᠰᠡᠨ ᠦᠨᠡᠭᠡᠨ ᠬᠠᠷᠠᠩᠭᠤᠢ ᠶ᠋ᠢᠨ ᠴᠠᠷᠴᠠᠮᠠᠯ ᠢ᠋ ᠬᠠᠢᠯᠤᠭᠤᠯᠵᠤ ᠂ ᠡᠩᠬᠡ ᠵᠢᠷᠭᠠᠯ ᠤ᠋ᠨ ᠪᠠᠯ ᠢ᠋ ᠮᠥᠷᠡᠨ ᠰᠢᠭ ᠤᠷᠤᠰᠬᠠᠨ᠎ᠠ ᠃ ᠴᠢᠳᠠᠳᠠᠭ ᠰᠠᠨ ᠪᠣᠯ ᠮᠥᠯᠰᠥᠨ ᠰᠥᠩ ᠦ᠋ᠨ ᠨᠢᠴᠤᠯᠤᠮ᠎ᠡ ᠲᠡᠯᠡᠭᠡᠨ ᠢ᠋ᠶ᠋ᠡᠷ ᠢ᠋ᠶ᠋ᠡᠨ ᠠᠲᠠᠷ ᠢ᠋ ᠪᠦᠲᠡᠭᠡᠭᠰᠡᠨ ᠦᠭᠡᠢᠷᠡᠯ ᠶᠠᠳᠠᠭᠤᠷᠠᠯ ᠤ᠋ᠨ ᠴᠢᠯᠠᠭᠤᠵᠢᠮᠠᠯ ᠢ᠋  ᠪᠠᠯᠪᠠᠴᠠᠵᠤ᠂ ᠡᠰᠡᠨᠢᠯ ᠬᠥᠭᠵᠢᠯ ᠦ᠋ᠨ ᠪᠠᠯ ᠢ᠋ ᠳᠠᠯᠠᠢ ᠰᠢᠭ᠋ ᠨᠡᠯᠦᠢᠯᠭᠡᠨ᠎ᠡ᠃ 
      ᠭᠡᠲᠡᠯ᠎ᠡ ᠪᠢ ᠴᠢᠨᠢ ᠁ 
      ᠬᠥᠮᠦᠨ ᠦ᠌ ᠣᠷᠴᠢᠯᠠᠩ ᠠ᠋ᠴᠠ ᠠᠮᠢᠳᠤᠷᠠᠯ ᠤ᠋ᠨ ᠪᠠᠯ ᠢ᠋ ᠶᠠᠭᠠᠬᠢᠪᠠᠯ ᠣᠯᠳᠠᠭ ᠶᠤᠮ ᠳᠠ ?