ᠳᠤᠷᠠᠳᠬᠠᠯ ᠤᠨ ᠵᠥᠷᠢᠭ - ᠲ ᠂ ᠭᠣᠮᠪᠣᠵᠠᠪ Дуртгалын зөрөг - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠤᠷᠠᠳᠬᠠᠯ ᠤᠨ ᠵᠥᠷᠢᠭ - ᠲ ᠂ ᠭᠣᠮᠪᠣᠵᠠᠪ Дуртгалын зөрөг - Т ᠂ Гомбожав

ᠳᠤᠷᠠᠳᠬᠠᠯ ᠤᠨ ᠵᠥᠷᠢᠭ - ᠲ ᠂ ᠭᠣᠮᠪᠣᠵᠠᠪ Дуртгалын зөрөг - Т ᠂ Гомбожав

2023-05-31

281

ᠳᠤᠷᠠᠳᠬᠠᠯ ᠤᠨ ᠵᠥᠷᠢᠭ


 ᠦᠵᠡᠭᠳᠡᠬᠦ ᠦᠭᠡᠢ ᠵᠥᠷᠢᠭ 
 ᠦᠷᠭᠦᠯᠵᠢ 
 ᠥᠴᠥᠭᠡᠳᠦᠷ ᠤᠷᠤᠭᠤ ᠨᠠᠮᠠᠢ᠍ᠢ ᠳᠠᠯᠠᠯᠵᠤ ᠰᠤᠨᠤᠯᠵᠠᠨ᠎ᠠ ᠪᠢᠯᠡ 

 ᠳᠤᠷᠠᠰᠬᠤ ᠤᠴᠢᠷ ᠲᠠᠢ ᠵᠡᠭᠦᠳᠦ ᠪᠥᠬᠥᠨ 
 ᠳᠤᠷᠠᠳᠠᠢ ᠦᠩᠭᠡ ᠪᠡᠷ ‍ᠢᠶ᠋ᠠᠨ ᠮᠢᠷᠠᠯᠵᠠᠵᠤ 
 ᠳᠠᠭᠤᠯᠠᠭᠠᠳ ᠪᠠᠶ᠋ᠢᠮᠠᠷ ᠤᠯᠠᠨ ᠮᠢᠩᠭᠠᠨ ᠠᠮᠠᠷᠠᠭ ᠡᠳᠦᠷ ᠦᠳ 
 ᠳᠤᠭᠤᠶ᠋ᠢᠬᠠᠨ ᠲᠦᠮᠡᠨ ᠰᠢᠪᠠᠨᠡᠭᠡ ᠲᠠᠢ ᠴᠡᠯᠭᠡᠷᠡᠨ ᠰᠢᠭᠦᠷᠯᠡᠵᠤ ᠵᠣᠭᠰᠣᠨ᠎ᠠ ᠪᠢᠯᠡ 

 ᠠᠯᠢᠶᠠᠬᠠᠨ ᠡᠷᠪᠡᠬᠡᠶ᠋ᠢᠰ ᠮᠥᠴᠢᠷ ᠳᠠᠮᠵᠢᠨ 
 ᠠᠯᠢ ᠤᠯᠠᠨ ᠪᠣᠳᠣᠯ ᠳᠡᠷᠪᠡᠭᠦᠯᠵᠤ  
 ᠠᠶ᠋ᠢᠯ ‍ᠤᠨ ᠨᠣᠬᠠᠳ ᠤᠨ ᠬᠤᠴᠠᠬᠤ ᠴᠢᠮᠡᠭᠡ ᠴᠤ᠌ 
 ᠠᠯᠤᠰᠬᠠᠨ ᠴᠤᠤᠷᠢᠶ᠎ᠠ ᠲᠠᠢ ᠮᠦᠩᠭᠡᠷᠡᠵᠤ 
 ᠠᠯᠢᠪᠠ ᠪᠥᠬᠥᠨ ᠮᠢᠨᠢ ᠡᠨᠡ ᠵᠥᠷᠢᠭ ᠢ ᠳᠠᠭᠠᠨ 
 ᠠᠷᠢᠭᠤᠰᠠᠨ ᠤᠶᠠᠩᠭᠠᠰᠢᠵᠤ ᠱᠤᠤᠭᠢᠨ᠎ᠠ ᠪᠢᠯᠡ 

 ᠡᠬᠡ ᠳ᠋ᠡᠭᠡᠨ ᠲᠡᠮᠡᠦᠯᠦᠭᠰᠡᠨ ᠲᠣᠭᠣᠯ 
 ᠡᠨᠡᠭᠦᠷ ᠬᠡᠵᠢᠶᠡᠳᠡ ᠵᠥᠭᠡᠯᠡᠬᠡᠨ ᠮᠦᠭᠡᠷᠡᠵᠤ 
 ᠨᠣᠭᠲᠣ ᠪᠠᠨ ᠴᠢᠷᠦᠭᠰᠡᠨ ᠮᠣᠷᠢᠨ ᠤ ᠮᠥᠷ 
 ᠨᠣᠮᠣᠬᠠᠨ ᠬᠢᠯᠠᠰᠤᠨ 
 ᠬᠡᠵᠢᠶ᠎ᠡ ᠴᠤ᠌ ᠲᠡᠷᠭᠡᠯ ᠰᠠᠷᠠᠨ ᠤ ᠭᠡᠷᠡᠯ ᠬᠬᠢᠷ ᠪᠥᠬᠥᠨ ᠢ ᠤᠬᠢᠶᠠᠩᠬᠠᠨ 
 ᠡᠨᠡ ᠬᠡᠰᠡᠭ ᠲᠡᠭᠷᠢ ᠡᠴᠡ 
 ᠡᠶᠡᠯᠰᠡᠭ ᠠᠰᠬᠠᠷᠠᠵᠤ ᠪᠠᠭᠤᠨ᠎ᠠ ᠪᠢᠯᠡ 

 ᠦᠷᠭᠦᠯᠵᠢ 
 ᠥᠴᠥᠭᠡᠳᠦᠷ ᠤᠷᠤᠭᠤ ᠨᠠᠮᠠᠢ᠍ᠢ ᠳᠠᠯᠠᠯᠬᠤ  
 ᠦᠵᠡᠭᠳᠡᠬᠦ ᠦᠭᠡᠢ ᠵᠥᠷᠢᠭ ᠤᠷᠤᠭᠤ ᠪᠠᠨ 
 ᠡᠳᠦᠷ ᠪᠣᠯᠭᠠᠨ ᠪᠢ ᠳᠤᠪ ᠳᠤᠭᠤᠶ᠋ᠢᠬᠠᠨ ᠮᠡᠯᠮᠡᠯᠵᠡᠳᠡᠭ ᠪᠢᠯᠡ            
                               1989.7

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

    ᠦᠰᠦᠭ ᠠᠮᠢᠯᠠᠭᠤᠯᠤᠭᠴᠢ ᠄  ᠴᠣᠯᠮᠣᠨᠲᠤᠶᠠᠬ᠋᠎ᠠ 
        ᠬᠢᠨᠠᠭᠴᠢ ᠄  ᠲᠤᠭᠴᠢ ᠰᠠᠷᠠᠨ᠎ᠠ
               2023᠂ 5 ᠂  26 ᠪ ᠡᠲᠦᠷ