3-43-44ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠰᠬᠢᠨᠠᠭ ᠤ᠋ᠨ ᠭᠦᠪᠳᠦᠷᠦᠦ ᠶ᠋ᠢ ᠵᠠᠰᠠᠬᠤ᠂ ᠬᠠᠷᠰᠢᠯᠠᠯᠳᠤ ᠲᠣᠪᠴᠢᠶ᠎ᠠ ᠠᠭᠤᠯᠠ ᠲᠠᠯ᠎ᠠ ᠶ᠋ᠢᠨ ᠵᠠᠪᠰᠠᠷ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-43-44ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠰᠬᠢᠨᠠᠭ ᠤ᠋ᠨ ᠭᠦᠪᠳᠦᠷᠦᠦ ᠶ᠋ᠢ ᠵᠠᠰᠠᠬᠤ᠂ ᠬᠠᠷᠰᠢᠯᠠᠯᠳᠤ ᠲᠣᠪᠴᠢᠶ᠎ᠠ ᠠᠭᠤᠯᠠ ᠲᠠᠯ᠎ᠠ ᠶ᠋ᠢᠨ ᠵᠠᠪᠰᠠᠷ

3-43-44ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠰᠬᠢᠨᠠᠭ ᠤ᠋ᠨ ᠭᠦᠪᠳᠦᠷᠦᠦ ᠶ᠋ᠢ ᠵᠠᠰᠠᠬᠤ᠂ ᠬᠠᠷᠰᠢᠯᠠᠯᠳᠤ ᠲᠣᠪᠴᠢᠶ᠎ᠠ ᠠᠭᠤᠯᠠ ᠲᠠᠯ᠎ᠠ ᠶ᠋ᠢᠨ ᠵᠠᠪᠰᠠᠷ

ᠠᠩᠭᠢᠯᠠᠯ:ᠡᠷᠡᠭᠦᠯ ᠡᠩᠬᠡ
2023-05-31

288

ᠳᠥᠴᠢᠨ ᠭᠤᠷᠪᠠ᠂ ᠬᠣᠰᠬᠢᠨᠠᠭ ᠤ᠋ᠨ ᠭᠦᠪᠳᠦᠷᠦᠦ ᠶ᠋ᠢ ᠵᠠᠰᠠᠬᠤ

  ᠬᠣᠰᠬᠢᠨᠠᠭ ᠤ᠋ᠨ ᠭᠦᠪᠳᠦᠷᠦᠦ ᠡᠪᠡᠳᠴᠢᠨ ᠪᠣᠯ ᠤᠷᠤᠭᠤ ᠠᠷᠢᠯᠭᠠᠭᠴᠢ ᠬᠡᠢ ᠬᠢᠮᠤᠷᠠᠭᠰᠠᠨ ᠠ᠋ᠴᠠ ᠪᠣᠯᠤᠮᠤᠢ᠃ ᠬᠣᠰᠬᠢᠨᠠᠭ ᠲᠤ᠌ ᠭᠦᠪᠳᠦᠷᠦᠦ ᠳᠦᠭᠦᠷᠬᠦ ᠪᠥᠭᠡᠳ ᠬᠠᠳᠬᠤᠯᠠᠵᠤ ᠴᠢᠰᠤ ᠬᠢᠭᠡᠳ ᠰᠢᠷ᠎ᠠ ᠤᠰᠤ ᠴᠤᠪᠤᠷᠠᠬᠤ ᠳ᠋ᠤ᠌ ᠭᠠᠳᠠᠷ ᠳᠣᠲᠣᠷ ᠬᠣᠶᠠᠷ ᠪᠣᠢ ᠪᠥᠭᠡᠳ ᠭᠠᠳᠠᠷ ᠲᠤ᠌ ᠪᠦᠯᠲᠦᠬ᠂ ᠳᠠᠪᠤᠰᠤ ᠶ᠋ᠢ ᠪᠤᠴᠠᠯᠭᠠᠵᠤ ᠠᠭᠤᠷᠲᠠᠭᠤᠯᠵᠤ ᠤᠬᠢᠶᠠᠨ᠎ᠠ᠃ ᠳᠣᠲᠣᠷ ᠠ᠋ᠴᠠ ᠭᠠᠷᠤᠳᠢ —5 ᠶ᠋ᠢ ᠰᠢᠲᠦᠭᠦᠯ᠃ ᠳᠠᠬᠢᠨ ᠳᠠᠬᠢᠨ ᠤᠬᠢᠶᠠᠪᠠᠰᠤ ᠮᠠᠭᠠᠳ ᠡᠳᠡᠭᠡᠷᠡᠬᠦ ᠪᠣᠯᠠᠢ᠃ ᠳᠣᠲᠣᠷᠠᠬᠢ ᠨᠢ ᠡᠳᠡᠭᠡᠷᠡᠬᠦᠶ᠎ᠡ ᠪᠡᠷᠬᠡ᠃ ᠵᠢᠳᠠᠩᠭ᠎ᠠ᠂ ᠪᠢᠪᠢᠯᠢᠩ᠂ ᠶᠦᠩᠸ᠋᠎ᠠ᠂ ᠪᠦᠯᠲᠤᠬ᠂ ᠳᠠᠪᠤᠰᠤ ᠶ᠋ᠢ ᠨᠠᠶ᠋ᠢᠷᠠᠭᠤᠯᠵᠤ᠂ ᠬᠠᠭᠤᠴᠢᠨ ᠲᠣᠰᠣᠨ ᠳ᠋ᠤ᠌ ᠵᠢᠭᠤᠷᠠᠭᠠᠳ ᠬᠣᠰᠬᠢᠨᠠᠭ ᠲᠤᠨᠢ ᠳᠠᠬᠢᠨ ᠳᠠᠬᠢᠨ ᠳᠡᠯᠪᠢ᠃ ᠴᠠᠭᠠᠨ ᠠᠮᠲᠠᠯᠢᠭ ᠢᠳᠡᠭᠡᠨ ᠊ᠢ ᠲᠡᠪᠴᠢ᠃ ᠭᠠᠷᠤᠳᠢ —5 ᠶ᠋ᠢ ᠲᠡᠮᠦᠷ ᠦ᠋ᠨ ᠱᠥᠯᠥ ᠪᠡᠷ ᠳᠠᠷᠤᠭᠤᠯ᠃ ᠢᠳᠡᠭᠡᠨ ᠪᠦᠬᠦᠨ ᠳ᠋ᠦ᠍ ᠽᠢᠳᠷᠠᠭ᠎ᠠ ᠶ᠋ᠢ ᠢᠳᠡᠭᠦᠯᠪᠡᠰᠦ ᠲᠤᠰᠠᠯᠠᠮᠤᠢ᠃ ᠮᠣᠷᠢ ᠤᠨᠤᠬᠤ ᠪᠠ ᠲᠠᠴᠢᠶᠠᠯᠳᠤᠬᠤ᠂ ᠬᠦᠭᠵᠢᠮ ᠦ᠋ᠨ ᠡᠲᠯᠡᠯ ᠊ᠢ ᠦᠯᠢᠶᠡᠪᠡᠰᠦ ᠮᠠᠭᠤ᠃ ᠡᠰᠡ ᠴᠢᠳᠠᠪᠠᠰᠤ ᠳᠣᠲᠣᠷ ᠠ᠋ᠴᠠ ᠭᠤᠷᠪᠠᠨ ᠴᠢᠨ ᠼᠠᠯᠭᠠᠷ ᠊ᠢ ᠨᠢᠭᠲᠠ ᠲᠠᠯᠬᠠᠳᠠᠵᠤ ᠤᠰᠤ ᠪᠠᠷ ᠳᠠᠷᠤᠭᠤᠯᠪᠠᠰᠤ ᠮᠠᠭᠠᠳ ᠡᠳᠡᠭᠡᠷᠡᠬᠦ ᠪᠣᠯᠠᠢ᠃

ᠳᠥᠴᠢᠨ ᠳᠥᠷᠪᠡ᠂ ᠬᠠᠷᠰᠢᠯᠠᠯᠳᠤ ᠲᠣᠪᠴᠢᠶ᠎ᠠ ᠠᠭᠤᠯᠠ ᠲᠠᠯ᠎ᠠ ᠶ᠋ᠢᠨ ᠵᠠᠪᠰᠠᠷ

  ᠬᠠᠯᠠᠭᠤᠨ᠎ᠠ ᠬᠠᠷᠢᠶᠠᠯᠠᠭᠳᠠᠬᠤ ᠬᠠᠷᠰᠢᠯᠠᠯᠳᠤ ᠲᠣᠪᠴᠢᠶ᠎ᠠ ᠠᠭᠤᠯᠠ ᠲᠠᠯ᠎ᠠ ᠶ᠋ᠢᠨ ᠵᠠᠪᠰᠠᠷ ᠊ᠢ ᠲᠤᠰ ᠲᠤᠰ ᠦᠵᠡᠭᠦᠯᠪᠡᠰᠦ ᠮᠡᠬᠦᠰ ᠣᠶᠤᠲᠠᠳ ᠦᠯᠦ ᠤᠨᠤᠬᠤ ᠠᠨᠤ ᠣᠯᠠᠨ᠃ ᠲᠣᠪᠴᠢ ᠶ᠋ᠢᠨ ᠲᠡᠳᠦᠢ ᠥᠭᠦᠯᠡᠪᠡᠰᠦ ᠭᠣᠣᠯ ᠨᠢ ᠰᠤᠯᠠᠷᠠᠭᠠᠳ ᠡᠨᠳᠡᠭᠦᠷᠡᠬᠦ ᠨᠢ ᠣᠯᠠᠨ᠃ ᠲᠡᠶ᠋ᠢᠮᠦ ᠶ᠋ᠢᠨ ᠲᠤᠯᠠ ᠬᠠᠯᠠᠭᠤᠨ ᠤ᠋ ᠲᠡᠮᠳᠡᠭ ᠪᠠᠶ᠋ᠢᠪᠠᠴᠤ ᠬᠡᠢ ᠶ᠋ᠢᠨ ᠰᠢᠨᠵᠢ ᠶ᠋ᠢ ᠦᠵᠡᠭᠦᠯᠬᠦ᠂ ᠬᠠᠯᠠᠭᠤᠨ ᠊ᠢ ᠵᠠᠰᠠᠪᠠᠰᠤ ᠬᠡᠢ ᠪᠡᠷ ᠠᠮᠢ ᠶ᠋ᠢ ᠪᠤᠯᠢᠶᠠᠬᠤ ᠭᠡᠨᠡᠨ ᠶᠡᠬᠡ ᠲᠤᠯᠠ ᠬᠡᠢ ᠶ᠋ᠢ ᠵᠠᠰᠠᠪᠠᠰᠤ ᠬᠠᠯᠠᠭᠤᠨ ᠨᠢ ᠳᠡᠯᠭᠡᠷᠡᠨ ᠵᠠᠰᠠᠬᠤ ᠶ᠋ᠢᠨ ᠴᠢᠯᠥᠭᠡ ᠭᠠᠷᠤᠮᠤᠢ᠃ ᠡᠭᠦᠨ ᠳ᠋ᠦ᠍ ᠬᠡᠢ ᠶ᠋ᠢᠨ ᠰᠢᠨᠵᠢ ᠨᠢ ᠄ ᠬᠡᠯᠡ ᠬᠠᠲᠠᠵᠤ᠂ ᠰᠤᠳᠠᠯ ᠠᠨᠤ ᠬᠣᠭᠣᠰᠣᠨ ᠲᠦᠷᠭᠡᠨ᠂ ᠳᠠᠷᠤᠬᠤᠢ ᠳ᠋ᠤᠷ ᠲᠡᠰᠬᠦᠶ᠎ᠡ ᠪᠡᠷᠬᠡ᠂ ᠤᠮᠳᠠᠭᠠᠰᠬᠤ ᠨᠢ ᠪᠠᠭ᠎ᠠ᠂ ᠲᠡᠭᠦᠨ ᠳ᠋ᠦ᠍ ᠰᠦ᠂ ᠠᠷᠢᠬᠢ᠂ ᠪᠤᠷᠠᠮ ᠰᠡᠯᠲᠡ ᠶ᠋ᠢ ᠥᠭᠪᠡᠴᠦ ᠬᠠᠷᠰᠢᠯᠠᠯ ᠪᠠᠭ᠎ᠠ ᠪᠥᠭᠡᠰᠦ ᠬᠡᠢ ᠶ᠋ᠢᠨ ᠠᠮᠠ ᠶ᠋ᠢ ᠳᠠᠷᠤᠬᠤᠢ ᠳ᠋ᠤᠷ ᠠᠭᠠᠷᠤ— 8 ᠶ᠋ᠢ ᠳᠠᠭᠠᠷᠠᠭᠤᠯ᠃ ᠲᠡᠨᠳᠡ ᠡᠴᠡ ᠬᠡᠢ ᠪᠠᠷᠠᠭᠳᠠᠭᠠᠳ ᠬᠡᠯᠡ ᠴᠢᠬᠢᠭᠲᠡᠬᠦ᠂ ᠰᠤᠳᠠᠯ ᠲᠦᠷᠭᠡᠯᠡᠨ᠂ ᠬᠠᠯᠠᠭᠤᠨ ᠳᠡᠯᠭᠡᠷᠡᠪᠡᠰᠦ ᠡᠷᠳᠡᠨᠢ —7 ᠳᠠᠩ ᠊ᠢ ᠬᠠᠯᠠᠭᠤᠨ ᠢ᠋ᠶ᠋ᠠᠷ ᠥᠭ᠃ ᠬᠥᠯᠥᠰᠥ ᠭᠠᠷᠴᠤ ᠬᠡᠢ ᠦᠭᠡᠢ ᠨᠢ ᠲᠣᠳᠣᠷᠠᠬᠤ ᠪᠣᠯᠪᠠᠰᠤ ᠡᠷᠬᠢᠮ —8 ᠪᠤᠶᠤ ᠭᠠᠪᠤᠷ —25 ᠶ᠋ᠢ ᠠᠷᠢᠬᠢ ᠪᠠᠷ ᠳᠠᠷᠤᠭᠤᠯᠵᠤ ᠥᠭ᠃ ᠰᠡᠭᠦᠯ ᠳ᠋ᠦ᠍ᠷ ᠬᠡᠢ ᠡᠭᠦᠰᠬᠦ ᠶ᠋ᠢ ᠬᠢᠴᠢᠶᠡᠬᠦ ᠬᠡᠷᠡᠭᠲᠡᠢ ᠪᠥᠭᠡᠳ ᠰᠢᠮᠡᠳᠦ ᠢᠳᠡᠭᠡᠨ ᠊ᠢ ᠵᠡᠷᠭᠡᠮᠵᠢ ᠪᠡᠷ ᠰᠢᠲᠦᠪᠡᠰᠦ ᠡᠳᠡᠭᠡᠷᠡᠬᠦ ᠶ᠋ᠢᠨ ᠢᠯᠡᠷᠡᠯ ᠭᠠᠷᠤᠮᠤᠢ᠃ ᠬᠠᠯᠠᠭᠤᠨ ᠬᠦᠢᠲᠡᠨ ᠦ᠌ ᠰᠢᠨᠵᠢ ᠡᠰᠡ ᠢᠯᠭᠠᠷᠠᠪᠠᠰᠤ ᠲᠡᠭᠦᠨ ᠊ᠢ ᠠᠩᠬᠠᠨ ᠳ᠋ᠤᠷ ᠬᠠᠯᠠᠭᠤᠨ ᠊ᠢ ᠵᠠᠰᠠᠵᠤ ᠦᠯᠦ ᠪᠣᠯᠬᠤ᠃ ᠡᠮ ᠢᠳᠡᠭᠡᠨ ᠬᠣᠶᠠᠭᠤᠯᠠ ᠶ᠋ᠢ ᠢᠯᠴᠢᠲᠦ ᠶ᠋ᠢ ᠰᠢᠲᠦᠭᠦᠯᠦᠭᠡᠳ ᠬᠣᠣᠷᠯᠠᠯ ᠦᠭᠡᠢ ᠪᠣᠯᠪᠠᠰᠤ ᠬᠦᠢᠲᠡᠨ ᠬᠡᠢ ᠶ᠋ᠢᠨ ᠰᠢᠨᠵᠢ ᠮᠥᠨ᠃ ᠢᠯᠴᠢᠲᠦ ᠶ᠋ᠢ ᠰᠢᠲᠦᠭᠡᠳ ᠬᠣᠣᠷᠯᠠᠯ ᠶᠡᠬᠡ᠂ ᠬᠠᠯᠠᠭᠤᠨ ᠤ᠋ ᠰᠢᠨᠵᠢ ᠢᠯᠡ ᠲᠣᠳᠣᠷᠬᠠᠢ ᠪᠣᠯᠪᠠᠰᠤ᠂ ᠬᠠᠯᠠᠭᠤᠨ ᠳ᠋ᠤᠷ ᠤᠨᠤᠪᠠᠴᠤ ᠰᠡᠷᠢᠭᠦᠨ ᠡᠮ᠂ ᠢᠯᠴᠢᠲᠦ ᠢᠳᠡᠭᠡᠨ ᠊ᠢ ᠰᠢᠲᠦᠭᠦᠯ᠃ ᠢᠳᠡᠭᠡᠨ ᠢ᠋ᠶ᠋ᠡᠷ ᠡᠰᠡ ᠬᠣᠣᠷᠯᠠᠭᠠᠳ ᠬᠠᠯᠠᠭᠤᠨ ᠬᠦᠢᠲᠡᠨ ᠲᠡᠭᠰᠢᠷᠡᠬᠦ ᠦᠶᠡᠰ ᠶᠡᠬᠡ ᠳᠠᠩ —25 ᠪᠤᠶᠤ ᠤᠪᠠᠳᠢᠰ ᠤ᠋ᠨ ᠰᠡᠷᠢᠭᠦᠨ ᠨᠠᠶ᠋ᠢᠷᠠᠯᠭ᠎ᠠ ᠵᠣᠬᠢᠮᠤᠢ᠃ ᠬᠠᠯᠠᠭᠤᠨ ᠬᠦᠢᠲᠡᠨ ᠰᠢᠨᠵᠢ ᠳ᠋ᠦ᠍ ᠬᠡᠢ ᠰᠢᠷ᠎ᠠ ᠪᠠᠳᠬᠠᠨ ᠭᠤᠷᠪᠠ ᠶ᠋ᠢᠨ ᠠᠯᠢ ᠨᠢ ᠲᠣᠳᠣᠷᠠᠪᠠᠰᠤ ᠶᠡᠷᠦᠨᠳᠡᠭ ᠊ᠢ ᠵᠣᠬᠢᠴᠠᠭᠤᠯᠤᠨ ᠬᠢᠴᠢᠶᠡᠬᠦ ᠬᠡᠷᠡᠭᠲᠡᠢ᠃

  ᠦᠰᠦᠭ ᠠᠮᠢᠯᠠᠭᠤᠯᠤᠭᠴᠢ ᠄ ᠱᠠᠭᠰᠠᠯ

  ᠬᠢᠨᠠᠭᠴᠢ ᠄ ᠦᠯᠵᠡᠶ᠋ᠢᠪᠠᠭᠠᠲᠤᠷ