ᠤᠶᠠᠩᠭ᠎ᠠ ᠶ᠋ᠢᠨ ᠬᠡᠯᠲᠡᠰ - ᠰᠠᠢᠨᠴᠤᠭ᠎ᠠ Уянгын хэлтэс - Сайнцогоо ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠶᠠᠩᠭ᠎ᠠ ᠶ᠋ᠢᠨ ᠬᠡᠯᠲᠡᠰ - ᠰᠠᠢᠨᠴᠤᠭ᠎ᠠ Уянгын хэлтэс - Сайнцогоо

ᠤᠶᠠᠩᠭ᠎ᠠ ᠶ᠋ᠢᠨ ᠬᠡᠯᠲᠡᠰ - ᠰᠠᠢᠨᠴᠤᠭ᠎ᠠ Уянгын хэлтэс - Сайнцогоо

2023-05-30

303

ᠤᠶᠠᠩᠭ᠎ᠠ ᠶ᠋ᠢᠨ ᠬᠡᠯᠲᠡᠰ


                                –– ᠭᠤᠴᠢᠨ ᠵᠢᠯ ᠳ᠋ᠡᠬᠢ ᠨᠤᠲᠤᠭ ᠤ᠋ᠨ ᠬᠤᠪᠢᠷᠠᠯ     
            ᠨᠢᠭᠡ ᠂ ᠰᠢᠯᠦᠭ  
     ᠬᠠᠷᠢᠶᠠᠵᠤ  ᠬᠠᠪᠢᠷᠤᠮᠠᠷ ᠪᠤᠬᠢᠨᠢᠳᠤᠵᠤ ᠪᠠᠢᠭᠰᠠ ᠨᠢᠭᠡᠨ ᠦᠶ᠎ᠡ ᠶ᠋ᠢᠨ ᠰᠡᠳᠬᠢᠯ ᠮᠢᠨᠢ ᠬᠠᠷᠢᠨ ᠥᠨᠥᠳᠥᠷ ᠰᠢᠯᠦᠭᠯᠡᠬᠦ ᠴᠦ᠍ ᠶᠦ᠍ᠮ᠂ ᠮᠠᠭᠲᠠᠬᠤ ᠴᠤ᠌ ᠶᠤᠮ ᠃   
     ᠠ! ᠮᠥᠨ ᠳᠠ ᠬᠥᠭᠡᠷᠦᠬᠦᠢ ᠂  ᠰᠢᠪᠠᠵᠤ ᠪᠠᠢᠭᠰᠠᠨ ᠥᠷᠭᠡᠰᠦ ᠬᠠᠳᠠᠭᠠᠰᠤ ᠬᠣᠪᠬᠣᠷᠠᠭᠰᠠᠨ ᠠ᠋ᠴᠠ ᠂ ᠰᠢᠭᠢᠳᠴᠦ ᠪᠠᠢᠭᠰᠠᠨ ᠥᠳᠥ ᠬᠦᠷᠢᠳ ᠤᠰᠠᠳᠤᠭᠰᠠᠨ ᠠ᠋ᠴᠠ ᠂ ᠰᠢᠯᠦᠭ ᠢ᠋ᠶ᠋ᠡᠷ ᠲᠡᠷᠡ ᠳᠣᠭᠳᠣᠯᠤᠨ ᠂ ᠮᠠᠭᠲᠠᠭᠠᠯ ᠢ᠋ᠶ᠋ᠠᠷ ᠲᠡᠷᠡ ᠬᠥᠪᠬᠡᠯᠵᠡᠨ᠎ᠡ ᠃ 
     ᠰᠢᠯᠦᠭ ᠂ ᠮᠠᠭᠲᠠᠭᠠᠯ ᠭᠡᠭᠰᠡᠭᠡᠷ ᠯᠡ ᠲᠠ ᠪᠣᠳᠣᠵᠤ ᠮᠠᠭᠠᠳ — ᠴᠡᠭᠡᠨ ᠳ᠋ᠧᠩ ᠭᠡᠷᠡᠯᠲᠦᠭᠰᠡᠨ ᠴᠢᠮᠡᠭ ᠵᠠᠰᠠᠯ ᠢ᠋ᠶ᠋ᠠᠷ ᠮᠢᠷᠠᠯᠵᠠᠭᠰᠠᠨ᠂ ᠠᠭᠤᠳᠠᠮ ᠲᠠᠩᠬᠢᠮ ᠳ᠋ᠤ᠌ ᠶᠤᠮ ᠤᠤ ? ᠠᠷᠪᠠᠨ ᠬᠠᠨ᠎ᠠ ᠲᠠᠢ ᠥᠷᠥᠭᠡᠨ ᠳ᠋ᠦ᠍ ᠶᠦ᠍ᠮ ᠦᠦ ? ᠰᠠᠮᠪᠠᠢ ᠬᠠᠳᠠᠭ ᠢ᠋ᠶ᠋ᠠᠨ ᠳᠡᠭᠡᠷ᠎ᠡ ᠡᠷᠭᠦᠴᠢᠭᠡᠳ ᠰᠠᠷᠬᠤᠳ ᠰᠦ  ᠪᠡᠨ ᠳᠦᠭᠦᠷᠡᠩ ᠭᠡᠮᠨᠡᠭᠡᠳ ᠂ ᠤᠷᠤᠰᠲᠠᠯ᠎ᠠ ᠤᠩᠰᠢᠵᠤ ᠂ ᠤᠶᠠᠷᠠᠲᠠᠯ᠎ᠠ ᠡᠭᠡᠰᠢᠭᠯᠡᠭᠡ  ᠳᠡ ᠃   
     ᠦᠭᠡᠢ ᠂ ᠮᠠᠨ ᠤ᠋ ᠰᠢᠯᠦᠭ ᠪᠣᠳᠣᠯ ᠠ᠋ᠴᠠ ᠤᠷᠭᠤᠭᠰᠠᠨ ᠬᠡᠢᠰᠪᠦᠷᠢᠯᠡᠯ ᠪᠢᠰᠢ ᠂ ᠮᠠᠨ ᠤ᠋ ᠮᠠᠭᠲᠠᠭᠠᠯ ᠪᠣᠳᠣᠭ ᠢ᠋ᠶ᠋ᠠᠷ ᠪᠢᠴᠢᠭᠳᠡᠭᠰᠡᠨ ᠲᠠᠭᠠᠮᠠᠭᠯᠠᠯ ᠪᠢᠰᠢ ᠃ ᠬᠡᠢᠰᠪᠦᠷᠢᠯᠡᠯ ᠪᠠ ᠲᠠᠭᠠᠮᠠᠭᠯᠠᠯ ᠨᠢ ᠪᠠᠢᠬᠤ ᠴᠤ᠌ ᠶᠣᠰᠣᠲᠠᠢ ᠂ ᠪᠠᠢᠳᠠᠭ ᠴᠤ᠌ ᠶᠤᠮ ᠂ ᠭᠡᠲᠡᠯ᠎ᠡ ᠮᠢᠨᠦ ᠬᠡᠯᠡᠵᠦ ᠪᠠᠢᠭ᠎ᠠ ᠰᠢᠯᠦᠭ᠂ ᠮᠠᠭᠲᠠᠭᠠᠯ ᠤ᠋ᠨ ᠳᠣᠲᠣᠷᠠᠬᠢ ᠮᠠᠭᠲᠠᠭᠠᠯ — ᠵᠢᠩᠬᠢᠨᠢ ᠪᠠ ᠦᠨᠡᠨ ᠃   
     ᠡᠩ ᠲᠡᠢ ᠴᠠᠭᠠᠰᠤ ᠲᠦᠮᠡᠨ ᠬᠠᠭᠤᠳᠠᠰᠤ ᠪᠠᠢᠭᠰᠠᠨ ᠴᠤ᠌ ᠲᠡᠭᠦᠨ ᠢ᠋ ᠬᠡᠷᠬᠢᠨ ᠪᠠᠭᠲᠠᠭᠠᠬᠤ ᠪᠣᠢ  ᠳᠠ᠂ ᠡᠷᠳᠡᠨᠢ ᠲᠡᠢ ᠪᠣᠳᠣᠭ ᠪᠣᠮᠠᠨ ᠯᠣᠩᠬᠣ ᠪᠠᠢᠭᠰᠠᠨ ᠴᠤ᠌ ᠲᠡᠭᠦᠨ ᠢ᠋ ᠬᠡᠷᠬᠢᠨ ᠪᠢᠴᠢᠬᠦ ᠪᠣᠢ ᠳᠠ ᠃ ᠲᠡᠭᠦᠨ ᠢ᠋ ᠵᠥᠪᠬᠡᠨ ᠪᠥᠮᠪᠥᠷᠴᠡᠭ ᠳᠡᠯᠡᠬᠡᠢ ᠬᠥᠪᠡᠭᠡ ᠦᠭᠡᠢ ᠳ᠋ᠡᠭᠡᠨ ᠪᠠᠭᠲᠠᠭᠠᠵᠤ ᠣᠷᠴᠢᠯᠠᠩ ᠶᠢᠷᠲᠢᠨᠴᠦ ᠬᠢᠵᠠᠭᠠᠷ ᠦᠭᠡᠢ ᠳ᠋ᠡᠭᠡᠨ ᠳᠠᠭᠠᠭᠠᠵᠠᠢ ᠃ 
     ᠢᠩᠭᠢᠵᠦ ᠬᠡᠯᠡᠬᠦ ᠳ᠋ᠦ᠍ ᠳᠠ ᠬᠠᠷᠢᠨ ᠬᠠᠴᠢᠷᠬᠠᠵᠤ ᠮᠠᠭᠠᠳ ᠃ ᠭᠡᠲᠡᠯ᠎ᠡ ᠡᠨᠡ ᠪᠣᠯ ᠦᠨᠡᠨ ᠪᠠ ᠵᠢᠩᠬᠢᠨᠢ ᠃ ᠲᠠ ᠪᠣᠳᠣᠯ  ᠳᠠ ᠃ ᠣᠢᠯᠠᠭᠠᠬᠤ ᠦᠭᠡᠢ ᠪᠠᠢᠨ᠎ᠠ ᠤᠤ ? ᠲᠡᠭᠡᠪᠡᠯ ᠲᠠᠨ ᠠ᠋ᠴᠠ ᠠᠰᠠᠭᠤᠶ᠎ᠠ ᠄ ᠦᠵᠡᠭᠡᠳ ᠵᠠᠪᠳᠤᠪᠠᠤ ? ᠰᠣᠨᠢᠷᠬᠠᠭᠠᠳ ᠪᠠᠷᠠᠪᠠᠤ ? ᠪᠠᠬᠠᠷᠤᠭᠠᠳ ᠬᠠᠨᠤᠪᠠᠤ ? ᠭᠠᠢᠬᠠᠭᠠᠳ ᠣᠯᠪᠠᠤ ? ᠣᠷᠴᠢᠨ ᠲᠣᠭᠣᠷᠢᠨ ᠳ᠋ᠠᠭᠠᠨ ᠪᠡᠶᠡᠯᠡᠵᠦ ᠪᠠᠢᠭ᠎ᠠ ᠶ᠋ᠢ ᠂ ᠪᠦᠲᠦᠵᠦ ᠪᠠᠢᠭ᠎ᠠ ᠶ᠋ᠢ ᠣᠢᠷ᠎ᠠ ᠬᠣᠯᠠ ᠳ᠋ᠠᠭᠠᠨ ᠴᠣᠯᠭᠣᠷᠠᠵᠤ ᠪᠠᠢᠭ᠎ᠠ ᠶ᠋ᠢ ᠴᠣᠭᠴᠠᠯᠠᠭᠳᠠᠵᠤ ᠪᠠᠢᠭ᠎ᠠ ᠶ᠋ᠢ ᠁  
    ᠠᠬᠠᠢ ! ᠶᠠᠭ ᠲᠡᠷᠡ ᠴᠢᠨᠢ ᠂ ᠶᠠᠭ ᠲᠡᠷᠡ ᠴᠢᠨᠢ ᠳᠠᠷᠤᠢ ᠮᠠᠨ ᠤ᠋ ᠰᠢᠯᠦᠭ ᠦ᠋ᠨ ᠨᠢᠭᠡᠨ ᠳᠤᠰᠤᠯ ᠤᠰᠤ ᠂ ᠮᠠᠨ ᠤ᠋ ᠮᠠᠭᠲᠠᠭᠠᠯ ᠤ᠋ᠨ ᠬᠠᠭᠠᠰ ᠬᠡᠯᠲᠡᠷᠬᠡᠢ ᠬᠠᠢᠷ ᠰᠢᠦ ! ᠬᠡᠷᠪᠡ ᠪᠢᠳᠡ ᠰᠢᠯᠦᠭ ᠢ᠋ᠶ᠋ᠡᠨ ᠨᠡᠯᠦᠭᠡᠷ ᠭᠦᠨ ᠳᠠᠯᠠᠢ ᠲᠠᠢ ᠠᠳᠠᠯᠢᠳᠬᠠᠪᠠᠯ ᠂ ᠬᠡᠷᠪᠡ ᠪᠢᠳᠡ ᠮᠠᠭᠲᠠᠭᠠᠯ ᠢ᠋ᠶ᠋ᠠᠨ ᠲᠡᠨᠢᠭᠡᠷ ᠠᠭᠤᠳᠠᠮ ᠭᠠᠵᠠᠷ ᠲᠠᠢ ᠵᠦᠢᠷᠯᠡᠪᠡᠯ ᠁ 

          ᠬᠣᠶᠠᠷ ᠂ ᠵᠢᠷᠤᠭ  
     ᠪᠠᠢᠭᠠᠯᠢ ᠪᠠᠭᠰᠢ ᠂ ᠨᠣᠢᠷᠮᠤᠭᠯᠠᠭᠰᠠᠨ ᠳᠡᠨᠳᠡᠷᠢᠬᠦ ᠤᠷᠠᠨ ᠭᠠᠷ ᠢ᠋ᠶ᠋ᠠᠷ ᠢ᠋ᠶ᠋ᠠᠨ ᠤᠨᠲᠠᠩᠬᠠᠢ ᠪᠠᠷ ᠢ᠋ᠶ᠋ᠠᠨ ᠠᠳᠬᠤᠵᠤ ᠂ ᠰᠤᠭᠤᠨᠠᠭᠳᠠᠨ ᠢᠵᠠᠮᠠᠭᠲᠤᠭᠰᠠᠨ ᠮᠠᠨᠤᠬᠤᠨ ᠭᠡᠭᠡ ᠶ᠋ᠢ ᠳᠠᠪᠠᠯᠭᠠᠯᠠᠨ ᠳᠣᠯᠭᠢᠶᠠᠯᠠᠭᠰᠠᠨ ᠨᠣᠮᠢᠨ ᠠᠷ ᠲᠠᠢ ᠰᠠᠶᠢ ᠵᠣᠯᠭᠠᠭᠤᠯᠤᠨ ᠂ ᠠᠷᠠᠢᠬᠠᠨ ᠳᠤᠷᠠᠢᠯᠭᠠᠲᠠᠯ᠎ᠠ ᠂ ᠠᠯᠢ ᠨᠢᠭᠡᠨ ᠠᠪᠤᠷᠭᠤ ᠵᠢᠷᠤᠭᠴᠢᠨ ᠢ᠋ ᠨᠢ ᠪᠤᠤ ᠮᠡᠳᠡ ᠂ ᠳᠠᠳᠮᠠᠭᠠᠢ ᠪᠢᠷ ᠢ᠋ᠶ᠋ᠡᠷ ᠢ᠋ᠶ᠋ᠡᠨ ᠱᠠᠯᠠᠪᠬᠠᠨ ᠱᠤᠳᠤᠷᠴᠤ ᠂ ᠪᠠᠢᠭᠠᠯᠢ ᠪᠠᠭᠰᠢ ᠶ᠋ᠢᠨ ᠵᠢᠷᠤᠭᠰᠠᠨ ᠤᠯᠠᠭᠠᠨ ᠪᠠ ᠨᠣᠭᠣᠭᠠᠨ ᠤ᠋ ᠵᠠᠪᠰᠠᠷ ᠲᠤ᠌ ᠨᠢᠭᠡᠨ ᠵᠤᠷᠪᠤᠰ ᠭᠣᠶᠣ ᠪᠣᠳᠣᠭ ᠢ᠋ ᠬᠠᠶᠠᠨ ᠂ ᠨᠢᠭᠡᠨ ᠱᠤᠭᠤᠮ ᠂ ᠭᠣᠶᠣ ᠪᠤᠯᠠᠭᠮᠠᠯ ᠢ᠋ ᠣᠷᠬᠢᠯ᠎ᠠ ᠃  
     ᠲᠡᠭᠦᠨ ᠦ᠌ ᠥᠩᠭᠡ ᠨᠢ ᠲᠠᠨ᠎ᠠ ᠴᠠᠭᠠᠨ ᠂ ᠲᠤᠩ ᠴᠠᠭᠠᠨ ᠂ ᠬᠠᠰ ᠴᠠᠭᠠᠨ ᠂ ᠴᠠᠰᠤ ᠴᠠᠭᠠᠨ ᠲᠡᠷᠡ ᠬᠣᠯᠠ ᠠ᠋ᠴᠠ ᠣᠢᠷᠠᠲᠤᠨ ᠂ ᠪᠠᠭ᠎ᠠ ᠠ᠋ᠴᠠ ᠶᠡᠬᠡᠳᠦᠨ ᠴᠥᠭᠡᠨ ᠡᠴᠡ ᠤᠯᠠᠳᠠᠨ᠎ᠠ ᠃ ᠲᠡᠷᠡ ᠬᠡᠰᠡᠭ ᠲᠡᠭᠡᠨ ᠡᠷᠦᠬᠡᠯᠡᠭᠰᠡᠨ ᠱᠠᠭ᠎ᠠ ᠰᠢᠭ᠋ ᠪᠤᠲᠠᠷᠠᠨ ᠲᠡᠨᠢᠷᠡᠵᠦ᠂ ᠵᠠᠷᠢᠮ ᠳ᠋ᠠᠭᠠᠨ ᠰᠢᠨᠡᠳ ᠦ᠋ᠨ ᠰᠠᠷᠠ ᠰᠢᠭ᠋ ᠬᠠᠪᠢᠷᠭᠠᠯᠠᠨ ᠢᠷᠠᠢᠨ᠎ᠠ ᠁  
     ᠰᠤᠪᠤᠳ ᠴᠤ᠌ ᠶᠤᠮ ᠤᠤ?  ᠡᠦᠲᠦ ᠴᠦ᠍ ᠶᠦ᠍ᠮ ᠦᠦ? ᠬᠥᠪᠥᠩ ᠴᠦ᠍ ᠶᠦ᠍ᠮ ᠦᠦ? ᠡᠭᠦᠯᠡ ᠴᠦ᠍ ᠶᠦ᠍ᠮ ᠦᠦ? ᠭᠢᠯᠲᠠᠭᠠᠨᠠᠨ ᠬᠡᠷᠡᠯᠳᠦᠬᠦ ᠥᠩᠭᠡ ᠪᠡᠷ ᠨᠢ ᠰᠤᠪᠤᠳ ᠴᠤ᠌ ᠶᠤᠮ ᠤᠤ ᠭᠡᠮᠡᠷ ᠃ ᠭᠡᠲᠡᠯ᠎ᠡ ᠂ ᠰᠤᠪᠤᠳ ᠵᠥᠪᠬᠡᠨ ᠠᠯᠠᠭᠠᠨ ᠳᠡᠭᠡᠷ᠎ᠡ ᠯᠡ ᠪᠥᠮᠪᠥᠷᠢᠬᠦ ᠡᠴᠡ ᠪᠢᠰᠢ ᠂ ᠬᠡᠷᠬᠢᠨ ᠠᠲᠠᠷ ᠢ᠋ ᠪᠦᠷᠬᠦᠨ ᠲᠠᠯ᠎ᠠ ᠶ᠋ᠢ ᠳᠦᠭᠦᠷᠭᠡᠬᠦ ᠠᠵᠠᠢ᠃ ᠭᠢᠯᠠᠭᠠᠨᠠᠨ ᠠᠭᠰᠠᠢᠬᠤ ᠣᠯᠠᠨ ᠢ᠋ᠶ᠋ᠠᠷ ᠨᠢ ᠣᠳᠣ ᠴᠤ᠌ ᠶᠤᠮ ᠤᠤ ᠭᠡᠮᠡᠷ ᠂ ᠭᠡᠲᠡᠯ᠎ᠡ ᠣᠳᠣ ᠵᠥᠪᠬᠡᠨ ᠣᠷᠴᠢᠯᠠᠩ ᠤ᠋ᠨ ᠬᠥᠪ ᠲᠦ᠍ ᠠᠨᠢᠪᠴᠢᠨ ᠂ ᠣᠭᠲᠠᠷᠭᠤᠢ ᠶ᠋ᠢᠨ ᠴᠡᠭᠡᠯ ᠳ᠋ᠦ᠍ ᠵᠢᠭᠳᠡᠷᠡᠬᠦ ᠡᠴᠡ ᠪᠢᠰᠢ ᠬᠡᠷᠬᠢᠨ ᠰᠢᠯᠢ ᠳ᠋ᠦ᠍ ᠡᠨᠡᠭᠰᠢᠨ ᠭᠣᠪᠢ ᠳ᠋ᠤ᠌ ᠢᠳᠡᠭᠡᠰᠢᠬᠦ ᠠᠵᠠᠢ᠃ ᠭᠠᠵᠠᠷ ᠪᠢᠯᠬᠠᠨ ᠬᠥᠭᠡᠷᠬᠦ ᠪᠡᠷ ᠨᠢ ᠬᠥᠪᠥᠩ  ᠴᠦ᠍  ᠶᠦ᠍ᠮ ᠦᠦ ᠭᠡᠮᠡᠷ ᠂ ᠭᠡᠲᠡᠯ᠎ᠡ ᠬᠥᠪᠥᠩ ᠬᠡᠳᠦᠢᠪᠡᠷ ᠬᠥᠷᠥᠰᠥᠨ  ᠡᠴᠡ ᠬᠦᠪᠦᠷᠡᠨ ᠂ ᠰᠢᠷᠣᠢ ᠠ᠋ᠴᠠ ᠰᠣᠶᠣᠭᠠᠯᠠᠳᠠᠭ ᠴᠤ᠌ ᠤᠮᠠᠷᠠᠲᠤ ᠣᠷᠣᠨ ᠤ᠋ ᠨᠠᠮᠤᠷ ᠤ᠋ᠨ ᠬᠢᠷᠠᠭᠤ ᠂ ᠡᠪᠦᠯ ᠦ᠋ᠨ ᠰᠢᠭᠤᠷᠭ᠎ᠠ ᠶ᠋ᠢ ᠬᠡᠷᠬᠢᠨ ᠲᠤᠭᠤᠯᠬᠤ ᠠᠵᠠᠢ ᠃ ᠭᠠᠯᠪᠠ ᠶ᠋ᠢ ᠬᠥᠰᠢᠭᠡᠯᠡᠨ ᠴᠠᠢᠵᠠᠯᠠᠬᠤ ᠪᠠᠷ ᠨᠢ ᠡᠭᠦᠯᠡ ᠴᠦ᠍  ᠶᠦ᠍ᠮ ᠦᠦ ᠭᠡᠮᠡᠷ ᠂ ᠭᠡᠲᠡᠯ᠎ᠡ ᠡᠭᠦᠯᠡ ᠬᠡᠳᠦᠢᠪᠡᠷ ᠬᠠᠷᠠᠬᠤ ᠳ᠋ᠤ᠌ ᠨᠡᠯᠦᠭᠡᠷ ᠂ ᠦᠵᠡᠬᠦ ᠳ᠋ᠦ᠍ ᠳᠡᠯᠭᠡᠷ ᠴᠦ᠍ ᠲᠠᠩᠰᠤᠭ ᠵᠢᠷᠭᠠᠯ ᠤ᠋ᠨ ᠠᠮᠢᠯᠠᠯ ᠤ᠋ᠨ ᠪᠡᠯᠭᠡ ᠂ ᠦᠷᠡᠵᠢᠯ ᠦ᠋ᠨ ᠣᠨᠳᠣᠷᠣᠭ᠎ᠠ ᠬᠡᠷᠬᠢᠨ ᠪᠠᠢᠬᠤ ᠠᠵᠠᠢ ᠃  
     ᠮᠡᠯᠡᠷᠡᠨ ᠲᠣᠭᠲᠠᠭᠰᠠᠨ ᠰᠣᠨᠢᠭᠤᠴᠢ ᠬᠠᠷᠠᠴᠠ ᠬᠡᠪ ᠢ᠋ᠶ᠋ᠡᠷ ᠢ᠋ᠶ᠋ᠡᠨ ᠪᠠᠢᠬᠤ ᠳ᠋ᠤ᠌ ᠂ ᠮᠠᠨᠠᠷᠠᠨ ᠭᠠᠢᠬᠠᠭᠰᠠᠨ ᠰᠢᠷᠭᠠᠴᠢ ᠰᠡᠳᠬᠢᠯ ᠶᠠᠩᠵᠤ ᠪᠠᠷ ᠢ᠋ᠶ᠋ᠠᠨ ᠪᠠᠢᠬᠤ ᠳ᠋ᠤ᠌ ᠂ ᠰᠣᠨᠣᠷ ᠴᠢᠬᠢᠨ ᠦ᠌ ᠰᠡᠷᠡᠭᠴᠢ ᠬᠡᠩᠭᠡᠷᠭᠡ ᠶ᠋ᠢ ᠬᠥᠪᠰᠢᠯ᠎ᠡ — ᠯᠢᠩᠪᠦ ᠶ᠋ᠢᠨ ᠣᠷᠬᠢᠯᠭ᠎ᠠ ᠂ ᠳᠠᠭᠤᠤ ᠶ᠋ᠢᠨ ᠬᠠᠩᠭᠢᠨᠠᠭ᠎ᠠ ᠃  ᠯᠢᠩᠪᠦ ᠶ᠋ᠢᠨ ᠣᠷᠭᠢᠯᠭ᠎ᠠ ᠪᠠᠷ ᠴᠢᠨᠳᠠᠭᠠᠨ ᠬᠠᠯᠢᠶ᠎ᠠ ᠠᠶᠠᠷᠬᠠᠨ ᠨᠡᠭᠦᠵᠦ ᠂ ᠳᠠᠭᠤᠤ ᠶ᠋ᠢᠨ ᠬᠠᠩᠭᠢᠨᠠᠭ᠎ᠠ ᠪᠠᠷ ᠮᠢᠨᠳᠠᠰᠤᠨ ᠳᠣᠯᠭᠢᠶ᠎ᠠ ᠬᠥᠭᠡᠰᠦᠷᠡᠨ ᠴᠠᠯᠭᠢᠨ᠎ᠠ ᠁  
     ᠠ ᠂ ᠪᠢ ᠮᠡᠳᠡᠯ᠎ᠡ ᠂ ᠪᠦᠷ ᠮᠡᠳᠡᠯ᠎ᠡ ᠠᠪᠤᠷᠭᠤ ᠵᠢᠷᠤᠭᠴᠢ ᠶ᠋ᠢ ᠨᠢ ᠃ 
     ᠠ ! ᠪᠢ ᠮᠡᠳᠡᠯ᠎ᠡ ᠂ ᠪᠦᠷ ᠴᠦ᠍  ᠮᠡᠳᠡᠯ᠎ᠡ — ᠦᠨᠡᠨᠴᠢ ᠵᠢᠷᠦᠬᠡ ᠪᠣᠳᠣᠭ ᠢ᠋ ᠨᠢ ᠲᠠᠯᠪᠢᠵᠤ ᠂ ᠠᠵᠢᠯᠴᠢ ᠭᠠᠷ ᠰᠢᠷ ᠢ᠋ ᠨᠢ ᠰᠠᠭᠤᠯᠭᠠᠵᠠᠢ᠃      ᠶᠠᠭᠠᠬᠢᠭᠰᠠᠨ ᠢᠳᠡᠷᠡᠭᠦᠨ ᠂ ᠶᠠᠭᠠᠬᠢᠭᠰᠠᠨ ᠪᠠᠳᠠᠷᠠᠭᠤᠨ ᠂ ᠶᠠᠭᠠᠬᠢᠭᠰᠠᠨ ᠥᠷᠨᠢᠭᠦᠨ ᠂ ᠶᠠᠭᠠᠬᠢᠭᠰᠠᠨ ᠳᠡᠭᠵᠢᠭᠦᠨ ᠵᠢᠷᠤᠭ ᠪᠣᠢ ᠃ ᠭᠡᠲᠡᠯ᠎ᠡ ᠲᠡᠷᠡ ᠨᠢ ᠡᠷᠡᠯᠬᠡᠭ ᠮᠠᠯᠴᠢᠳ ᠤ᠋ᠨ ᠠᠶᠤᠤᠯᠢᠬᠠᠢ ᠴᠡᠭᠡᠵᠢᠨ ᠳ᠋ᠦ᠍ ᠪᠠᠳᠠᠷᠠᠨ ᠳᠡᠯᠭᠡᠷᠡᠭᠰᠡᠨ ᠂ ᠮᠢᠩᠭᠠᠨ ᠪᠤᠲᠠ ᠂ ᠲᠦᠮᠡᠨ ᠪᠠᠭᠴᠠ ᠥᠨᠢᠷ ᠴᠡᠴᠡᠭ ᠦ᠋ᠨ ᠳᠤᠮᠳᠠᠬᠢ ᠨᠢᠭᠡᠨ ᠳᠡᠯᠪᠢ ᠂ ᠬᠠᠭᠠᠰ ᠭᠡᠰᠡᠷ ᠦ᠋ᠨ ᠲᠡᠳᠦᠢᠯᠡ᠁     

              ᠭᠤᠷᠪᠠ ᠂ ᠪᠣᠷᠣᠭᠠᠨ  

     ᠭᠠᠯ ᠬᠣᠷᠯᠣ ᠠᠭᠠᠭᠢᠮ᠎ᠠ ᠢᠯᠴᠢ ᠪᠡᠷ ᠴᠣᠷᠭᠢᠭᠠᠳ ᠂ ᠭᠠᠩ ᠤ᠋ᠨ ᠲᠡᠭᠷᠢ ᠪᠠᠭᠠᠭᠢᠮ᠎ᠠ ᠬᠠᠯᠠᠭᠤᠨ ᠢ᠋ᠶ᠋ᠠᠷ ᠲᠥᠭᠡᠨᠡᠭᠡᠳ ᠂ ᠰᠡᠪᠰᠡᠭᠡᠷ ᠬᠣᠮᠣᠯ ᠤᠲᠤᠭ᠎ᠠ ᠮᠠᠨᠠᠷᠠᠬᠤ ᠳ᠋ᠤ᠌ ᠬᠦᠷᠴᠡᠢ ᠂ ᠰᠡᠷᠪᠡᠭᠡᠷ ᠨᠣᠭᠣᠭ᠎ᠠ ᠭᠠᠯ ᠬᠠᠯᠳᠠᠬᠤ ᠳ᠋ᠤ᠌ ᠲᠤᠯᠵᠠᠢ᠃  
     ᠬᠠ ᠂ ᠬᠠ ᠂ ᠠᠷᠠᠵᠠ ᠶ᠋ᠢᠨ ᠰᠠᠴᠤᠯ ᠂ ᠠᠷᠠᠵᠠ ᠶ᠋ᠢᠨ ᠦᠨᠦᠷ ᠦ᠋ᠨ ᠬᠢᠨᠢ ᠬᠠᠷᠢᠭᠤ ᠳ᠋ᠤ᠌ ᠳᠤᠰᠤᠯ ᠴᠤ᠌ ᠪᠢᠲᠡᠭᠡᠢ ᠬᠠᠢᠷᠠᠯᠠᠶ᠎ᠠ ᠃ ᠢᠷᠭᠡ ᠶ᠋ᠢᠨ ᠰᠢᠭᠦᠰᠦ ᠂ ᠢᠳᠡᠭᠡᠨ ᠦ᠌ ᠳᠡᠭᠡᠵᠢ ᠶ᠋ᠢᠨ ᠬᠢᠨᠢ ᠪᠠᠷᠢᠭᠤ ᠳ᠋ᠤ᠌ ᠴᠢᠭᠢᠭ ᠴᠦ᠍ ᠪᠢᠲᠡᠭᠡᠢ ᠬᠦᠷᠲᠡᠭᠡᠶ᠎ᠡ ᠰᠠᠪᠳᠠᠭ ᠨᠠᠪᠳᠠᠭ ᠬᠣᠶᠠᠷ ᠤ᠋ᠨ ᠰᠠᠭᠰᠠᠭᠤ ᠠᠵᠢᠭ ᠨᠢ ᠬᠥᠳᠡᠯᠵᠦ ᠂ ᠦᠯᠦ ᠲᠣᠭᠣᠮᠰᠠᠷᠯᠠᠭᠰᠠᠨ ᠨᠢᠳᠦ ᠪᠡᠷ ᠲᠡᠷᠲᠡᠭᠡ ᠲᠠᠯ᠎ᠠ ᠶ᠋ᠢ ᠨᠢᠭᠡ ᠰᠢᠷᠪᠢᠭᠰᠡᠨ ᠢ᠋ᠶ᠋ᠡᠨ ᠨᠡᠩ ᠴᠦ᠍ ᠣᠮᠣᠭᠰᠢᠨ ᠲᠤᠩ ᠴᠤ᠌ ᠪᠠᠶᠠᠷᠯᠠᠯ᠎ᠠ᠃ 
     –– ᠲᠠᠬᠢᠯᠭ᠎ᠠ ᠲᠠᠯᠪᠢᠬᠤ ᠪᠠᠷ ᠠᠢᠰᠤᠢ  ᠬᠥ ᠂ ᠮᠥᠷᠭᠥᠯ ᠬᠢᠬᠦ ᠪᠡᠷ ᠢᠷᠡᠯ᠎ᠡ ᠬᠥ᠂ ᠡᠷᠭᠦᠭᠡᠳ ᠪᠠᠢᠬᠤ ᠨᠢ ᠶᠠᠭᠤ ᠶᠤᠮ ᠪᠣᠯ᠂ ᠳᠠᠯᠠᠯᠤᠭᠠᠳ ᠪᠠᠢᠬᠤ ᠨᠢ ᠶᠠᠭᠤ ᠶᠤᠮ ᠪᠣᠯ ᠃ ᠥᠨᠴᠥᠭ ᠬᠥᠪᠡᠭᠡ ᠨᠢ ᠦᠯᠦ ᠬᠠᠷᠠᠭᠳᠠᠬᠤ ᠰᠠᠮᠪᠠᠢ ᠴᠢ  ᠶᠦ᠍ᠮ ᠦᠦ ? ᠬᠠᠳᠠᠭ ᠴᠤ᠌ ᠶᠤᠮ ᠤᠤ ? ᠦᠵᠦᠭᠦᠷ ᠬᠢᠵᠠᠭᠠᠷ ᠨᠢ ᠦᠯᠦ ᠢᠯᠭᠠᠷᠠᠬᠤ ᠱᠠ ᠴᠤ᠌  ᠶᠤᠮ ᠤᠤ ?  ᠭᠬᠢᠪ ᠴᠦ᠍ ᠶᠦ᠍ᠮ ᠦᠦ ? ᠠᠢ ᠬᠠᠷᠠᠯᠠ ᠂ ᠶᠠᠭᠤ ᠪᠠᠨ ᠴᠤ᠌ ᠠᠯᠳᠠᠷᠠ ᠂ ᠠᠪᠴᠤ ᠯᠠ ᠪᠠᠢᠭᠠᠳ ᠮᠡᠳᠡᠶ᠎ᠡ᠃ ᠰᠠᠪᠳᠠᠭ ᠨᠠᠪᠲᠠᠭ ᠬᠣᠶᠠᠷ ᠤ᠋ᠨ ᠠᠪᠯᠢᠭᠠᠴᠢ ᠰᠠᠨᠠᠭ᠎ᠠ ᠨᠢ ᠪᠤᠷᠭᠢᠵᠤ ᠂ ᠬᠣᠪᠳᠣᠭ ᠰᠡᠳᠬᠢᠯ ᠨᠢ ᠪᠤᠷᠭᠢᠵᠤ ᠂ ᠠᠯᠠᠭ᠎ᠠ ᠪᠠᠨ  ᠰᠠᠶᠢ ᠰᠠᠷᠪᠠᠢᠲᠠᠯ᠎ᠠ ᠂ ᠰᠡᠷᠢᠭᠦᠦ ᠲᠡᠳᠡᠨ ᠮᠥᠯᠢᠭᠦᠦ ᠣᠷᠬᠢᠭᠠᠳ ᠯᠠ ᠁  
     ᠬᠠᠮᠢᠭ᠎ᠠ ᠠ᠋ᠴᠠ ᠢᠷᠡᠭᠰᠡᠨ ᠬᠠᠳᠠᠭ ᠰᠠᠮᠪᠠᠢ ᠂ ᠭᠬᠢᠪ ᠱᠠ ᠪᠣᠢ ᠂ ᠬᠠᠷᠢᠨ ᠲᠡᠷᠡ ᠨᠢ ᠰᠢᠷᠬᠡᠭ ᠨᠠᠷᠢᠨ ᠰᠢᠯ ᠰᠦᠯᠵᠢᠶ᠎ᠡ ᠂ ᠮᠥᠬᠥᠯᠢᠭ ᠵᠢᠵᠢᠭ ᠪᠣᠯᠣᠷ ᠬᠡᠯᠬᠢᠶ᠎ᠡ –– ᠨᠠᠮᠢᠷᠭ᠎ᠠ ᠬᠤᠷ᠎ᠠ ᠶ᠋ᠢᠨ ᠨᠢᠭᠡᠨ ᠬᠥᠭ ᠰᠢᠪᠡᠷᠡᠭᠡ ᠰᠢᠦ ᠂ ᠨᠠᠮᠤᠭᠤᠨ ᠪᠣᠷᠣᠭ᠎ᠠ ᠶ᠋ᠢᠨ ᠨᠢᠭᠡᠨ ᠬᠥᠭ ᠵᠦᠰᠡᠷᠡᠭᠡ ᠰᠢᠦ ᠃ ᠲᠡᠷᠡ ᠱᠠᠭᠢᠲᠠᠯ᠎ᠠ ᠪᠠᠭᠤᠨ ᠂ ᠲᠤᠨᠤᠷᠠᠲᠠᠯ᠎ᠠ ᠤᠷᠤᠰᠤᠨ᠎ᠠ ᠂ ᠲᠠᠯ᠎ᠠ ᠳ᠋ᠤ᠌ ᠂ ᠰᠢᠯᠢ ᠳ᠋ᠦ᠍ ᠂ ᠭᠣᠪᠢ ᠳ᠋ᠤ᠌ ᠂ ᠬᠥᠨᠳᠡᠢ ᠳ᠋ᠦ᠍᠁᠁  
     ᠬᠠᠨᠤᠲᠠᠯ᠎ᠠ ᠤᠮᠳᠠᠯᠠᠭᠰᠠᠨ ᠨᠠᠪᠴᠢ ᠨᠠᠬᠢᠶ᠎ᠠ ᠲᠣᠯᠣᠭᠠᠢ ᠳᠣᠬᠢᠯᠵᠠᠨ ᠮᠦᠰᠢᠶᠡᠬᠦ ᠳ᠋ᠦ᠍ ᠂  ᠬᠠᠯᠠᠰᠲᠠᠯ᠎ᠠ ᠪᠠᠯᠭᠤᠭᠰᠠᠨ ᠮᠠᠯ ᠰᠦᠷᠦᠭ ᠤᠷᠤᠭᠤᠯ ᠰᠡᠭᠰᠦᠷᠦᠨ ᠲᠣᠭᠯᠠᠨ᠎ᠠ ᠲᠡᠭᠡᠯᠭᠦᠢ  ᠳᠡ ᠂ ᠲᠡᠭᠦᠨ ᠦ᠌ ᠰᠠᠳᠠᠷᠠᠭᠠᠨ ᠳ᠋ᠤ᠌ ᠥᠰᠦᠯᠲᠡ ᠤᠷᠭᠤᠴᠠ ᠶ᠋ᠢᠨ ᠢᠪᠡᠭᠡᠯ ᠲᠡᠢ ᠡᠴᠡ ᠂ ᠲᠡᠭᠦᠨ ᠴᠢᠳᠬᠤᠯ ᠳ᠋ᠤ᠌ ᠲᠠᠷᠭᠤ ᠬᠦᠴᠦ ᠶ᠋ᠢᠨ ᠢᠪᠢᠯᠦᠯ ᠲᠠᠢ ᠠ᠋ᠴᠠ ᠃  
     《 ᠬᠤᠷ᠎ᠠ ᠶ᠋ᠢᠨ ᠡᠬᠢ ᠨᠢ ᠬᠠᠮᠢᠭ᠎ᠠ ᠪᠣᠢ ᠂ ᠪᠣᠷᠣᠭᠠᠨ ᠰᠤᠷᠪᠤᠯᠵᠢ ᠨᠢ ᠶᠠᠭᠤ ᠪᠣᠢ 》–– ᠡᠷᠳᠡᠮᠲᠡᠨ ᠴᠢᠳᠠᠯᠲᠠᠨ ᠤ᠋ ᠡᠮᠦᠨ᠎ᠡ ᠡᠪᠦᠳᠦᠭ ᠨᠤᠭᠤᠯᠬᠤ ᠶ᠋ᠢ ᠬᠢᠴᠢᠶᠡᠭᠰᠡᠨ ᠂ ᠨᠠᠪᠲᠠᠭ ᠰᠠᠪᠳᠠᠭ ᠬᠣᠶᠠᠷ ᠢᠨᠠᠭᠰᠢ ᠴᠢᠨᠠᠭᠰᠢ ᠬᠠᠷᠠᠪᠠᠯ ᠄  
      ᠳᠡᠭᠡᠷ᠎ᠡ ᠡᠴᠡ ᠢᠷᠡᠭᠰᠡᠨ ᠴᠦ᠍ ᠪᠢᠰᠢ ᠂ ᠳᠡᠷᠭᠡᠳᠡ ᠡᠴᠡ ᠨᠢ ᠰᠠᠴᠤᠭᠰᠠᠨ ᠪᠠᠢᠵᠠᠢ ᠂ ᠠᠭᠠᠷ ᠠ᠋ᠴᠠ ᠪᠠᠭᠤᠭᠰᠠᠨ ᠴᠤ᠌ ᠪᠢᠰᠢ ᠂ ᠠᠲᠠᠷ ᠠ᠋ᠴᠠ ᠰᠦᠷᠴᠢᠭᠰᠡᠨ ᠪᠠᠢᠵᠠᠢ ᠃ 
      –– ᠠ ᠄ 《 ᠨᠠᠷᠠ ᠲᠠᠢ ᠪᠠᠢᠭᠠᠳ ᠪᠣᠷᠣᠭᠠᠨ ᠲᠠᠢ 》 ᠭᠡᠳᠡᠭ ᠨᠢ ᠨᠠᠭᠠᠳᠤᠮ ᠴᠤ᠌  ᠪᠢᠰᠢ ᠂  ᠱᠤᠭᠤᠳᠡᠮ ᠴᠦ᠍ ᠪᠢᠰᠢ ᠂ ᠨᠢᠴᠤᠭᠠᠮᠠᠷ  ᠴᠤ᠌ ᠪᠢᠰᠢ ᠂ ᠪᠤᠷᠤᠭᠤᠰᠢᠶᠠᠮᠠᠷ ᠴᠤ᠌ ᠪᠢᠰᠢ᠃  ᠨᠠᠷᠠᠯᠢᠭ ᠶᠢᠷᠲᠢᠨᠴᠦ ᠳ᠋ᠦ᠍ ᠲᠡᠷᠡ ᠶᠡᠷᠦᠨᠢ ᠵᠦᠢ ᠂ ᠨᠠᠢᠷᠰᠠᠭ ᠴᠠᠭ ᠲᠤ᠌ ᠲᠡᠷᠡ ᠶᠡᠷᠦᠨᠢ ᠶᠣᠰᠣ᠃  

             ᠳᠥᠷᠪᠡ ᠂ ᠡᠦᠲᠦ 
     ᠲᠡᠭᠷᠢ ᠶ᠋ᠢᠨ ᠣᠶᠣᠳᠠᠯ ᠭᠠᠵᠠᠷ ᠳᠡᠭᠡᠷ᠎ᠡ ᠪᠠᠭᠤᠴᠢᠬᠠᠪᠠᠤ ! ᠲᠡᠭᠷᠢ ᠶ᠋ᠢᠨ ᠣᠶᠣᠳᠠᠯ ᠳᠡᠭᠡᠷ᠎ᠡ ᠪᠢ ᠭᠠᠷᠴᠢᠬᠠᠪᠠᠤ ? ᠨᠢᠳᠦ ᠳᠦᠭᠦᠷᠡᠩ ᠡᠦᠲᠦ ᠠ᠋ ᠂ ᠬᠠᠷᠠᠭ᠎ᠠ ᠳᠦᠭᠦᠷᠡᠩ ᠡᠦᠲᠦ ᠠ᠋᠃  
     ᠡᠦᠲᠦ ᠠ᠋! ᠡᠦᠲᠦ –– ᠪᠠᠶᠠᠷ ᠤ᠋ᠨ ᠡᠳᠦᠷ ᠲᠠᠭᠠᠷᠠᠭᠰᠠᠨ ᠪᠣᠯ ᠪᠠᠭᠴᠠᠲᠤ ᠴᠣᠮᠣᠷᠯᠢᠭ ᠤ᠋ᠨ ᠮᠥᠩᠭᠥᠨ ᠳᠡᠯᠪᠢ ᠭᠡᠬᠦ ᠰᠠᠨ ᠂ ᠨᠠᠢᠷ ᠤ᠋ᠨ ᠰᠥᠨᠢ ᠲᠣᠬᠢᠶᠠᠯᠳᠤᠭᠰᠠᠨ ᠪᠣᠯ ᠪᠡᠯᠭᠡᠲᠦ ᠴᠡᠴᠡᠭ ᠦ᠋ᠨ ᠠᠯᠲᠠᠨ ᠭᠡᠰᠡᠷ ᠭᠡᠬᠦ ᠰᠠᠨ᠃ ᠡᠦᠲᠦ ᠂ ᠤᠯᠠᠭᠠᠨ ᠴᠤ᠌ ᠪᠣᠢ ᠂ ᠨᠣᠭᠣᠭᠠᠨ ᠴᠤ᠌ ᠪᠣᠢ ᠂ ᠬᠥᠬᠡ ᠴᠦ᠍ ᠪᠣᠢ ᠂ ᠰᠢᠷ᠎ᠠ ᠴᠤ᠌ ᠪᠣᠢ ᠂ ᠥᠩᠭᠡ ᠪᠦᠷᠢ ᠶ᠋ᠢᠨ ᠡᠦᠲᠦ ᠂ ᠡᠮᠦᠨ᠎ᠡ ᠴᠦ᠍ ᠪᠣᠢ᠂ ᠬᠣᠢᠨ᠎ᠠ ᠴᠤ᠌ ᠪᠣᠢ ᠂ ᠳᠡᠭᠡᠷ᠎ᠡ ᠴᠦ᠍ ᠪᠣᠢ ᠂ ᠳᠣᠣᠷ᠎ᠠ ᠴᠤ᠌ ᠂ ᠪᠣᠢ ᠂ ᠵᠦᠭ ᠪᠦᠬᠦᠨ ᠳ᠋ᠦ᠍ ᠃ ᠡᠦᠲᠦᠨ ᠭᠠᠷᠠᠭ ᠲᠤ᠌ ᠪᠢ ᠢᠩᠭᠢᠭᠡᠳ ᠬᠦᠪᠦᠬᠦ ᠨᠢ ‍ᠦᠦ ? ᠡᠦᠲᠦᠨ ᠰᠦᠷᠦᠭ ᠲᠦ᠍ ᠪᠢ ᠢᠩᠭᠢᠭᠡᠳ ᠲᠥᠭᠡᠷᠢᠬᠦ ᠨᠢ ‍ᠦᠦ ? ᠡᠦᠲᠦᠨ ᠳᠠᠯᠠᠢ ᠳ᠋ᠤ᠌ ᠪᠢ ᠢᠩᠭᠢᠭᠡᠳ   ᠱᠤᠩᠪᠠᠬᠤ ᠨᠢ ‍ᠦᠦ ? ᠡᠦᠲᠦᠨ ᠣᠷᠴᠢᠯᠠᠩ ᠳ᠋ᠤ᠌ ᠪᠢ ᠢᠩᠭᠢᠭᠡᠳ ᠲᠡᠨᠦᠬᠦ ᠨᠢ ‍ᠦᠦ ? ᠵᠢᠭᠦᠷ ᠤᠷᠭᠤᠵᠤ ᠨᠢᠰᠦᠭᠡ  ᠦᠭᠡᠢ ᠡᠴᠡ ᠶᠢᠷᠲᠢᠨᠴᠦ ᠳ᠋ᠦ᠍ ᠪᠠᠢᠮᠠᠷ ᠯᠠ ᠶᠤᠮ  ᠳᠠ ᠂ ᠵᠡᠭᠦᠳᠦ ᠮᠠᠨᠠᠵᠤ ᠤᠨᠲᠠᠭ᠎ᠠ ᠦᠭᠡᠢ ᠡᠴᠡ ᠦᠨᠡᠨ ᠯᠡ ᠪᠠᠢᠮᠠᠷ ᠶᠤᠮ  ᠳᠠ ᠃   
     ᠁ ᠁ 
     ᠲᠡᠭᠷᠢ ᠶ᠋ᠢᠨ ᠣᠶᠣᠳᠠᠯ ᠭᠠᠵᠠᠷ ᠳᠡᠭᠡᠷ᠎ᠡ ᠪᠠᠭᠤᠭ᠎ᠠ ᠦᠭᠡᠢ ᠂ ᠲᠡᠭᠷᠢ ᠶ᠋ᠢᠨ ᠣᠶᠣᠳᠠᠯ ᠳᠡᠭᠡᠷ᠎ᠡ ᠪᠢ ᠴᠦ᠍ ᠭᠠᠷᠤᠭ᠎ᠠ ᠦᠭᠡᠢ ᠃ ᠭᠡᠲᠡᠯ᠎ᠡ ᠪᠢ ᠡᠦᠲᠦᠨ ᠳᠤᠮᠳᠠᠭᠤᠷ ᠠᠶᠠᠯᠠᠭᠰᠠᠭᠠᠷ ᠁᠁᠃ 
     ᠡᠨᠡ ᠡᠦᠲᠦ –– ᠭᠡᠷᠡᠯᠳᠡᠨ ᠦ᠌ ᠭᠡᠭᠡᠨ ᠳ᠋ᠦ᠍ ᠬᠡᠷᠡᠯᠳᠦᠳᠡᠭ ᠂ ᠠᠯᠵᠠᠭᠤ ᠡᠦᠲᠦ ᠪᠢᠰᠢ ᠂ ᠭᠡᠷᠡᠯ ᠦᠭᠡᠢ ᠬᠠᠷᠠᠩᠭᠤᠢ ᠶ᠋ᠢ ᠭᠡᠢᠭᠦᠯᠳᠡᠭ ᠠᠵᠢᠯᠴᠢ ᠡᠦᠲᠦ ᠠ᠋ –– ᠲᠤᠶᠠᠭᠠᠲᠠᠨ ᠤ᠋ ᠲᠤᠶᠠᠭᠠᠨ ᠳ᠋ᠤ᠌ ᠲᠤᠶᠠᠭᠠᠯᠠᠳᠠᠭ ᠵᠠᠯᠬᠠᠭᠤ ᠣᠳᠣ ᠪᠢᠰᠢ ᠂ ᠲᠤᠶᠠᠭ᠎ᠠ ᠦᠭᠡᠢ ᠪᠠᠯᠠᠷ ᠢ᠋ ᠭᠡᠢᠭᠦᠯᠳᠡᠭ ᠵᠢᠷᠭᠠᠯ ᠤ᠋ᠨ ᠡᠦᠲᠦ ᠠ᠋ ᠃ ᠠᠯᠲᠠᠨ ᠭᠡᠷᠡᠯ ᠨᠢ ᠠᠪᠤᠷᠭᠤ ᠪᠠᠷᠢᠯᠭ᠎ᠠ ᠶ᠋ᠢᠨ ᠪᠣᠯᠣᠳ ᠰᠢᠷᠪᠦᠰᠦᠨ ᠳ᠋ᠦ᠍ ᠴᠣᠷᠭᠢᠨ ᠣᠴᠢᠭᠰᠠᠨ ᠠ᠋ᠴᠠ ᠲᠡᠭᠷᠢ ᠶ᠋ᠢᠨ ᠢᠯᠴᠢ ᠠᠳᠠ ᠬᠤᠷᠠᠵᠤ ᠂ ᠯᠤᠤᠰ ᠤ᠋ᠨ ᠴᠡᠷᠢᠭ ᠠᠳᠠ ᠴᠤᠭᠯᠠᠷᠠᠵᠠᠢ ᠃ ᠠᠯᠲᠠᠨ ᠰᠠᠴᠤᠷᠠᠭ ᠨᠢ ᠰᠦᠷᠯᠢᠭ ᠬᠠᠢᠷᠬᠠᠨ ᠤ᠋ ᠪᠣᠯᠣᠷ ᠮᠠᠨᠳᠠᠯ ᠳ᠋ᠤ᠌ ᠬᠠᠷᠪᠤᠨ ᠬᠦᠷᠦᠭᠰᠡᠨ ᠡᠴᠡ ᠮᠥᠩᠭᠥᠨ ᠮᠣᠭᠠᠢ ᠠᠳᠠ ᠭᠦᠷᠪᠡᠯᠵᠡᠵᠦ ᠂ ᠭᠠᠯ ᠯᠤᠤ ᠠᠳᠠ ᠲᠣᠭᠯᠠᠵᠠᠢ ᠃ ᠠᠯᠲᠠᠨ ᠲᠣᠯᠣᠩ ᠨᠢ ᠡᠭᠡᠷᠡᠮ᠎ᠡ ᠴᠦᠯ ᠦ᠋ᠨ ᠲᠠᠴᠢᠷ ᠬᠥᠷᠥᠰᠥᠨ ᠳ᠋ᠦ᠍ ᠦᠰᠦᠷᠦᠨ ᠲᠤᠰᠤᠭᠰᠠᠨ ᠠ᠋ᠴᠠ ᠨᠣᠭᠣᠭᠠᠨ ᠨᠠᠷᠠᠰᠤ ᠠᠳᠠ ᠮᠥᠴᠢᠷᠯᠡᠵᠦ ᠂ ᠤᠯᠠᠭᠠᠨ ᠤᠳᠠᠪᠠᠯ᠎ᠠ ᠠᠳᠠ ᠪᠠᠳᠮᠠᠯᠠᠵᠠᠢ ᠂ ᠠᠯᠲᠠᠨ ᠭᠡᠭᠡ ᠨᠢ ᠪᠠᠶᠠᠨ ᠵᠤᠰᠠᠯᠠᠩ ᠤ᠋ᠨ ᠪᠢᠲᠢᠷᠢᠶᠡᠨ ᠲᠣᠭᠣᠨᠣ ᠪᠠᠷ ᠰᠠᠳᠠᠷᠠᠨ ᠤᠨᠠᠭᠰᠠᠨ ᠠ᠋ᠴᠠ ᠡᠷᠳᠡᠮ ᠦ᠋ᠨ ᠪᠠᠯ ᠠᠳᠠ ᠬᠠᠩᠬᠤᠯᠵᠤ ᠂ ᠮᠡᠳᠡᠯᠭᠡ ᠶ᠋ᠢᠨ ᠷᠠᠰᠢᠶᠠᠨ ᠠᠳᠠ ᠣᠨᠳᠣᠷᠴᠠᠢ᠃      
    –– ᠡᠦᠲᠦ ᠠ᠋ ᠂ ᠡᠦᠲᠦ ᠂ ᠰᠠᠴᠤᠷᠠᠨ ᠳᠤᠸᠠᠯᠠᠬᠤ ᠠᠷᠢᠭᠤᠨ ᠰᠦᠨᠡᠰᠦ ᠶ᠋ᠢ ᠴᠢᠨᠢ ᠬᠡᠨ ᠣᠯᠭᠣᠵᠤ ᠂ ᠭᠡᠷᠡᠯᠲᠦᠨ ᠲᠤᠨᠤᠷᠠᠬᠤ ᠮᠥᠩᠬᠡ ᠰᠢᠳᠢ ᠶ᠋ᠢ ᠴᠢᠨᠢ ᠬᠡᠨ ᠵᠠᠬᠢᠷᠤᠨᠠᠮ ?  ᠰᠣᠨᠣᠰᠤᠭᠠᠴᠢ!
    ᠵᠢᠷᠦᠬᠡᠨ ᠴᠡᠴᠡᠭ ᠢ᠋ ᠴᠢᠨᠢ ᠮᠢᠷᠠᠯᠵᠠᠲᠠᠯ᠎ᠠ ᠳᠡᠯᠭᠡᠷᠡᠭᠦᠯᠬᠦ ᠮᠣᠷᠢᠨ ᠬᠤᠭᠤᠷ ᠤ᠋ᠨ ᠡᠬᠡᠰᠢᠭ ᠢ᠋ ᠃   
  
            ᠲᠠᠪᠤ ᠂ ᠵᠡᠭᠦᠳᠦ
    《 ᠡᠷᠳᠡᠨᠢ ᠡᠪᠦᠷᠲᠦᠯᠡᠵᠦ ᠢᠷᠡᠨ᠎ᠡ ᠳᠠ ! ᠬᠠ ᠂ ᠬᠠ 》 ᠪᠠᠯᠠᠷ ᠠᠪᠤ ᠢᠩᠭᠢᠵᠦ ᠬᠦᠩᠭᠢᠨᠡᠲᠡᠯ᠎ᠡ ᠪᠡᠨ ᠶᠠᠷᠢᠵᠤ ᠬᠠᠳᠠᠭᠠᠨᠠᠲᠠᠯ᠎ᠠ ᠪᠠᠨ ᠢᠨᠢᠶᠡᠭᠡᠳ ᠨᠣᠢᠷ ᠠ᠋ᠴᠠ ᠪᠠᠨ ᠰᠡᠷᠢᠴᠢᠬᠡᠯ᠎ᠡ᠃  
     ᠵᠡᠭᠦᠳᠦᠨ ᠦ᠌ ᠦᠭᠡ ᠂ ᠵᠡᠭᠦᠳᠦᠨ ᠦ᠌ ᠢᠨᠢᠶᠡᠳᠦ ᠃  
     ᠦᠭᠡ ᠨᠢ ᠲᠡᠢᠮᠦ ᠯᠠ ᠴᠣᠯᠭᠢᠭᠠᠳ ᠂ ᠢᠨᠢᠶᠡᠳᠦ ᠨᠢ ᠲᠡᠢᠮᠦ ᠯᠠ ᠲᠤᠯᠬᠢᠭᠤᠨ ᠂ ᠥᠰᠬᠡᠵᠦ ᠬᠡᠯᠡᠪᠡᠯ ᠠᠭᠤᠯᠠ ᠬᠠᠳᠠ ᠳᠣᠷᠭᠢᠵᠤ ᠳᠦᠰᠬᠡᠵᠦ ᠬᠡᠯᠡᠪᠡᠯ ᠤᠰᠤ ᠮᠥᠷᠡᠨ ᠴᠠᠯᠭᠢᠨ᠎ᠠ ᠃  
     《 ᠭᠤᠷᠪᠠᠨ ᠠᠭᠤᠯᠠ 》 ᠰᠠᠭᠤᠷᠢ ᠪᠠᠷ ᠢ᠋ᠶ᠋ᠠᠨ ᠤᠷᠪᠠᠭᠤᠯᠤᠭᠳᠠᠵᠤ ᠂ ᠭᠣᠯᠣᠮᠲᠠ ᠤᠯᠤᠰ ᠲᠤ᠌ ᠬᠠᠪᠤᠷ ᠰᠠᠭᠠᠲᠠᠭᠰᠠᠨ ᠲᠡᠷᠡ ᠦᠶ᠎ᠡ ᠳ᠋ᠦ᠍ ᠠᠵᠠ ᠵᠢᠷᠭᠠᠯ ᠤ᠋ᠨ ᠠᠷᠢᠭᠤᠨ ᠬᠡᠰᠢᠭ ᠢ᠋ ᠠᠩᠬ᠎ᠠ ᠳᠡᠭᠡᠵᠢᠯᠡᠭᠡᠳ ᠢᠩᠭᠢᠵᠦ ᠨᠢᠭᠡ ᠢᠨᠢᠶᠡᠵᠦ ᠭᠡᠨ᠎ᠡ ᠃ 《 ᠳᠥᠷᠪᠡᠨ ᠬᠣᠣᠷᠲᠠᠨ 》 ᠦᠨᠳᠦᠰᠦ ᠪᠡᠷ ᠢ᠋ᠶ᠋ᠡᠨ ᠤᠰᠠᠳᠬᠠᠭᠳᠠᠵᠤ ᠂ ᠲᠦᠪᠰᠢᠷᠡᠯ ᠪᠦᠯᠬᠦᠮᠳᠡᠯ ᠦ᠋ᠨ ᠨᠠᠮᠤᠷ ᠭᠡᠢᠭᠰᠡᠨ ᠲᠡᠷᠡ ᠴᠠᠭ ᠲᠤ᠌ ᠠᠷᠠᠳ ᠢᠷᠭᠡᠳ ᠦ᠋ᠨ ᠠᠷᠢᠭᠤᠨ ᠠᠯᠲᠠᠨ ᠡᠷᠬᠡ ᠪᠡᠨ ᠠᠭᠢᠨ ᠣᠯᠤᠭᠠᠳ ᠢᠩᠭᠢᠵᠦ ᠪᠠᠰᠠ ᠨᠢᠭᠡ ᠢᠨᠢᠶᠡᠵᠦ ᠭᠡᠨ᠎ᠡ ᠃ 
     ᠲᠡᠭᠡᠪᠡᠯ ᠡᠨᠡ ᠤᠳᠠᠭ᠎ᠠ ᠨᠢ ?
     ᠪᠠᠯᠠᠷ ᠠᠪᠤ ᠂ ᠰᠢᠩᠭᠡᠨ ᠬᠥᠮᠥᠰᠬᠡ ᠪᠡᠨ ᠬᠥᠳᠡᠯᠭᠡᠨ ᠂ ᠡᠮᠰᠢᠭᠡᠷ ᠠᠮᠠ ᠪᠠᠨ ᠠᠩᠰᠠᠢᠯᠭᠠᠬᠤ ᠳ᠋ᠤ᠌ ᠂ ᠪᠠᠳᠠᠷᠠᠨ ᠳᠡᠯᠭᠡᠷᠡᠭᠰᠡᠨ ᠵᠢᠷᠦᠬᠡᠨ ᠴᠡᠴᠡᠭ ᠦ᠋ᠨ ᠬᠢᠨᠢ ᠣᠮᠣᠭᠯᠠᠭᠤᠨ ᠭᠢᠯᠪᠠᠭ᠎ᠠ ᠂ ᠰᠦᠮᠡᠭᠢ  ᠬᠠᠷᠠᠴᠠ ᠠ᠋ᠴᠠ ᠨᠢ ᠴᠤᠬᠤᠯᠵᠠᠨ᠎ᠠ ᠃ 
     ᠳᠠᠭᠠᠭᠠᠴᠢ  ᠳᠠ᠂ ᠳᠠᠭᠠᠭᠠᠴᠢ᠃ ᠡᠪᠦᠭᠡᠨ ᠠᠪᠤ ᠶ᠋ᠢᠨ ᠣᠶᠤᠨ ᠤ᠋ ᠣᠷᠴᠢᠯᠠᠩ ᠳ᠋ᠤ᠌ ᠶᠠᠭᠤ ᠤᠷᠭᠤᠭᠰᠠᠨ ᠢ᠋ ᠂ ᠦᠳᠡᠯᠦᠭᠡ ᠨᠠᠰᠤᠲᠠᠨ ᠤ᠋ ᠪᠢᠯᠢᠭ ᠦ᠋ᠨ ᠶᠢᠷᠲᠢᠨᠴᠦ ᠳ᠋ᠦ᠍ ᠶᠠᠭᠤ ᠳᠡᠯᠭᠡᠭᠳᠡᠭᠰᠡᠨ ᠢ᠋᠃ 
    《 ᠡᠷᠳᠡᠨᠢ ᠡᠪᠦᠷᠲᠦᠯᠡᠵᠦ ᠬᠠᠷᠢᠨ᠎ᠠ ᠳᠠ 》 — ᠵᠢᠭᠠᠯ ᠦᠶ᠎ᠡ ᠶ᠋ᠢᠨ ᠬᠢᠨᠢ ᠬᠦᠰᠡᠯ ᠪᠢᠵᠡ ᠂ ᠵᠠᠯᠠᠭᠤ ᠴᠠᠭ ᠤ᠋ᠨ ᠬᠢᠨᠢ ᠵᠣᠷᠢᠯ ᠪᠢᠵᠡ ! 
     ᠬᠠᠨᠠᠰᠠ ᠳᠠ᠂ ᠬᠠᠨᠠᠰᠠ . ᠪᠠᠯᠪᠠᠨ ᠢᠷᠡᠬᠦ ᠬᠠᠷ᠎ᠠ ᠲᠠᠰᠢᠭᠤᠷ ᠯᠠ 《 ᠬᠦᠮᠦᠵᠢᠯᠲᠦ ᠬᠦᠷᠲᠡᠭᠡᠯ 》ᠪᠣᠯᠵᠤ ᠂ ᠪᠢᠴᠢᠯᠡᠨ ᠢᠷᠡᠬᠦ ᠬᠠᠷᠭᠢᠰ ᠲᠠᠮᠤᠯᠠᠯ ᠯᠠ 《 ᠪᠣᠯᠪᠠᠰᠤᠨ ᠣᠷᠴᠢᠨ 》 ᠪᠣᠯᠤᠭᠰᠠᠨ ᠲᠡᠷᠡᠬᠦ ᠠᠮᠢᠳᠤ ᠶ᠋ᠢᠨ ᠲᠠᠮᠤ ᠳ᠋ᠤ᠌ ᠬᠠᠮᠢᠭ᠎ᠠ ᠠ᠋ᠴᠠ 《 ᠡᠷᠳᠡᠮ 》 ᠭᠡᠰᠡᠨ ᠤᠬᠠᠭᠳᠠᠬᠤᠨ ᠲᠡᠳᠡᠨ ᠦ᠌ ᠲᠠᠷᠢᠬᠢᠨ ᠳ᠋ᠤ᠌ ᠬᠦᠪᠦᠷᠡᠨ ᠂ 《 ᠡᠷᠳᠡᠨᠢ 》 ᠶ᠋ᠢ ᠬᠦᠰᠡᠬᠦ ᠰᠡᠳᠬᠢᠯ ᠂ ᠲᠡᠳᠡᠨ ᠦ᠌ ᠰᠠᠨᠠᠭᠠᠨ ᠳ᠋ᠤ᠌ ᠰᠣᠶᠣᠭᠠᠯᠠᠬᠤ ᠪᠢᠯᠡ ᠁  
     ᠣᠨᠢᠰᠣᠭ᠎ᠠ ᠬᠣᠨᠵᠢᠭᠰᠠᠨ ᠬᠡᠦᠬᠡᠳ  ᠰᠢᠭ ᠣᠩᠭᠣᠢᠨ ᠢᠨᠢᠶᠡᠬᠦ ᠪᠠᠯᠠᠷ ᠠᠪᠤ ᠶ᠋ᠢᠨ ᠬᠠᠷᠠᠴᠠ ᠠ᠋ᠴᠠ ᠲᠠᠢᠯᠪᠤᠷᠢ ᠣᠯᠬᠤ ᠪᠠᠷ ᠰᠢᠢᠳᠦᠨ ᠳᠠᠭᠠᠭᠤᠯᠤᠨ ᠬᠠᠷᠠᠪᠠᠯ :       ᠠ ! ᠡᠷᠳᠡᠨᠢ ᠡᠪᠦᠷᠲᠦᠯᠡᠬᠦ ᠵᠣᠯᠪᠣᠭᠠᠲᠤ ᠬᠥᠮᠦᠰ ᠨᠢ ᠠᠳᠠ ᠪᠠᠢᠵᠠᠢ ᠎— ᠶᠡᠬᠡ ᠰᠤᠷᠭᠠᠭᠤᠯᠢ ᠳ᠋ᠤ᠌ ᠬᠠᠮᠲᠤ ᠳᠠᠪᠰᠢᠨ ᠂ ᠡᠷᠳᠡᠮ ᠦ᠋ᠨ ᠳᠠᠯᠠᠢ ᠳ᠋ᠤ᠌ ᠴᠣᠭ ᠱᠤᠩᠪᠠᠬᠤ ᠭᠤᠷᠪᠠᠨ ᠠᠴᠢ ᠶ᠋ᠢᠨ ᠬᠢᠨᠢ ᠪᠠᠶᠠᠰᠬᠤᠯᠠᠩᠲᠤ ᠢᠨᠢᠶᠡᠳᠦ ᠰᠢᠯ ᠦ᠋ᠨ ᠴᠠᠭᠠᠨ᠎ᠠ ᠦᠵᠡᠭᠳᠡᠨ ᠂ ᠪᠣᠯᠣᠷ ᠤ᠋ᠨ ᠴᠠᠭᠠᠨ᠎ᠠ ᠲᠣᠳᠣᠷᠠᠨ᠎ᠠ ᠃   
     ᠪᠠᠶᠠᠷᠯᠠᠭᠤᠱᠢᠲᠠᠢ ᠪᠢᠰᠢᠦ ᠂ ᠪᠠᠬᠠᠳᠤᠭᠤᠱᠢᠲᠠᠢ ᠪᠢᠰᠢᠦ ᠃ ᠡᠭᠡᠯ ᠮᠠᠯᠴᠢᠳ ᠤ᠋ᠨ ᠬᠦᠰᠡᠯ ᠦ᠋ᠨ ᠴᠢᠪᠬᠠᠳᠠᠰᠤ ᠂ ᠡᠷᠢᠯ ᠦ᠋ᠨ ᠬᠥᠭ ᠂ ᠣᠷᠭᠢᠯ ᠥᠭᠡᠳᠡ ᠂ ᠡᠦᠲᠦᠨ ᠥᠭᠡᠳᠡ ᠂ ᠣᠭᠲᠠᠷᠭᠤᠢ ᠥᠭᠡᠳᠡ ᠂ ᠣᠷᠴᠢᠯᠠᠩ ᠥᠭᠡᠳᠡ ᠂ ᠰᠢᠭᠤᠳᠤᠨ ᠵᠦᠭᠯᠡᠭᠰᠡᠨ ᠢ᠋ ᠂ ᠰᠢᠭᠤᠷᠤᠨ ᠨᠢᠰᠦᠭᠰᠡᠨ ᠢ᠋ ᠱᠤᠩᠭᠤᠨ ᠲᠡᠮᠡᠦᠯᠦᠭᠰᠡᠨ ᠢ᠋ ᠂ ᠰᠤᠨᠤᠨ ᠵᠣᠷᠢᠭᠰᠠᠨ ᠢ᠋ ᠃  
    ᠁ ᠢᠩᠭᠢᠮᠡᠨᠵᠢᠨ ᠰᠠᠶᠢ ᠬᠠᠪᠤᠷ ᠨᠢ ᠬᠠᠪᠤᠷ ᠠ᠋ᠴᠠ ᠪᠠᠨ ᠬᠠᠪᠤᠷ ᠪᠣᠯᠵᠤ ᠂ ᠬᠥᠬᠡ ᠨᠢ ᠬᠥᠬᠡ ᠡᠴᠡ ᠪᠡᠨ ᠬᠥᠬᠡ ᠪᠣᠯᠤᠨ᠎ᠠ ᠃ ᠡᠨᠡ ᠪᠣᠯ ᠮᠠᠨ ᠤ᠋ ᠴᠣᠭ  ᠵᠣᠯᠢ᠂ ᠡᠨᠡ ᠪᠣᠯ ᠮᠠᠨ ᠤ᠋ ᠴᠣᠯᠮᠣᠨ ᠭᠡᠭᠡ ᠃   
          
          ᠵᠢᠷᠭᠤᠭ᠎ᠠ ᠂ ᠴᠡᠴᠡᠭ    
    ᠁ ᠴᠡᠴᠡᠭ ᠦ᠋ᠨ ᠳᠠᠪᠠᠯᠭᠠᠨ ᠮᠢᠩᠭᠠᠨ ᠭᠠᠵᠠᠷ ᠦᠷᠭᠦᠯᠵᠢᠯᠡᠨ ᠂ ᠴᠡᠴᠡᠭ ᠦ᠋ᠨ ᠳᠣᠯᠭᠢᠶᠠᠨ ᠲᠦᠮᠡᠨ ᠪᠠᠷ᠎ᠠ ᠰᠤᠨᠤᠨ᠎ᠠ ᠁  
     ᠠ︕ ᠡᠨᠡ ᠪᠣᠯ ᠴᠡᠴᠡᠭ ᠦ᠋ᠨ ᠳᠠᠯᠠᠢ — ᠲᠠᠯ᠎ᠠ ᠨᠤᠲᠤᠭ ᠂ ᠲᠠᠯ᠎ᠠ ᠨᠤᠲᠤᠭ — ᠴᠡᠴᠡᠭ ᠦ᠋ᠨ ᠳᠠᠯᠠᠢ ᠃ ᠡᠨᠡ ᠪᠣᠯ ᠴᠡᠴᠡᠭ ᠦ᠋ᠨ ᠥᠯᠥᠭᠡᠢ — ᠲᠠᠯ᠎ᠠ ᠨᠤᠲᠤᠭ ᠂ ᠲᠠᠯ᠎ᠠ ᠨᠤᠲᠤᠭ — ᠴᠡᠴᠡᠭ ᠦ᠋ᠨ ᠥᠯᠥᠭᠡᠢ ᠃  
     ᠠᠯᠠᠭ ᠡᠷᠪᠡᠬᠡᠢ ᠠᠯᠵᠢᠶᠠᠯ ᠢ᠋ ᠲᠡᠪᠴᠢᠨ ᠠᠳᠠ ᠳᠡᠷᠪᠡᠭᠡᠳ ᠢᠷᠡᠵᠡᠢ ᠂ ᠠᠵᠤ ᠶᠠᠪᠤᠳᠠᠯ ᠢ᠋ᠶ᠋ᠠᠨ ᠦᠶ᠎ᠡ ᠶ᠋ᠢᠨ ᠦᠶ᠎ᠡ ᠠᠳᠠ ᠡᠷᠬᠢᠯᠡᠬᠦ ᠭᠡᠨ᠎ᠡ ᠃ ᠠᠵᠢᠯᠴᠢ ᠵᠥᠭᠡᠢ ᠠᠯᠤᠰ ᠢ᠋ ᠡᠪᠬᠡᠨ ᠠᠳᠠ ᠵᠢᠩᠭᠢᠨᠡᠭᠡᠳ ᠢᠷᠡᠵᠡᠢ ᠃ ᠠᠳᠠᠯ ᠦᠢᠯᠡᠰ ᠢ᠋ᠶ᠋ᠡᠨ ᠭᠠᠯᠪᠠ ᠶ᠋ᠢᠨ ᠭᠠᠯᠪᠠ ᠠᠳᠠ ᠴᠣᠭᠴᠠᠯᠠᠬᠤ ᠭᠡᠨ᠎ᠡ ᠃  
     ᠲᠣᠭᠠᠯᠠᠭᠠᠳ ᠪᠠᠷᠠᠬᠤ ᠦᠭᠡᠢ ᠠᠢᠮᠠᠭ ᠢᠵᠠᠭᠤᠷ ᠲᠠᠢ ᠲᠠᠯ᠎ᠠ ᠶ᠋ᠢᠨ ᠴᠡᠴᠡᠭ ᠳᠣᠲᠣᠷ᠎ᠠ ᠠ᠋ᠴᠠ ᠂ ᠨᠡᠷᠡᠯᠡᠭᠡᠳ ᠳᠤᠭᠤᠷᠠᠬᠤ ᠦᠭᠡᠢ ᠲᠥᠷᠥᠯ ᠵᠦᠢᠯ ᠲᠡᠢ ᠲᠠᠯ᠎ᠠ ᠶ᠋ᠢᠨ ᠴᠡᠴᠡᠭ ᠳᠤᠮᠳᠠ ᠠ᠋ᠴᠠ ᠪᠢ ᠦᠵᠡᠯ᠎ᠡ ᠂ ᠪᠢ ᠬᠠᠷᠠᠯ᠎ᠠ — ᠡᠭᠡᠭᠡ ᠠᠳᠠᠯᠢ ᠦᠨᠳᠦᠰᠦ ᠲᠡᠢ ᠂ ᠡᠭᠡᠭᠡ ᠠᠳᠠᠯᠢ ᠦᠵᠡᠮᠵᠢ ᠲᠡᠢ ᠂ ᠡᠭᠡᠭᠡ ᠠᠳᠠᠯᠢ ᠨᠠᠬᠢᠶ᠎ᠠ ᠲᠠᠢ ᠂ ᠡᠭᠡᠭᠡ ᠠᠳᠠᠯᠢ ᠨᠠᠪᠴᠢ ᠲᠠᠢ ᠂ ᠮᠢᠩᠭᠠᠨ ᠮᠢᠩᠭᠠᠨ ᠴᠡᠴᠡᠭ ᠢ᠋ ᠲᠦᠮᠡᠨ ᠲᠦᠮᠡᠨ ᠴᠡᠴᠡᠭ ᠢ᠋ ᠂ ᠲᠡᠷᠡ ᠮᠠᠨᠤᠬᠤ ᠰᠢᠭ᠋ ᠤᠯᠠᠭᠠᠨ ᠂ ᠱ᠌ᠢᠷᠦ ᠰᠢᠭ ᠤᠯᠠᠭᠠᠨ ᠂ ᠭᠠᠯ ᠰᠢᠭ᠋ ᠤᠯᠠᠭᠠᠨ ᠂ ᠨᠠᠷᠠ ᠰᠢᠭ᠋ ᠤᠯᠠᠭᠠᠨ ᠁ ᠁ 
     ᠰᠣᠷᠭᠣᠭ ᠬᠤᠷᠴᠠ ᠭᠡᠪᠡᠯ ᠡᠢᠮᠦ ᠶ᠋ᠢ ᠯᠡ ᠬᠡᠯᠡᠳᠡᠭ ᠪᠠᠢᠬᠤ ᠳᠠ ᠂ ᠰᠣᠳᠣ ᠰᠠᠢᠬᠠᠨ ᠭᠡᠪᠡᠯ ᠡᠢᠮᠦ ᠶ᠋ᠢ ᠯᠡ ᠳᠤᠷᠠᠳᠳᠠᠭ ᠪᠠᠢᠬ᠎ᠠ ᠳᠠ ᠃ ᠭᠡᠲᠡᠯ᠎ᠡ ᠲᠡᠭᠦᠨ ᠦ᠌ ᠰᠣᠷᠭᠣᠭ ᠬᠤᠷᠴᠠ ᠪᠠ ᠰᠣᠳᠣ ᠰᠠᠢᠬᠠᠨ ᠨᠢ ᠨᠠᠪᠲᠠᠷᠠᠮ᠎ᠠ ᠰᠢᠩᠭᠡᠮ᠎ᠡ ᠠᠩᠬᠢᠯᠤᠮᠠᠯ ᠳ᠋ᠠᠭᠠᠨ ᠯᠠ ᠪᠠᠢᠬᠤ ᠪᠢᠰᠢ ᠂ ᠨᠡᠪᠴᠢᠮ᠎ᠡ ᠲᠤᠰᠤᠯᠤᠮ᠎ᠠ ᠡᠩᠭᠡᠰᠬᠡ ᠳ᠋ᠡᠭᠡᠨ ᠯᠡ ᠪᠠᠢᠬᠤ ᠪᠢᠰᠢ ᠂ ᠬᠠᠷᠢᠨ ᠂ ᠦᠨᠡᠨ ᠶᠣᠰᠣᠨ ᠤ᠋ ᠠᠯᠲᠠᠨ ᠳᠡᠯᠪᠢ ᠶ᠋ᠢ ᠨᠡᠭᠡᠭᠡᠳᠡᠭ ᠲᠦ᠍ ᠪᠣᠢ ᠂ ᠣᠶᠤᠨ ᠤᠬᠠᠭᠠᠨ ᠤ᠋ ᠰᠢᠵᠢᠷ ᠴᠣᠮᠣᠷᠯᠢᠭ ᠢ᠋ ᠳᠡᠯᠭᠡᠳᠡᠭ ᠲᠦ᠍ ᠪᠣᠢ ᠃ 
     ᠴᠡᠴᠡᠭ ᠴᠡᠴᠡᠭ ᠡᠴᠡ ᠲᠡᠷᠡ ᠣᠨᠳᠣᠣ ᠪᠠᠢᠳᠠᠭ ᠨᠢ ᠂ ᠨᠠᠷᠠ ᠢᠯᠡᠭᠦᠦ ᠡᠭᠡᠭᠡᠵᠦ ᠦᠦ? ᠪᠣᠯᠪᠠᠰᠤᠨ ᠦᠨᠳᠦᠰᠦᠲᠡᠨ ᠦ᠌ ᠰᠣᠶᠣᠯ ᠤ᠋ᠨ ᠥᠪ ᠢ᠋ᠶ᠋ᠡᠷ ᠥᠩᠭᠡᠯᠢᠭ ᠬᠥᠷᠥᠰᠥ ᠪᠡᠨ ᠪᠣᠯᠭᠠᠭᠰᠠᠨ ᠠ᠋ᠴᠠ ᠂ ᠪᠣᠮᠠᠨ ᠣᠨ ᠤ᠋ ᠪᠢᠯᠢᠭ ᠦ᠋ᠨ ᠰᠠᠩ ᠢ᠋ᠶ᠋ᠠᠷ ᠥᠭᠭᠢᠶᠡᠮᠦᠷ ᠲᠡᠵᠢᠭᠡᠯ ᠢ᠋ᠶ᠋ᠡᠨ ᠪᠣᠯᠭᠠᠭᠰᠠᠨ  ᠠ᠋ᠴᠠ ᠂ ᠡᠨᠡᠷᠢᠯᠲᠦ ᠨᠠᠮ ᠤ᠋ᠨ ᠬᠠᠢᠷ᠎ᠠ ᠬᠠᠯᠠᠮᠵᠢ ᠶ᠋ᠢᠨ ᠢᠯᠴᠢ ᠳᠤᠯᠠᠭᠠᠨ ᠢ᠋ ᠬᠦᠷᠲᠡᠭᠰᠡᠨ ᠡᠴᠡ ᠂ ᠡᠷᠡᠨ ᠴᠠᠭ ᠤ᠋ᠨ ᠬᠠᠨᠳᠤᠯᠭ᠎ᠠ ᠳᠡᠮᠵᠢᠯᠭᠡ ᠶ᠋ᠢᠨ ᠢᠳᠡᠷᠬᠡᠭ ᠰᠦᠯᠳᠡ ᠶ᠋ᠢ ᠰᠡᠭᠦᠳᠡᠷᠯᠡᠭᠰᠡᠨ ᠡᠴᠡ ᠡᠨᠡ ᠴᠡᠴᠡᠭ ᠲᠦ᠍ ᠤᠷᠭᠤᠵᠤ ᠳᠡᠭᠵᠢᠬᠦ ᠯᠡ ᠪᠠᠢᠬᠤ ᠠ᠋ᠴᠠ ᠪᠢᠰᠢ ᠂ ᠤᠨᠠᠵᠤ ᠵᠤᠯᠭᠠᠷᠠᠬᠤ ᠪᠠᠢᠳᠠᠭ ᠦᠭᠡᠢ ᠃ 
     ᠨᠥᠬᠥᠳ ᠮᠢᠨᠢ! ᠣᠷᠴᠢᠯᠠᠩ ᠳᠡᠯᠡᠬᠡᠢ ᠶ᠋ᠢᠨ ᠴᠡᠯᠭᠡᠷ ᠠᠭᠤᠳᠠᠮ ᠢ᠋ ᠪᠢᠳᠡ ᠮᠡᠳᠡᠨ᠎ᠡ ᠃ ᠣᠷᠴᠢᠯᠠᠩ ᠳᠠᠶᠠᠭᠠᠷ ᠴᠡᠴᠡᠭ ᠬᠤᠸᠠᠷ ᠲᠠᠢ  ᠶ᠋ᠢ ᠴᠦ᠍ ᠪᠢᠳᠡ ᠮᠡᠳᠡᠨ᠎ᠡ ᠃ ᠭᠡᠲᠡᠯ᠎ᠡ ᠡᠨᠡ ᠴᠡᠴᠡᠭ ᠰᠢᠭ ᠬᠠᠪᠤᠷ  ᠂ ᠵᠤᠨ ᠂ ᠨᠠᠮᠤᠷ ᠂ ᠡᠪᠦᠯ ᠭᠡᠵᠦ ᠤᠯᠠᠷᠢᠯ ᠢᠯᠭᠠᠳᠠᠭ ᠦᠭᠡᠢ ᠂ ᠬᠠᠯᠠᠭᠤᠨ ᠳᠤᠯᠠᠭᠠᠨ ᠂ ᠴᠢᠭᠢᠭ ᠂ ᠨᠣᠢᠲᠠᠨ ᠭᠡᠵᠦ ᠨᠥᠬᠥᠴᠡᠯ ᠰᠢᠯᠢᠳᠡᠭ ᠦᠭᠡᠢ ᠪᠠᠳᠠᠷᠠᠨ ᠳᠤᠯᠠᠯᠵᠠᠭᠠᠳ ᠯᠠ ᠪᠠᠢᠳᠠᠭ ᠂ ᠪᠠᠭᠰᠢᠷᠠᠨ ᠤᠯᠠᠯᠵᠠᠭᠠᠳ ᠯᠠ ᠪᠠᠢᠳᠠᠭ ᠂ ᠠᠮᠢᠯᠠᠯ ᠤ᠋ᠨ ᠴᠣᠭ ᠵᠢᠪᠬᠤᠭ᠎ᠠ ᠲᠠᠢ ᠂ ᠥᠨᠢᠳᠡ ᠶ᠋ᠢᠨ ᠪᠡᠯᠭᠡ ᠰᠤᠪᠢᠨ ᠲᠠᠢ ᠂ ᠠᠰᠢᠳᠠ ᠶ᠋ᠢᠨ ᠬᠦᠰᠡᠯ ᠨᠠᠢᠳᠠᠪᠤᠷᠢ ᠲᠠᠢ ᠂ ᠬᠠᠮᠲᠤ  ᠶ᠋ᠢᠨ ᠠᠯᠤᠰ ᠬᠡᠳᠦ ᠲᠡᠢ ᠴᠡᠴᠡᠭ ᠥᠭᠡᠷ᠎ᠡ ᠪᠠᠢᠨ᠎ᠠ ᠤᠤ ? 
     ᠦᠭᠡᠢ ᠂ ᠭᠠᠭᠴᠠ  ᠬᠦ᠌ ᠡᠨᠡ ᠯᠡ ᠃ 
     ᠡᠨᠡ ᠪᠣᠯ ᠵᠢᠩᠬᠢᠨᠢ ᠴᠡᠴᠡᠭ ᠂ ᠶᠣᠰᠣᠲᠠᠢ ᠴᠡᠴᠡᠭ ᠂ ᠦᠨᠡᠨ ᠴᠡᠴᠡᠭ ᠂ ᠴᠡᠴᠡᠭ ᠦ᠋ᠨ ᠳᠣᠲᠣᠷᠠᠬᠢ ᠴᠡᠴᠡᠭ ᠂ — ᠲᠠᠯ᠎ᠠ ᠨᠤᠲᠤᠭ ᠤ᠋ᠨ ᠥᠨᠥᠳᠥᠷ ᠦ᠋ᠨ ᠴᠡᠴᠡᠭ ᠂ ᠲᠠᠯ᠎ᠠ ᠨᠤᠲᠤᠭ ᠤ᠋ᠨ ᠮᠠᠷᠭᠠᠲᠤᠷ ᠤ᠋ᠨ  ᠺᠣᠪᠠᠷᠠᠢᠺ᠂  ᠱᠸᠺᠠᠰᠪᠸᠷ ᠂  ᠸᠸᠨᠴᠢ ᠂ ᠨᠢᠶᠦᠲ᠋ᠥ᠋ᠨ ᠂ ᠳ᠋ᠠᠷᠸᠸᠨ ᠂ ᠮᠢᠴᠥ᠋ᠷᠢᠨ ᠂ ᠠᠢᠨᠰᠲ᠋ᠧᠨ ᠂  ᠹᠸᠨᠳᠤᠹᠸᠨ᠂ ᠴᠧᠨ ᠵᠢᠩ ᠷᠦᠨ ᠂ ᠯᠢ ᠰᠧ ᠭᠤᠸᠠᠩ ᠁  

            ᠳᠣᠯᠣᠭ᠎ᠠ ᠂ ᠨᠠᠢᠷ  
    《 ᠡᠢᠮᠦ ᠭᠠᠵᠠᠷ ᠪᠠᠢᠭᠰᠠᠨ ᠢ᠋ ᠪᠢᠳᠡ ᠶᠠᠭᠠᠬᠢᠭᠠᠳ ᠮᠡᠳᠡᠭᠰᠡᠨ ᠦᠭᠡᠢ ᠪᠣᠢ ? ᠡᠢᠮᠦ ᠭᠠᠵᠠᠷ ᠪᠠᠢᠬᠤ ᠶ᠋ᠢ ᠪᠢᠳᠡ ᠬᠡᠴᠢᠨᠡᠨ ᠴᠦ᠍ ᠬᠦᠰᠡᠪᠡ ᠳᠡ 》 ᠵᠢᠩᠭᠠᠷ ᠪᠠᠭᠠᠲᠤᠷ ᠂ ᠲᠤᠤ ᠶᠤᠸᠠᠨ ᠮᠢᠩ ᠠᠪᠤᠭᠠᠢ ᠂ ᠮᠥᠸᠧᠷ  ᠪᠠᠭᠰᠢ ᠶᠠᠷᠢᠯᠴᠠᠭᠰᠠᠭᠠᠷ ᠠᠯᠬᠤᠨ᠎ᠠ ᠃  
     — ᠠᠭᠠᠷᠤ ᠂ ᠽᠠᠨᠳᠠᠨ ᠂ ᠠᠨᠬᠤᠸᠠ᠂ ᠲᠠᠨᠬᠤᠸᠠ ᠶ᠋ᠢᠨ ᠰᠡᠩᠭᠢᠨᠡᠮ᠎ᠡ ᠴᠠᠩᠭᠢᠨᠠᠮ᠎ᠠ ᠶ᠋ᠢ ᠦᠨᠦᠷᠲᠦᠭᠰᠡᠨ ᠦᠭᠡᠢ ᠴᠦ᠍ ᠂ ᠠᠷᠴᠠ᠂ ᠵᠠᠭ ᠂ ᠠᠭᠢ ᠂ ᠳᠠᠭᠠᠨ᠎ᠠ ᠶ᠋ᠢᠨ ᠠᠩᠬᠢᠯᠤᠮ᠎ᠠ ᠬᠠᠩᠬᠤᠯᠤᠮ᠎ᠠ ᠶ᠋ᠢ ᠦᠨᠦᠰᠦᠯ᠎ᠡ ᠃  
     — ᠠᠮᠢᠳᠤ ᠣᠷᠬᠣᠳᠠᠢ ᠂ ᠠᠯᠲᠠᠨ ᠷᠢᠯᠦ ᠶ᠋ᠢᠨ ᠮᠥᠩᠬᠡ ᠶ᠋ᠢᠨ ᠰᠢᠳᠢ ᠶ᠋ᠢ ᠣᠯᠤᠭᠰᠠᠨ ᠦᠭᠡᠢ ᠴᠦ᠍ ᠂ ᠠᠪᠤᠷᠭᠤ ᠨᠠᠷᠠᠰᠤ ᠂ ᠴᠠᠭᠠᠨ ᠤᠯᠢᠶᠠᠰᠤᠨ ᠤ᠋ ᠵᠢᠩᠬᠢᠨᠢ ᠴᠢᠨᠠᠷ ᠢ᠋ ᠬᠦᠷᠲᠡᠯ᠎ᠡ ᠃      
     — ᠷᠠᠰᠢᠶᠠᠨᠲᠤ ᠰᠢᠭᠦᠳᠡᠷᠢ ᠂ ᠰᠠᠬᠢᠭᠤᠯᠰᠤᠨ ᠤᠰᠤᠨ ᠤ᠋ ᠪᠠᠯ ᠰᠢᠮ᠎ᠡ ᠶ᠋ᠢ ᠳᠡᠭᠡᠵᠢᠯᠡᠭᠰᠡᠨ ᠦᠭᠡᠢ ᠴᠦ᠍ ᠂ ᠠᠢᠷᠠᠭ ᠲᠠᠷᠠᠭ ᠂ ᠰᠦ ᠴᠡᠬᠡ ᠶ᠋ᠢᠨ ᠰᠣᠨᠢᠨ ᠰᠡᠪᠡᠭᠦᠨ ᠳ᠋ᠦ᠍ ᠰᠣᠭᠲᠣᠭᠤᠷᠠᠯ᠎ᠠ ᠃  
     — ᠡᠷᠳᠡᠨᠢ ᠬᠤᠯᠤ ᠂ ᠬᠤᠪᠢᠯᠭᠠᠨ ᠴᠢᠨᠳᠠᠮᠠᠨᠢ ᠶ᠋ᠢᠨ ᠶᠢᠯᠸᠢ ᠤᠪᠠᠳᠢᠰ ᠢ᠋ ᠬᠠᠷᠠᠭᠰᠠᠨ ᠦᠭᠡᠢ ᠴᠦ᠍ ᠡᠷᠳᠡᠮ ᠰᠣᠶᠣᠯ ᠂ ᠪᠢᠯᠢᠭ ᠣᠶᠤᠨ ᠤ᠋ ᠡᠷᠬᠢᠮ ᠴᠤᠬᠠᠭ ᠢ᠋ ᠲᠠᠨᠢᠯ᠎ᠠ ᠃ 
     — ᠬᠠ ! ᠶᠠᠭᠠᠬᠢᠭᠰᠠᠨ ᠰᠠᠢᠬᠠᠨ ᠪᠠᠷᠢᠯᠭ᠎ᠠ ᠶᠠᠮᠠᠷ ᠭᠣᠶᠣᠬᠠᠨ ᠠᠰᠠᠷ ᠪᠣᠢ ᠃ 
     — ᠭᠬᠢᠷ ᠦᠭᠡᠢ ᠴᠠᠭᠠᠨ ᠬᠡᠷᠡᠮ ᠨᠢ ᠣᠸ᠋᠎ᠠ ᠪᠠᠷ ᠵᠦᠯᠭᠦᠭᠰᠡᠨ ᠰᠢᠭ ᠂ ᠥ ᠦᠭᠡᠢ ᠠᠰᠬᠠᠨ ᠬᠡᠯᠪᠡᠷᠢ ᠨᠢ ᠱᠣᠣ ᠪᠠᠷ ᠵᠡᠷᠭᠡᠯᠡᠭᠰᠡᠨ ᠰᠢᠭ ᠃ ᠭᠠᠨᠲᠢᠭ ᠬᠡᠷᠡᠰᠬᠡ ᠂ ᠬᠠᠰ ᠤ᠋ᠨ ᠶᠡᠨᠳᠡᠷ ᠲᠡᠭᠦᠨ ᠳ᠋ᠦ᠍ ᠪᠠᠢᠭ᠎ᠠ ᠦᠭᠡᠢ ᠴᠦ᠍ ᠂ ᠭᠠᠩᠭᠠᠩ ᠭᠣᠢᠳᠠ ᠪᠠᠷ ᠲᠡᠷᠡ ᠶᠡᠷᠦᠨᠢ ᠳᠤᠲᠠᠮᠠᠭ ᠪᠤᠰᠤ ᠂  ᠱ᠌ᠢᠷᠦᠨ ᠳᠡᠭᠡᠪᠦᠷ ᠂ ᠰᠡᠢᠯᠪᠦᠷᠢᠲᠦ ᠰᠠᠷᠠᠪᠴᠢ ᠂ ᠲᠡᠭᠦᠨ ᠳ᠋ᠦ᠍ ᠪᠠᠢᠭ᠎ᠠ ᠦᠭᠡᠢ ᠴᠦ᠍ ᠰᠢᠨ᠎ᠡ ᠬᠡᠭᠡᠨᠴᠢᠷ ᠢ᠋ᠶ᠋ᠡᠷ ᠲᠡᠷᠡ ᠶᠡᠷᠦᠨᠢ ᠳᠤᠯᠢᠮᠠᠭ ᠪᠤᠰᠤ ᠃ ᠠᠵᠠ ᠵᠢᠷᠭᠠᠯ ᠢ᠋ᠶ᠋ᠠᠨ ᠲᠠᠪᠠᠲᠠᠢ ᠴᠣᠭᠴᠠᠯᠠᠭ᠎ᠠ ᠂ ᠭᠠᠷᠮᠠᠭᠠᠢ ᠡᠵᠡᠨ ᠨᠢ ᠬᠡᠨ ᠶᠦ᠍ᠮ ᠪᠣᠯ ᠂ ᠠᠳᠠᠯ ᠦᠢᠯᠡᠰ ᠢ᠋ᠶ᠋ᠡᠨ ᠬᠠᠪᠤᠲᠠᠢ ᠪᠣᠰᠬᠠᠭ᠎ᠠ ᠭᠠᠢᠬᠠᠮᠰᠢᠭᠲᠤ ᠪᠠᠭᠠᠲᠤᠷ ᠨᠢ ᠬᠡᠨ ᠶᠦ᠍ᠮ ᠪᠣᠯ?            ᠤᠭᠠᠯᠵᠠᠨ ᠭᠣᠷᠣᠬ᠎ᠠ ᠶ᠋ᠢᠨ ᠲᠤᠩᠭᠠᠯᠠᠭ ᠰᠢᠪᠡᠨᠡᠭᠡ ᠶ᠋ᠢ ᠴᠢᠩᠨᠠᠨ ᠮᠥᠷᠳᠡᠭᠰᠡᠭᠡᠷ ᠂ 
      ᠤᠷᠠᠨ ᠲᠣᠳᠢ ᠶ᠋ᠢᠨ ᠳᠡᠭᠵᠢᠨ ᠳᠣᠩᠭᠣᠳᠤᠭ᠎ᠠ ᠶ᠋ᠢ ᠬᠠᠢᠨ ᠳᠠᠭᠠᠭᠰᠠᠭᠠᠷ ᠁  
      ᠪᠣᠯᠣᠷ ᠡᠭᠦᠳᠡᠨ ᠦ᠌ ᠡᠷᠭᠢᠯᠳᠦᠬᠦ ᠵᠢᠪᠠᠷ ᠢ᠋  ᠰᠠᠶᠢ ᠠᠯᠬᠤᠮᠠᠭᠴᠠ ᠪᠤᠴᠠᠬᠤ ᠶ᠋ᠢᠨ ᠴᠦ᠍ ᠠᠷᠭ᠎ᠠ ᠦᠭᠡᠢ ᠤᠬᠤᠷᠢᠬᠤ ᠶ᠋ᠢᠨ ᠴᠦ᠍ ᠠᠷᠭ᠎ᠠ ᠦᠭᠡᠢ᠂ ᠳ᠋ᠧᠩ ᠦ᠋ᠨ ᠳᠠᠯᠠᠢ ᠳ᠋ᠤ᠌  ᠵᠢᠪᠬᠦᠨ ᠴᠡᠴᠡᠭ ᠦ᠋ᠨ ᠳᠠᠯᠠᠢ ᠳ᠋ᠤ᠌ ᠲᠣᠨᠣᠪᠠ ᠃   
      ᠦᠵᠡ ᠯᠡ ᠳᠡ! ᠲᠠᠩᠬᠢᠮ ᠳᠦᠭᠦᠷᠡᠩ ᠡᠭᠡᠯ ᠠᠷᠠᠳ ᠂ ᠶᠡᠷᠦ ᠶ᠋ᠢᠨ ᠢᠷᠭᠡᠳ ᠂ ᠲᠠᠯᠠᠪᠠᠢ ᠪᠢᠯᠬᠠᠮ᠎ᠠ ᠡᠩ ᠦ᠋ᠨ ᠮᠠᠯᠴᠢᠳ ᠂ ᠵᠢᠷ ᠦ᠋ᠨ ᠮᠣᠩᠭᠣᠯᠴᠤᠳ ᠃  
      ᠡᠵᠡᠳ ᠨᠠᠢᠷ ᠲᠠᠭᠠᠨ ᠤᠷᠢᠲᠠᠯ᠎ᠠ ᠂ ᠵᠣᠴᠢᠳ ᠨᠣᠢᠷ ᠲᠠᠭᠠᠨ ᠡᠭᠡᠵᠡᠢ ᠃ 
     — ᠪᠣᠯᠪᠠᠰᠤᠨ ᠨᠠᠢᠷᠰᠠᠭ ᠪᠤᠮᠪᠠ ᠶ᠋ᠢᠨ ᠣᠷᠣᠨ ᠳ᠋ᠠᠭᠠᠨ ᠪᠢ ᠢᠷᠡᠴᠢᠬᠦ ᠨᠢ ᠦᠦ ?
     — ᠲᠤᠭᠤᠷᠪᠢᠵᠤ ᠵᠥᠩᠨᠡᠭᠰᠡᠨ ᠲᠤᠤ ᠶᠤᠸᠠᠨ ᠬᠦᠷᠢᠶᠡᠯᠡᠩ ᠮᠢᠨᠢ ᠠᠳᠠ ᠪᠠᠢᠵᠤ ᠤᠤ?
     — ᠣᠨᠴᠣᠭᠣᠢ ᠳᠤᠷᠠᠯᠠᠯᠲᠤ ᠤᠰᠤᠹᠢ ᠭᠦᠷᠦᠨ ᠮᠢᠨᠢ ᠢᠩᠭᠢᠭᠡᠳ ᠪᠡᠶᠡᠯᠡᠬᠦ ᠨᠢ ᠦᠦ ? ᠵᠣᠴᠢᠳ ᠮᠠᠨᠠᠷᠠᠨ ᠭᠠᠢᠬᠠᠲᠠᠯ᠎ᠠ ᠂ ᠡᠵᠡᠳ ᠮᠡᠳᠡᠨ ᠲᠠᠨᠢᠯᠴᠠᠭᠤᠯᠪᠠ ᠄
         ᠬᠦᠨᠳᠦᠲᠦ ᠵᠣᠴᠢᠳ ᠮᠢᠨᠢ ᠪᠢᠲᠡᠭᠡᠢ ᠬᠠᠴᠢᠷᠬ᠎ᠠ ᠃ 
         ᠬᠦᠯᠢᠭᠡᠯᠵᠡᠵᠦ ᠪᠠᠢᠪᠠᠯ ᠮᠡᠳᠡᠴᠢᠬᠡᠬᠦ ᠶᠦ᠍ᠮ᠃ 
         ᠬᠥᠮᠦᠨ ᠦ᠌ ᠣᠷᠴᠢᠯᠠᠩ ᠪᠦᠲᠦᠭᠡᠯᠴᠢ ᠰᠢᠦ ᠂ 
         ᠬᠦᠰᠡᠯᠡᠩ ᠪᠠᠢᠪᠠᠯ ᠪᠡᠶᠡᠯᠡᠴᠢᠬᠦ ᠶᠦ᠍ᠮ ᠃