《ᠵᠠᠩᠭᠠᠷ》 ᠊ᠤᠨ ᠠᠷᠪᠠᠨ ᠬᠣᠶᠠᠷ ᠪᠠᠭᠠᠲᠤᠷ ᠊ᠤᠨ ᠮᠠᠭᠲᠠᠭᠠᠯЖангарын арван хоёр баатрын магтаал ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠵᠠᠩᠭᠠᠷ》 ᠊ᠤᠨ ᠠᠷᠪᠠᠨ ᠬᠣᠶᠠᠷ ᠪᠠᠭᠠᠲᠤᠷ ᠊ᠤᠨ ᠮᠠᠭᠲᠠᠭᠠᠯЖангарын арван хоёр баатрын магтаал

《ᠵᠠᠩᠭᠠᠷ》 ᠊ᠤᠨ ᠠᠷᠪᠠᠨ ᠬᠣᠶᠠᠷ ᠪᠠᠭᠠᠲᠤᠷ ᠊ᠤᠨ ᠮᠠᠭᠲᠠᠭᠠᠯЖангарын арван хоёр баатрын магтаал

2023-05-30

14617

《ᠵᠠᠩᠭᠠᠷ》 ᠊ᠤᠨ ᠠᠷᠪᠠᠨ ᠬᠣᠶᠠᠷ ᠪᠠᠭᠠᠲᠤᠷ ᠊ᠤᠨ ᠮᠠᠭᠲᠠᠭᠠᠯ

ᠬᠠᠷᠭᠠᠢ ᠯᠠ ᠮᠣᠳᠣᠨ ᠲᠣᠪᠰᠢᠭᠤᠷ ᠴᠢᠨᠢ 
ᠬᠠᠩᠭᠢᠨᠠᠳᠠᠭ ᠲᠠᠭᠠᠨ ᠣᠷᠣᠪᠠ ᠭᠡᠨ᠎ᠡ ᠯᠠᠢ 
ᠬᠠᠷ᠎ᠠ ᠤᠯᠠᠭᠠᠨ ᠮᠣᠩᠭᠣᠯ ᠴᠢᠨᠢ 
ᠬᠠᠢᠯᠠᠳᠠᠭ ᠲᠠᠭᠠᠨ ᠣᠷᠣᠪᠠ ᠭᠡᠨ᠎ᠡ ᠯᠠᠢ 
ᠰᠣᠨᠣᠷ ᠲᠠᠢ ᠯᠠ ᠬᠣᠶᠠᠷ ᠴᠢᠬᠢᠨ ᠳ᠋ᠡᠭᠡᠨ 
ᠰᠣᠨᠣᠰᠤᠭᠠᠳ ᠯᠠ ᠠᠪᠤᠭᠲᠤᠨ 
ᠲᠤᠩᠭᠠᠯᠠᠭ ᠰᠠᠢᠬᠠᠨ ᠤᠬᠠᠭᠠᠨ ᠳ᠋ᠠᠭᠠᠨ 
ᠲᠤᠩᠭᠠᠭᠠᠳ ᠯᠠ ᠠᠪᠤᠭᠲᠤᠨ 
ᠲᠣᠭᠲᠠᠭᠠᠳ ᠯᠠ ᠠᠪᠤᠭᠲᠤᠨ! 

ᠵᠠ ᠬᠡᠵᠢᠶᠡᠨᠡᠢ ᠴᠠᠭ ᠲᠤ᠌ ᠪᠣᠯᠬᠤᠯ᠎ᠠ 
ᠭᠠᠳᠠᠭᠠᠳᠤ ᠳᠠᠯᠠᠢ ᠭᠡᠳᠡᠭ ᠴᠢᠨᠢ 
ᠱᠠᠯᠴᠢᠭ ᠪᠠᠢᠭᠰᠠᠨ ᠴᠠᠭ ᠲᠤ᠌ ᠰᠠᠨᠵᠠᠢ ᠭᠡᠨ᠎ᠡ ᠯᠠᠢ 
ᠭᠠᠯᠪᠠᠷ ᠽᠠᠨᠳᠠᠨ ᠮᠣᠳᠣᠨ ᠴᠢᠨᠢ 
ᠪᠤᠷᠠᠭ᠎ᠠ ᠪᠠᠢᠭᠰᠠᠨ ᠴᠠᠭ ᠲᠤ᠌ ᠰᠠᠨᠵᠠᠢ ᠭᠡᠨ᠎ᠡ ᠯᠠᠢ 
ᠲᠠᠬᠢᠯ ᠵᠤᠯᠠ ᠬᠠᠭᠠᠨ ᠤ᠋ ᠵᠢᠴᠢ 
ᠲᠠᠩᠰᠤᠭ ᠪᠤᠮᠪᠠ ᠬᠠᠭᠠᠨ ᠤ᠋ ᠠᠴᠢ 
ᠥᠵᠥᠩ ᠠᠯᠳᠠᠷ ᠬᠠᠭᠠᠨ ᠤ᠋ ᠬᠥᠪᠡᠭᠦᠨ 
ᠦᠶ᠎ᠡ ᠶ᠋ᠢᠨ ᠥᠨᠥᠴᠢᠨ ᠪᠣᠭᠳᠠ ᠨᠣᠶᠠᠨ ᠵᠠᠩᠭᠠᠷ ᠭᠡᠳᠡᠭ 
ᠬᠠᠭᠠᠨ ᠪᠠᠢᠭᠰᠠᠨ ᠰᠠᠨᠵᠠᠢ ᠭᠡᠨ᠎ᠡ ᠯᠠᠢ 

ᠵᠠ ᠠᠯᠳᠠᠷ ᠨᠣᠶᠠᠨ ᠵᠠᠩᠭᠠᠷ ᠬᠠᠭᠠᠨ ᠤ᠋
ᠠᠬᠠᠯᠠᠭᠠᠳ ᠲᠥᠷᠥᠭᠰᠡᠨ ᠠᠷᠪᠠᠨ ᠬᠣᠶᠠᠷ ᠪᠠᠭᠠᠲᠤᠷ  ᠢ᠋ ᠴᠢᠨᠢ
ᠬᠡᠯᠡᠭᠡᠳ ᠢᠷᠡᠳᠡᠭ ᠪᠣᠯᠬᠤᠯ᠎ᠠ
ᠠᠷᠽᠠ ᠶ᠋ᠢᠨ ᠠᠷᠪᠠᠨ ᠬᠣᠶᠠᠷ ᠪᠠᠭᠠᠲᠤᠷ  ᠢ᠋
ᠠᠯᠠᠭ ᠨᠢᠳᠦᠨ ᠦ᠌ ᠡᠷᠭᠢᠴᠡ ᠪᠡᠷ ᠪᠠᠢᠯᠭᠠᠳᠠᠭ
ᠠᠷᠤ ᠪᠤᠮᠪᠠ ᠶ᠋ᠢᠨ ᠣᠷᠣᠨ ᠤ᠋
ᠠᠷᠰᠯᠠᠨ ᠤ᠋ ( ᠠᠷᠰᠯᠠᠩ ᠤ᠋ᠨ ) ᠠᠷᠠᠭ ᠤᠯᠠᠭᠠᠨ ᠬᠣᠩᠭᠣᠷ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠠᠷᠠᠭ ᠤᠯᠠᠭᠠᠨ ᠬᠣᠩᠭᠣᠷ ᠤ᠋ᠨ ᠴᠢᠨᠢ ᠳᠠᠷᠠᠭ᠎ᠠ ᠰᠠᠭᠤᠳᠠᠭ
ᠪᠠᠭᠠᠲᠤᠷ ᠢ᠋ ᠬᠡᠯᠡᠭᠡᠳ ᠢᠷᠡᠳᠡᠭ ᠪᠣᠯᠬᠤᠯ᠎ᠠ
ᠲᠠᠪᠤᠨ ᠨᠤᠲᠤᠭ ᠤ᠋ᠨ ᠠᠮᠢᠲᠠᠨ ᠢ᠋ ᠭᠠᠢᠬᠠᠭᠤᠯᠤᠨ ᠬᠡᠯᠡᠳᠡᠭ
ᠲᠠᠩᠨᠠᠢ ᠶ᠋ᠢᠨ ᠲᠠᠪᠤᠨ ᠰᠤᠳᠠᠰᠤ ᠶ᠋ᠢ ᠲᠠᠰᠤᠷᠠᠲᠠᠯ᠎ᠠ ᠨᠢ ᠬᠡᠯᠡᠳᠡᠭ
ᠲᠠᠪᠤᠨ ᠲᠢᠪ ᠦ᠋ᠨ ᠳᠣᠲᠣᠷ᠎ᠠ ᠳᠠᠢᠰᠤᠨ ᠦᠭᠡᠢ ᠬᠡᠯᠡᠳᠡᠭ
ᠲᠠᠩᠰᠤᠭ ᠪᠤᠮᠪᠠ ᠶ᠋ᠢᠨ ᠣᠷᠣᠨ ᠳ᠋ᠤ᠌ ᠲᠠᠰᠤᠷᠬᠠᠢ ᠬᠡᠯᠡᠳᠡᠭ
ᠳᠠᠶᠠᠩ ᠠᠯᠳᠠᠷ ᠬᠠᠭᠠᠨ ᠤ᠋ ᠬᠥᠪᠡᠭᠦᠨ
ᠲᠠᠪᠠᠲᠠᠢ ᠬᠡᠯᠡᠮᠦᠷᠢᠴᠢ ᠬᠡ ᠵᠢᠯᠭᠠᠨ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠡᠢ

ᠵᠠ ᠲᠠᠪᠠᠲᠠᠢ ᠬᠡᠯᠡᠮᠦᠷᠢᠴᠢ ᠬᠡ ᠵᠢᠯᠭᠠᠨ ᠤ᠋ ᠴᠢᠨᠢ
ᠳᠠᠷᠠᠭ᠎ᠠ ᠰᠠᠭᠤᠳᠠᠭ ᠪᠠᠭᠠᠲᠤᠷ ᠢ᠋
ᠬᠡᠯᠡᠭᠡᠳ ᠢᠷᠡᠳᠡᠭ ᠪᠣᠯᠬᠤᠯ᠎ᠠ
ᠢᠷᠡᠭᠡᠳ ᠦᠭᠡᠢ ᠶᠡᠷᠡᠨ ᠶᠢᠰᠦᠨ ᠵᠢᠯ ᠢ᠋ 
ᠠᠢᠯᠠᠳᠤᠭᠠᠳ ᠮᠡᠳᠡᠭᠡᠳ ᠰᠠᠭᠤᠭᠠᠳ ᠪᠠᠢᠳᠠᠭ
ᠥᠩᠭᠡᠷᠡᠭᠰᠡᠨ ᠶᠡᠷᠡᠨ ᠶᠢᠰᠦᠨ ᠵᠢᠯ ᠢ᠋ 
ᠮᠠᠷᠲᠠᠯ ᠦᠭᠡᠢ ᠲᠣᠭᠠᠴᠢᠭᠠᠳ ᠬᠡᠯᠡᠭᠡᠳ ᠪᠠᠢᠳᠠᠭ
ᠪᠣᠭᠳᠠ ᠨᠣᠶᠠᠨ ᠵᠠᠩᠭᠠᠷ ᠤ᠋ᠨ ᠴᠢᠨᠢ ᠵᠥᠪᠯᠡᠭᠴᠢ
ᠪᠠᠶᠠᠨ ᠵᠦᠩ ᠦ᠋ᠨ ᠠᠯᠲᠠᠨ ᠴᠡᠭᠡᠵᠢ ᠪᠠᠪᠠ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠠᠯᠲᠠᠨ ᠴᠡᠭᠡᠵᠢ ᠪᠠᠪᠠ ᠶ᠋ᠢᠨ ᠴᠢᠨᠢ ᠳᠠᠷᠠᠭ᠎ᠠ ᠰᠠᠭᠤᠳᠠᠭ
ᠪᠠᠭᠠᠲᠤᠷ ᠢ᠋ ᠬᠡᠯᠡᠭᠡᠳ ᠢᠷᠡᠳᠡᠭ ᠪᠣᠯᠬᠤᠯ᠎ᠠ 
ᠬᠤᠮᠢᠵᠤ ᠴᠣᠬᠢᠭᠰᠠᠨ ᠭᠠᠵᠠᠷ ᠨᠢ 
ᠬᠣᠷᠢᠨ ᠲᠠᠪᠤᠨ ᠵᠢᠯ ᠳ᠋ᠦ᠍ ᠪᠦᠲᠦᠳᠡᠭ ᠦᠭᠡᠢ 
ᠲᠠᠯᠪᠢᠭᠠᠳ ᠴᠣᠬᠢᠭᠰᠠᠨ ᠭᠠᠵᠠᠷ ᠨᠢ 
ᠲᠠᠪᠢᠨ ᠲᠠᠪᠤᠨ ᠵᠢᠯ ᠳ᠋ᠦ᠍ ᠪᠦᠲᠦᠳᠡᠭ ᠦᠭᠡᠢ 
ᠪᠠᠭᠠᠲᠤᠷ ᠪᠤᠮᠪᠠ ᠶ᠋ᠢᠨ ᠣᠷᠣᠨ ᠳ᠋ᠠᠭᠠᠨ 
ᠢᠯᠳᠦ ᠪᠡᠷ ᠢ᠋ᠶ᠋ᠡᠨ ᠲᠤᠭᠤᠷᠠᠭᠰᠠᠨ 
ᠬᠦᠢᠲᠡᠨ ᠬᠥᠬᠡ ᠴᠢᠯᠠᠭᠤᠨ ᠵᠢᠷᠦᠬᠡ ᠲᠡᠢ 
ᠬᠥᠮᠦᠨ ᠦ᠌ ᠨᠠᠴᠢᠨ ᠬᠦᠨᠳᠦ ᠭᠠᠷ ᠲᠠᠢ ᠰᠠᠪᠠᠷ ᠭᠡᠳᠡᠭ 
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠬᠦᠨᠳᠦ ᠭᠠᠷ ᠲᠠᠢ ᠰᠠᠪᠠᠷ ᠤ᠋ᠨ ᠴᠢᠨᠢ 
ᠳᠠᠷᠠᠭ᠎ᠠ ᠰᠠᠭᠤᠳᠠᠭ ᠪᠠᠭᠠᠲᠤᠷ ᠢ᠋ 
ᠬᠡᠯᠡᠭᠡᠳ ᠢᠷᠡᠳᠡᠭ ᠪᠣᠯᠬᠤᠯ᠎ᠠ 
ᠴᠤᠤᠷᠢᠶ᠎ᠠ ᠰᠠᠢᠬᠠᠨ ᠬᠣᠭᠣᠯᠠᠢ ᠲᠠᠢ 
ᠴᠣᠪᠣᠭᠣ ᠰᠠᠢᠬᠠᠨ ᠵᠢᠰᠦ ᠲᠡᠢ 
ᠤᠷᠠᠨ ᠨᠠᠷᠢᠨ ᠬᠤᠷᠤᠭᠤ ᠲᠠᠢ 
ᠤᠶᠠᠩᠭ᠎ᠠ ᠢᠷᠠᠭᠤ ᠳᠠᠭᠤᠤ ᠲᠠᠢ 
ᠠᠯᠳᠠᠷ ᠨᠣᠶᠠᠨ ᠪᠣᠭᠳᠠ ᠵᠠᠩᠭᠠᠷ ᠤ᠋ᠨ 
ᠡᠷᠬᠢᠮ ᠰᠠᠢᠨ ᠳᠠᠭᠤᠴᠢ ᠰᠥᠩᠴᠢ 
ᠨᠠᠢᠲᠤᠭ ᠤ᠋ᠨ ᠨᠠᠷᠢᠬᠠᠨ ᠠᠯᠲᠠᠨ ᠰᠢᠷᠭ᠎ᠠ ᠲᠠᠢ 
ᠣᠷᠴᠢᠯᠠᠩ ᠤ᠋ᠨ ᠰᠠᠢᠬᠠᠨ ᠮᠢᠩᠶᠠᠨ ᠭᠡᠳᠡᠭ 
ᠪᠠᠭᠠᠲᠤᠷ ᠪᠠᠢᠭᠰᠠᠨ ᠰᠠᠨᠵᠠᠢ ᠭᠡᠨ᠎ᠡ ᠯᠡᠢ

ᠵᠠ ᠣᠷᠴᠢᠯᠠᠩ ᠤ᠋ᠨ ᠰᠠᠢᠬᠠᠨ ᠮᠢᠩᠶᠠᠨ ᠤ᠋ 
ᠳᠠᠷᠠᠭ᠎ᠠ ᠰᠠᠭᠤᠳᠠᠭ ᠪᠠᠭᠠᠲᠤᠷ ᠢ᠋ ᠴᠢᠨᠢ 
ᠬᠡᠯᠡᠭᠡᠳ ᠢᠷᠡᠳᠡᠭ ᠪᠣᠯᠬᠤᠯ᠎ᠠ 
ᠰᠠᠷᠪᠠᠢᠵᠤ ᠠᠳᠬᠤᠭᠰᠠᠨ ᠢ᠋ᠶ᠋ᠠᠨ 
ᠶᠡᠷᠦ ᠡᠴᠡ ᠪᠡᠨ ᠠᠯᠳᠠᠳᠠᠭ ᠦᠭᠡᠢ 
ᠰᠢᠷ᠎ᠠ ᠰᠦᠬᠡ ᠪᠡᠷ ᠴᠠᠪᠴᠢᠭᠰᠠᠨ ᠢ᠋ᠶ᠋ᠠᠨ 
ᠶᠡᠷᠦ ᠡᠴᠡ ᠪᠡᠨ ᠥᠩᠭᠡᠷᠡᠭᠡᠳᠡᠭ ᠦᠭᠡᠢ 
ᠵᠠᠶᠠᠭᠠᠲᠤ ᠠᠯᠳᠠᠷ ᠬᠠᠭᠠᠨ ᠤ᠋ ᠬᠥᠪᠡᠭᠦᠨ 
ᠵᠠᠯᠠᠭᠤ ᠪᠤᠷᠬᠠᠨ ᠪᠣᠷᠣ ᠮᠠᠩᠨᠠᠢ ᠭᠡᠳᠡᠭ 
ᠪᠠᠭᠠᠲᠤᠷ ᠪᠠᠢᠭᠰᠠᠨ ᠰᠠᠨᠵᠠᠢ ᠭᠡᠨ᠎ᠡ ᠯᠡᠢ 

ᠵᠠ ᠵᠡᠭᠦᠨ ᠪᠡᠶ᠎ᠡ ᠪᠡᠷ ᠨᠢ ᠰᠠᠭᠤᠳᠠᠭ 
ᠪᠠᠭᠠᠲᠤᠷ ᠢ᠋ ᠴᠢᠨᠢ ᠬᠡᠯᠡᠭᠡᠳ ᠢᠷᠡᠳᠡᠭ ᠪᠣᠯᠬᠤᠯ᠎ᠠ 
ᠨᠠᠶᠠᠨ ᠭᠣᠣᠯ ᠤ᠋ᠨ ᠬᠤᠯᠤᠰᠤᠨ ᠢ᠋ 
ᠨᠠᠢᠷᠠᠭᠤᠯᠤᠨ ᠬᠢᠭᠰᠡᠨ 
ᠨᠠᠷᠢᠬᠠᠨ ᠰᠢᠷ᠎ᠠ ᠯᠢᠩᠪᠦ ᠪᠡᠷ ᠢ᠋ᠶ᠋ᠡᠨ 
ᠬᠣᠷᠸ᠋᠎ᠠ ᠶ᠋ᠢ ᠤᠶᠠᠷᠠᠭᠠᠭᠰᠠᠨ 
ᠳᠠᠯᠤ ᠪᠠᠷ ᠢ᠋ᠶ᠋ᠠᠨ ᠳᠠᠯᠠᠨ 
ᠰᠠᠭᠠᠳᠠᠭ ᠤ᠋ᠨ ᠱᠠᠪᠠ ᠳᠠᠭᠠᠭᠠᠳᠠᠭ 
ᠳᠠᠪᠤᠰᠠᠭ ᠢ᠋ᠶ᠋ᠠᠷ ᠢ᠋ᠶ᠋ᠠᠨ ᠳᠠᠯᠠᠨ ᠵᠢᠳᠠ ᠶ᠋ᠢᠨ ᠦᠵᠦᠭᠦᠷ ᠳᠠᠭᠠᠭᠠᠳᠠᠭ 
ᠡᠷᠳᠡᠨᠢ ᠶ᠋ᠢᠨ ᠬᠣᠩᠭᠣᠷ ᠬᠦᠯᠦᠭ ᠲᠠᠢ 
ᠵᠠᠶᠠᠭᠠᠴᠢ ᠠᠯᠳᠠᠷ ᠬᠠᠭᠠᠨ ᠤ᠋ ᠬᠥᠪᠡᠭᠦᠨ 
ᠡᠷᠬᠡ ᠬᠠᠷ᠎ᠠ ᠨᠢᠳᠦᠨ ᠭᠡᠳᠡᠭ 
ᠪᠠᠭᠠᠲᠤᠷ ᠪᠠᠢᠭᠰᠠᠨ ᠰᠠᠨᠵᠠᠢ ᠭᠡᠨ᠎ᠡ ᠯᠡᠢ 

ᠵᠠ ᠡᠷᠬᠡ ᠬᠠᠷ᠎ᠠ ᠨᠢᠳᠦᠨ ᠦ᠌ ᠴᠢᠨᠢ 
ᠳᠠᠷᠠᠭ᠎ᠠ ᠰᠠᠭᠤᠳᠠᠭ ᠪᠠᠭᠠᠲᠤᠷ ᠢ᠋ ᠴᠢᠨᠢ 
ᠬᠡᠯᠡᠭᠡᠳ ᠢᠷᠡᠳᠡᠭ ᠪᠣᠯᠬᠤᠯ᠎ᠠ 
ᠲᠦᠮᠡᠨ ᠡᠷ᠎ᠡ ᠲᠦᠯᠬᠢᠪᠡᠴᠦ 
ᠲᠦᠭᠳᠡᠷᠡᠳᠡᠭ ᠶᠣᠰᠣᠨ ᠦᠭᠡᠢ 
ᠮᠢᠩᠭᠠᠨ ᠡᠷ᠎ᠡ ᠲᠦᠯᠬᠢᠪᠡᠴᠦ 
ᠲᠠᠨᠲᠠᠷᠠᠳᠠᠭ ᠶᠣᠰᠣᠨ ᠦᠭᠡᠢ
ᠨᠠᠳᠤᠷ ᠴᠠᠭᠠᠨ ᠠᠷᠪᠢᠩ ᠢ᠋ᠶ᠋ᠠᠨ
ᠨᠠᠶᠠᠨ ᠳᠠᠪᠬᠤᠷ ᠬᠥᠲᠥᠷᠦᠨ ᠪᠦᠰᠡᠯᠡᠭᠰᠡᠨ
ᠠᠭᠤᠯᠠ ᠶ᠋ᠢᠨ ᠴᠢᠨᠡᠭᠡᠨ ᠤᠷᠲᠤ ᠬᠠᠷ᠎ᠠ ᠬᠦᠯᠦᠭ ᠲᠡᠢ
ᠤᠰᠤᠨ ᠲᠠᠷᠭᠤᠨ ᠭᠦᠵᠡᠭᠡᠨ ᠭᠥᠮᠪᠡ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠭᠦᠵᠡᠭᠡᠨ ᠭᠥᠮᠪᠡ ᠶ᠋ᠢᠨ ᠴᠢᠨᠢ
ᠳᠠᠷᠠᠭ᠎ᠠ ᠰᠠᠭᠤᠳᠠᠭ ᠪᠠᠭᠠᠲᠤᠷ  ᠢ᠋ ᠴᠢᠨᠢ
ᠬᠡᠯᠡᠭᠡᠳ ᠢᠷᠡᠳᠡᠭ ᠪᠣᠯᠬᠤᠯ᠎ᠠ
ᠬᠤᠷᠮᠤᠰᠲᠠ ᠲᠡᠭᠷᠢ ᠡᠴᠡ ᠪᠠᠭᠤᠯᠭᠠᠭᠰᠠᠨ
ᠬᠤᠷᠳᠤᠨ ᠵᠢᠭᠦᠷ ᠬᠣᠩᠭᠣᠷ ᠬᠦᠯᠦᠭ ᠲᠡᠢ
ᠣᠨᠴᠠ ᠮᠡᠷᠭᠡᠨ ᠲᠠᠷᠢᠬᠢ ᠬᠠᠭᠠᠨ ᠤ᠋ ᠵᠢᠴᠢ
ᠬᠦᠦ ᠵᠤᠯᠠ ᠬᠠᠭᠠᠨ ᠤ᠋ ᠠᠴᠢ
ᠳᠣᠭᠰᠢᠨ ᠰᠢᠷᠭᠢ ᠶ᠋ᠢᠨ ᠳᠤᠮᠳᠠᠬᠢ ᠬᠥᠪᠡᠭᠦᠨ
ᠳᠣᠭᠰᠢᠨ ᠲᠠᠬᠢᠯ ᠠᠯᠲᠠᠨ ᠠᠷᠠᠭ᠎ᠠ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠲᠠᠬᠢᠯ ᠠᠯᠲᠠᠨ ᠠᠷᠠᠭ᠎ᠠ ᠶ᠋ᠢᠨ ᠴᠢᠨᠢ
ᠳᠠᠷᠠᠭ᠎ᠠ ᠰᠠᠭᠤᠳᠠᠭ ᠪᠠᠭᠠᠲᠤᠷ  ᠢ᠋
ᠬᠡᠯᠡᠭᠡᠳ ᠢᠷᠡᠳᠡᠭ ᠪᠣᠯᠬᠤᠯ᠎ᠠ
ᠴᠡᠨᠡᠭ ᠦᠭᠡᠢ ᠴᠡᠴᠡᠨ ᠡᠰᠡ ᠪᠣᠯᠬᠤᠯ᠎ᠠ
ᠴᠡᠭᠡᠵᠢᠨ ᠳ᠋ᠡᠭᠡᠨ ᠲᠠᠭᠠᠷᠠᠭᠤᠯᠳᠠᠭ ᠦᠭᠡᠢ
ᠴᠡᠨᠡᠭ ᠲᠡᠭᠡᠨ ᠲᠤᠯᠤᠭᠰᠠᠨ ᠪᠠᠭᠠᠲᠤᠷ ᠡᠰᠡ ᠪᠣᠯᠬᠤᠯ᠎ᠠ
ᠰᠡᠳᠬᠢᠯ ᠳ᠋ᠡᠭᠡᠨ ᠲᠠᠭᠠᠷᠠᠭᠤᠯᠳᠠᠭ ᠦᠭᠡᠢ
ᠡᠷᠡᠭᠲᠡᠢ ᠬᠥᠮᠦᠨ ᠳ᠋ᠦ᠍ ᠪᠣᠯᠬᠤᠯ᠎ᠠ ᠡᠷᠡᠰ ᠬᠠᠲᠠᠭᠤ
ᠡᠮᠡᠭᠲᠡᠢ ᠬᠥᠮᠦᠨ ᠳ᠋ᠦ᠍ ᠪᠣᠯᠬᠤᠯ᠎ᠠ ᠦᠷᠦ ᠵᠥᠭᠡᠯᠡᠨ
ᠡᠷ᠎ᠡ ᠶ᠋ᠢᠨ ᠶᠡᠷᠡᠨ ᠶᠢᠰᠦᠨ ᠡᠷᠳᠡᠮ ᠲᠡᠭᠦᠰᠦᠭᠰᠡᠨ
ᠪᠤᠮᠪᠠ ᠶ᠋ᠢᠨ ᠳᠣᠭᠰᠢᠨ ᠬᠠᠷ᠎ᠠ ᠰᠠᠨᠠᠯ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠲᠣᠭᠰᠢᠨ ᠬᠠᠷ᠎ᠠ ᠰᠠᠨᠠᠯ ᠤ᠋ᠨ ᠴᠢᠨᠢ
ᠳᠠᠷᠠᠭ᠎ᠠ ᠰᠠᠭᠤᠳᠠᠭ ᠪᠠᠭᠠᠲᠤᠷ ᠢ᠋
ᠬᠡᠯᠡᠭᠡᠳ ᠢᠷᠡᠳᠡᠭ ᠪᠣᠯᠬᠤᠯ᠎ᠠ
ᠬᠤᠷᠳᠤᠨ ᠢ᠋ᠶ᠋ᠠᠷ ᠢ᠋ᠶ᠋ᠠᠨ ᠪᠣᠯᠬᠤᠯ᠎ᠠ
ᠬᠤᠷᠮᠤᠰᠲᠠ ᠳ᠋ᠤ᠌ ᠨᠡᠷ᠎ᠡ ᠭᠠᠷᠤᠭᠰᠠᠨ
ᠲᠦᠷᠭᠡᠨ ᠢ᠋ᠶ᠋ᠡᠷ ᠢ᠋ᠶ᠋ᠡᠨ ᠪᠣᠯᠬᠤᠯ᠎ᠠ
ᠲᠥᠷᠥ ᠳ᠋ᠦ᠍ ᠪᠡᠨ ᠨᠡᠷ᠎ᠡ ᠭᠠᠷᠤᠭᠰᠠᠨ
ᠠᠷᠪᠠᠨ ᠵᠦᠭ ᠦ᠋ᠨ ᠶᠢᠷᠲᠢᠨᠴᠦ ᠶ᠋ᠢ
ᠠᠯᠠᠭᠠᠨ ᠳᠡᠭᠡᠷ᠎ᠡ ᠪᠡᠨ ᠲᠠᠯᠪᠢᠭᠠᠳ
ᠶᠡᠷᠡᠨ ᠶᠢᠰᠦᠨ ᠵᠦᠭ ᠢ᠋
ᠠᠯᠳᠠᠯ ᠦᠭᠡᠢ ᠦᠵᠡᠳᠡᠭ
ᠳ᠋ᠢᠳᠢᠷᠡᠢ ᠰᠠᠯᠬᠢᠨ ᠲᠠᠪᠠᠭ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ

ᠵᠠ ᠳ᠋ᠢᠳᠢᠷᠡᠢ ᠰᠠᠯᠬᠢᠨ ᠲᠠᠪᠠᠭ ᠤ᠋ᠨ ᠴᠢᠨᠢ
ᠳᠠᠷᠠᠭ᠎ᠠ ᠰᠠᠭᠤᠳᠠᠭ ᠪᠠᠭᠠᠲᠤᠷ  ᠢ᠋
ᠬᠡᠯᠡᠭᠡᠳ ᠢᠷᠡᠳᠡᠭ ᠪᠣᠯᠬᠤᠯ᠎ᠠ
ᠤᠭ ᠠ᠋ᠴᠠ ᠨᠢ ᠤᠲᠤᠭ᠎ᠠ ᠭᠠᠷᠭᠠᠨ ᠬᠠᠷᠪᠤᠳᠠᠭ
ᠦᠵᠦᠭᠦᠷ ᠡᠴᠡ ᠨᠢ ᠭᠠᠯ ᠭᠠᠷᠭᠠᠨ ᠬᠠᠷᠪᠤᠳᠠᠭ
ᠴᠠᠪᠴᠢᠬᠤᠯ᠎ᠠ ᠴᠠᠭᠠᠨ ᠴᠢᠯᠠᠭᠤ ᠪᠣᠯᠳᠠᠭ
ᠣᠭᠲᠣᠯᠬᠤᠯ᠎ᠠ ᠤᠯᠠᠭᠠᠨ ᠴᠢᠯᠠᠭᠤ ᠪᠣᠯᠳᠠᠭ
ᠳᠠᠯᠠᠨ ᠬᠠᠭᠠᠨ ᠤ᠋ ᠨᠤᠲᠤᠭ ᠲᠤ᠌
ᠬᠠᠷᠪᠤᠭᠠᠴᠢ ᠪᠠᠷ ᠢ᠋ᠶ᠋ᠠᠨ ᠨᠡᠷ᠎ᠡ ᠳᠤᠭᠤᠷᠠᠭᠰᠠᠨ
ᠬᠠᠷ᠎ᠠ ᠪᠤᠭᠤᠷᠤᠯ ᠮᠣᠷᠢ ᠲᠠᠢ
ᠬᠠᠷ᠎ᠠ ᠵᠢᠯᠢᠩ ᠰᠤᠮᠤᠴᠢ ᠭᠡᠳᠡᠭ
ᠪᠠᠭᠠᠲᠤᠷ ᠪᠠᠢᠭᠰᠠᠨ ᠰᠠᠨᠵᠠᠢ ᠭᠡᠨ᠎ᠡ ᠯᠠᠢ᠃
  

  ᠦᠭᠡ ᠶᠢᠨ ᠨᠠᠢᠷᠠᠭᠤᠯᠭ᠎ᠠ᠄ ᠤᠶᠠᠩᠭ᠎ᠠ

  ᠠᠶ᠎ᠠ ᠶᠢᠨ ᠨᠠᠢᠷᠠᠭᠤᠯᠭ᠎ᠠ᠄ ᠲᠥᠯᠥᠮᠵᠢ

  ᠲᠣᠪᠰᠢᠭᠤᠷ ᠬᠥᠭᠵᠢᠮ ᠤᠨ ᠨᠠᠢᠷᠠᠭᠤᠯᠭ᠎ᠠ᠄ ᠲᠥᠯᠥᠮᠵᠢ

  ᠦᠰᠦᠭ ᠠᠮᠢᠯᠠᠭᠤᠯᠤᠭᠴᠢ᠄ ᠳ·ᠨᠠᠷᠠᠰᠤ

  ᠦᠰᠦᠭ ᠬᠠᠳᠠᠭᠴᠢ᠄ ᠠᠵᠠᠵᠠᠶᠠᠭ᠎ᠠ

  ᠬᠢᠨᠠᠭᠴᠢ᠄ ᠠᠯᠲᠠᠠ᠋ᠭᠤᠯᠠ᠂ ᠰᠡᠴᠡᠨᠴᠢᠮᠡᠭ᠂ ᠮᠥᠩᠭᠦᠨᠴᠡᠴᠡᠭ᠂ ᠰᠠᠢᠬᠠᠨᠳᠠᠯᠠᠢ᠂ ᠨᠤᠮᠤᠴᠢᠨ ᠪᠢᠯᠢᠭ


ᠠᠷᠪᠠᠨ ᠬᠣᠶᠠᠷ ᠪᠠᠭᠠᠲᠤᠷ ᠦ᠋ᠨ ᠮᠠᠭᠲᠠᠭᠠᠯ ᠦ᠋ᠨ ᠳᠥᠭᠥᠮ ᠲᠠᠶ᠋ᠢᠯᠤᠮᠵᠢ