ᠱᠠᠭᠠᠢ ᠲᠣᠭᠯᠠᠶ᠎ᠠ-ᠬᠡᠦᠬᠡᠳ ᠦᠨ ᠳᠠᠭᠤᠤШагай тоглоё _ Хүүхдийн дуу
ᠱᠠᠭᠠᠢ ᠲᠣᠭᠯᠠᠶ᠎ᠠ
ᠰᠢᠷᠢᠮᠡᠯ ᠴᠠᠭᠠᠨ ᠣᠯᠪᠣᠭ ᠢ᠋ᠶ᠋ᠠᠨ ᠳᠡᠯᠭᠡᠭᠡᠳ
ᠨᠠᠢᠵᠠ ᠬᠣᠶᠠᠭᠤᠯᠠ ᠪᠠᠨ ᠱᠠᠭᠠᠢ ᠲᠣᠭ᠍ᠯᠠᠶ᠎ᠠ
ᠰᠢᠭᠰᠢᠵᠦ ᠰᠢᠭᠰᠢᠵᠦ ᠱᠠᠭᠠᠢ ᠬᠠᠶᠠᠯ᠎ᠠ
ᠰᠢᠨᠳᠠᠰᠤᠲᠤ ᠬᠤᠷᠳᠤ ᠪᠠᠷ ᠮᠣᠷᠢ ᠪᠠᠭᠤᠯ᠎ᠠ
ᠮᠣᠷᠢ ᠪᠠᠭᠤᠯ᠎ᠠ ᠮᠣᠷᠢ ᠪᠠᠭᠤᠯ᠎ᠠ
ᠮᠣᠯᠣᠷ ᠡᠷᠳᠡᠨᠢ ᠮᠢᠨᠦᠬᠢ ᠪᠣᠯᠵᠠᠢ
ᠮᠣᠷᠢ ᠪᠠᠭᠤᠯ᠎ᠠ ᠮᠣᠷᠢ ᠪᠠᠭᠤᠯ᠎ᠠ
ᠮᠣᠯᠣᠷ ᠡᠷᠳᠡᠨᠢ ᠮᠢᠨᠦᠬᠢ ᠪᠣᠯᠵᠠᠢ
ᠠᠪᠳᠠᠷ᠎ᠠ ᠶ᠋ᠢᠨ ᠡᠮᠦᠨ᠎ᠡ ᠣᠯᠪᠣᠭ ᠢ᠋ᠶ᠋ᠠᠨ ᠳᠡᠯᠭᠡᠭᠡᠳ
ᠨᠠᠢᠵᠠ ᠬᠣᠶᠠᠭᠤᠯᠠ ᠪᠠᠨ ᠱᠠᠭᠠᠢ ᠲᠣᠭ᠍ᠯᠠᠶ᠎ᠠ
ᠠᠳᠬᠤ ᠳᠦᠭᠦᠷᠡᠩ ᠱᠠᠭᠠᠢ ᠬᠠᠶᠠᠯ᠎ᠠ
ᠠᠲᠠᠨ ᠬᠦᠷᠡᠩ ᠲᠡᠮᠡᠭᠡ ᠪᠠᠭᠤᠯ᠎ᠠ
ᠲᠡᠮᠡᠭᠡ ᠪᠠᠭᠤᠯ᠎ᠠ ᠲᠡᠮᠡᠭᠡ ᠪᠠᠭᠤᠯ᠎ᠠ
ᠲᠡᠷᠭᠡ ᠳᠦᠭᠦᠷᠡᠩ ᠨᠣᠣᠰᠣ ᠲᠠᠢ ᠪᠣᠯᠵᠠᠢ
ᠲᠡᠮᠡᠭᠡ ᠪᠠᠭᠤᠯ᠎ᠠ ᠲᠡᠮᠡᠭᠡ ᠪᠠᠭᠤᠯ᠎ᠠ
ᠲᠡᠷᠭᠡ ᠳᠦᠭᠦᠷᠡᠩ ᠨᠣᠣᠰᠣ ᠲᠠᠢ ᠪᠣᠯᠵᠠᠢ
ᠬᠥᠪᠦᠩ ᠴᠠᠭᠠᠨ ᠣᠯᠪᠣᠭ ᠢ᠋ᠶ᠋ᠠᠨ ᠳᠡᠯᠭᠡᠭᠡᠳ
ᠨᠠᠢᠵᠠ ᠬᠣᠶᠠᠭᠤᠯᠠ ᠪᠠᠨ ᠱᠠᠭᠠᠢ ᠲᠣᠭ᠍ᠯᠠᠶ᠎ᠠ
ᠬᠤᠷᠤᠢᠯᠠᠵᠤ ᠬᠤᠷᠤᠢᠯᠠᠵᠤ ᠱᠠᠭᠠᠢ ᠬᠠᠶᠠᠯ᠎ᠠ
ᠬᠤᠨᠳᠠᠨ ᠴᠠᠭᠠᠨ ᠬᠣᠨᠢ ᠪᠠᠭᠤᠯ᠎ᠠ
ᠬᠣᠨᠢ ᠪᠠᠭᠤᠯ᠎ᠠ ᠬᠣᠨᠢ ᠪᠠᠭᠤᠯ᠎ᠠ
ᠬᠣᠲᠠ ᠳᠦᠭᠦᠷᠡᠩ ᠬᠣᠨᠢ ᠲᠠᠢ ᠪᠣᠯᠵᠠᠢ
ᠬᠣᠨᠢ ᠪᠠᠭᠤᠯ᠎ᠠ ᠬᠣᠨᠢ ᠪᠠᠭᠤᠯ᠎ᠠ
ᠬᠣᠲᠠ ᠳᠦᠭᠦᠷᠡᠩ ᠬᠣᠨᠢ ᠲᠠᠢ ᠪᠣᠯᠵᠠᠢ
ᠢᠰᠡᠭᠡᠢ ᠴᠠᠭᠠᠨ ᠣᠯᠪᠣᠭ ᠢ᠋ᠶ᠋ᠠᠨ ᠳᠡᠯᠭᠡᠭᠡᠳ
ᠨᠠᠢᠵᠠ ᠬᠣᠶᠠᠭᠤᠯᠠ ᠪᠠᠨ ᠱᠠᠭᠠᠢ ᠲᠣᠭ᠍ᠯᠠᠶ᠎ᠠ
ᠡᠷᠭᠢᠭᠦᠯᠵᠦ ᠡᠷᠭᠢᠭᠦᠯᠵᠦ ᠱᠠᠭᠠᠢ ᠬᠠᠶᠠᠯ᠎ᠠ
ᠡᠷᠬᠡ ᠴᠠᠭᠠᠨ ᠢᠮᠠᠭ᠎ᠠ ᠪᠠᠭᠤᠯ᠎ᠠ
ᠢᠮᠠᠭ᠎ᠠ ᠪᠠᠭᠤᠯ᠎ᠠ ᠢᠮᠠᠭ᠎ᠠ ᠪᠠᠭᠤᠯ᠎ᠠ
ᠰᠠᠪᠠ ᠳᠦᠭᠦᠷᠡᠩ ᠰᠠᠭᠠᠯᠢ ᠲᠠᠢ ᠪᠣᠯᠵᠠᠢ
ᠢᠮᠠᠭ᠎ᠠ ᠪᠠᠭᠤᠯ᠎ᠠ ᠢᠮᠠᠭ᠎ᠠ ᠪᠠᠭᠤᠯ᠎ᠠ
ᠰᠠᠪᠠ ᠳᠦᠭᠦᠷᠡᠩ ᠰᠠᠭᠠᠯᠢ ᠲᠠᠢ ᠪᠣᠯᠵᠠᠢ
ᠦᠰᠦᠭ ᠠᠮᠢᠯᠠᠭᠤᠯᠤᠭ᠍ᠰᠠᠨ ᠨᠢ᠄ ᠣᠳᠣᠨᠭᠡᠷᠡᠯ
ᠦᠰᠦᠭ ᠬᠠᠳᠠᠭ᠍ᠰᠠᠨ ᠨᠢ᠄ ᠮᠥᠩᠭᠦᠨᠴᠡᠴᠡᠭ
ᠬᠢᠨᠠᠭᠴᠢ ᠪᠠᠭ᠍ᠰᠢ᠄ ᠮᠥᠴᠢᠷ᠂ ᠠᠵᠠᠵᠠᠶᠠᠭ᠎ᠠ
