3-40-42ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠪᠤᠰᠠᠩ ᠤ᠋ᠨ ᠡᠪᠡᠳᠴᠢᠨ᠂ ᠰᠡᠮᠰᠸ ᠦ᠋ᠨ ᠡᠪᠡᠳᠴᠢᠨ᠂ ᠬᠣᠷᠭᠣᠰᠣ ᠬᠠᠲᠠᠬᠤ ᠶ᠋ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-40-42ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠪᠤᠰᠠᠩ ᠤ᠋ᠨ ᠡᠪᠡᠳᠴᠢᠨ᠂ ᠰᠡᠮᠰᠸ ᠦ᠋ᠨ ᠡᠪᠡᠳᠴᠢᠨ᠂ ᠬᠣᠷᠭᠣᠰᠣ ᠬᠠᠲᠠᠬᠤ ᠶ᠋ᠢ ᠵᠠᠰᠠᠬᠤ

3-40-42ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠠᠪᠤᠰᠠᠩ ᠤ᠋ᠨ ᠡᠪᠡᠳᠴᠢᠨ᠂ ᠰᠡᠮᠰᠸ ᠦ᠋ᠨ ᠡᠪᠡᠳᠴᠢᠨ᠂ ᠬᠣᠷᠭᠣᠰᠣ ᠬᠠᠲᠠᠬᠤ ᠶ᠋ᠢ ᠵᠠᠰᠠᠬᠤ

ᠠᠩᠭᠢᠯᠠᠯ:ᠡᠷᠡᠭᠦᠯ ᠡᠩᠬᠡ
2023-05-30

306

ᠳᠥᠴᠢ᠂ ᠳᠠᠪᠤᠰᠠᠩ ᠤ᠋ᠨ ᠡᠪᠡᠳᠴᠢᠨ ᠊ᠢ ᠵᠠᠰᠠᠬᠤ

  ᠳᠠᠪᠤᠰᠠᠩ ᠤ᠋ᠨ ᠡᠪᠡᠳᠴᠢᠨ ᠦ᠌ ᠶᠡᠬᠡ ᠣᠯᠠᠩᠬᠢ ᠨᠢ ᠬᠦᠰᠡᠯ ᠲᠠᠴᠢᠶᠠᠯ ᠡᠲᠯᠡᠭᠰᠡᠨ ᠡᠴᠡ ᠪᠣᠯᠤᠭᠰᠠᠨ ᠠᠨᠤ ᠣᠯᠠᠨ᠃ ᠬᠡᠢ ᠲᠤᠰᠤᠭᠰᠠᠨ ᠪᠠ ᠪᠤᠵᠠᠷ ᠬᠦᠢᠲᠡᠨ᠂ ᠢᠳᠡᠭᠡᠨ ᠡᠴᠡ ᠡᠭᠦᠰᠦᠮᠦᠢ᠃
ᠰᠢᠵᠢᠩ ᠢ᠋ᠶ᠋ᠡᠷ ᠴᠠᠪᠲᠠᠭᠰᠢᠬᠤ᠂ ᠠᠯᠲᠠᠷᠬᠠᠤ᠂ ᠬᠠᠭᠠᠭᠳᠠᠬᠤ ᠭᠤᠷᠪᠠ ᠪᠠᠷ ᠴᠠᠪᠲᠠᠭᠰᠢᠬᠤ ᠳ᠋ᠤ᠌ ᠬᠡᠷᠡᠭᠯᠡᠬᠦ ᠶᠡᠷᠦ ᠶ᠋ᠢᠨ ᠡᠮ᠄ ᠰᠸᠷᠵᠢᠵᠸᠮ᠎ᠠ᠂ ᠭᠤᠷᠪᠠᠨ ᠵᠦᠢᠯ ᠦ᠋ᠨ ᠦᠷ᠎ᠡ᠂ ᠰᠸᠪᠦ᠋ᠷᠦ᠂ ᠰᠢᠩᠼᠠ᠂ ᠰᠥᠭᠮᠸᠯ ᠵᠠᠼᠤᠸᠠ ᠪᠦᠵᠤᠭ ᠤ᠋ᠨ ᠬᠤᠪᠢ ᠲᠠᠭᠰᠢ ᠨᠠᠶ᠋ᠢᠷᠠᠭᠤᠯᠤᠭᠰᠠᠨ ᠲᠦᠯᠬᠢᠭᠦᠷ —9 ᠵᠣᠬᠢᠮᠤᠢ᠃ ᠦᠷᠭᠦᠯᠵᠢ ᠰᠢᠲᠦᠪᠡᠰᠦ ᠲᠤᠰᠠᠯᠠᠬᠤ ᠠᠨᠤ ᠵᠢᠷᠦᠬᠡᠨ ᠡᠷᠳᠡᠨᠢ ᠪᠣᠯᠠᠢ᠃
ᠬᠠᠭᠠᠭᠳᠠᠪᠠᠰᠤ ᠬᠡᠷᠡᠭᠯᠡᠬᠦ ᠶᠡᠷᠦ ᠶ᠋ᠢᠨ ᠡᠮ᠄ ᠰᠸᠷᠵᠢᠸᠮ᠎ᠡ ᠳ᠋ᠢᠭᠰᠸᠷᠢᠨ᠂ ᠰᠸᠮ᠎ᠠ ᠂ ᠵᠠᠮᠪᠠ᠂ ᠰᠸᠼᠤᠸᠠ ᠵᠠᠼᠤᠸᠠ ᠵᠠᠮᠼᠤᠸᠨ ᠺᠡᠷᠤᠼᠤᠸᠠ  ᠰᠥᠭᠮᠸᠯ᠂ ᠭᠤᠷᠪᠠᠨ ᠵᠦᠢᠯ ᠦ᠋ᠨ ᠦᠷ᠎ᠡ᠂ ᠸᠠᠩᠯᠠᠭ ᠊ᠢ ᠬᠤᠪᠢ ᠲᠠᠭᠰᠢ ᠨᠠᠶ᠋ᠢᠷᠠᠭᠤᠯᠤᠭᠰᠠᠨ ᠠᠯᠲᠠᠨ ᠵᠡᠭᠦᠦ —13 ᠪᠠᠷ ᠰᠢᠭᠡᠰᠦ ᠬᠠᠭᠠᠭᠳᠠᠭᠰᠠᠨ ᠊ᠢ ᠲᠦᠷᠭᠡᠨ ᠭᠡᠲᠦᠯᠭᠡᠨ᠎ᠡ᠃ ᠮᠠᠭᠠᠳᠯᠠᠭᠰᠠᠨ ᠨᠠᠶ᠋ᠢᠷᠠᠯᠭ᠎ᠠ ᠪᠤᠰᠤᠳ ᠲᠤ᠌ ᠪᠠᠶ᠋ᠢᠬᠤ ᠦᠭᠡᠢ᠃
ᠬᠡᠢ ᠳ᠋ᠦ᠍ ᠬᠡᠷᠡᠭᠯᠡᠬᠦ ᠳ᠋ᠡᠭᠡᠨ ᠠᠷᠢᠬᠢ ᠪᠤᠶᠤ ᠪᠤᠴᠠᠯᠤᠭᠰᠠᠨ ᠤᠰᠤ ᠪᠠᠷ ᠬᠥᠯᠭᠡᠯᠡ᠃ ᠵᠠᠼᠤᠸᠠ᠂ ᠰᠸᠼᠤᠸᠠ ᠺᠡᠷᠤᠼᠤᠸᠠ ᠭᠤᠷᠪᠠ ᠶ᠋ᠢ ᠪᠤᠴᠠᠯᠤᠭᠰᠠᠨ ᠤᠰᠤ ᠪᠠᠷ ᠳᠠᠷᠤᠭᠤᠯᠪᠠᠰᠤ ᠮᠠᠭᠠᠳ ᠲᠤᠰᠠᠯᠠᠬᠤ ᠶ᠋ᠢ ᠦᠵᠡᠪᠡᠢ᠃ ᠡᠮ ᠦᠭᠡᠢ ᠪᠣᠯᠪᠠᠰᠤ ᠵᠠᠼᠤᠸᠠ ᠶ᠋ᠢᠨ ᠭᠠᠭᠴᠠ ᠳᠠᠩ ᠴᠦ᠍ ᠪᠣᠯᠤᠮᠤᠢ᠃
ᠰᠢᠵᠢᠩ ᠦ᠋ᠨ ᠶᠡᠷᠦ ᠶ᠋ᠢᠨ ᠡᠮ ᠶᠦᠩᠸ᠋᠎ᠠ᠂ ᠵᠢᠷᠱᠦ᠋ᠨ᠂ ᠵᠦᠷᠦᠷ᠎ᠠ᠂ ᠰᠸᠮ᠎ᠠ ᠰᠥᠭᠮᠸᠯ ᠳ᠋ᠤᠮᠷᡁᠢ᠂ ᠵᠠᠮᠪᠠ ᠶ᠋ᠢ ᠨᠠᠶ᠋ᠢᠷᠠᠭᠤᠯᠤᠭᠠᠳ ᠴᠢᠨᠠᠬᠤ ᠪᠤᠶᠤ ᠳᠠᠷᠤᠭᠤᠯᠬᠤ ᠠᠯᠢ ᠵᠣᠬᠢᠰᠲᠠᠢ ᠪᠠᠷ ᠰᠢᠲᠦᠭᠦᠯ᠃ ᠲᠡᠮᠦᠷ ᠳᠡᠭᠡᠰᠦ —7 ᠪᠠᠷ ᠰᠢᠵᠢᠩ ᠡᠪᠡᠳᠴᠢᠨ ᠬᠣᠲᠠᠯᠠᠭᠠᠷ ᠊ᠢ ᠪᠣᠭᠣᠮᠤᠢ᠃ ᠪᠤᠰᠤᠳ ᠡᠮ ᠊ᠢ ᠬᠡᠷᠡᠭᠰᠡᠬᠦ ᠦᠭᠡᠢ᠂ ᠲᠡᠭᠦᠨ ᠢ᠋ᠶ᠋ᠡᠷ ᠪᠦᠬᠦᠨ ᠊ᠢ ᠴᠢᠳᠠᠬᠤ ᠮᠠᠭᠠᠳ᠃ ᠶᠦᠩᠸ᠎ᠠ —4 ᠳᠠᠩ ᠊ᠢ ᠥᠭᠪᠡᠴᠦ ᠲᠤᠰᠠᠲᠠᠢ ᠶ᠋ᠢ ᠮᠠᠭᠠᠳᠯᠠᠪᠠᠢ

ᠳᠥᠴᠢᠨ ᠨᠢᠭᠡ᠂ ᠰᠡᠮᠰᠸ ᠦ᠋ᠨ ᠡᠪᠡᠳᠴᠢᠨ ᠊ᠢ ᠵᠠᠰᠠᠬᠤ

  ᠳᠤᠰᠤᠯ ᠤ᠋ᠨ ᠣᠷᠣᠨ ᠰᠡᠮᠰᠸ ᠦ᠋ᠨ ᠡᠪᠡᠳᠴᠢᠨ ᠢᠨᠤ ᠲᠠᠴᠢᠶᠠᠯ ᠶᠠᠪᠤᠳᠠᠯ ᠬᠡᠲᠦᠷᠡᠭᠰᠡᠨ ᠢ᠋ᠶ᠋ᠡᠷ ᠬᠡᠢ ᠴᠢᠰᠤ ᠬᠢᠮᠤᠷᠠᠭᠠᠳ ᠡᠷ᠎ᠡ ᠡᠮ᠎ᠡ ᠶ᠋ᠢᠨ ᠴᠠᠭᠠᠨ ᠤᠯᠠᠭᠠᠨ ᠳᠤᠰᠤᠯ ᠳᠣᠷᠣᠶ᠋ᠢᠲᠠᠬᠤ᠂ ᠪᠠᠷᠠᠭᠳᠠᠬᠤ ᠬᠤᠶ᠋ᠢᠯᠠᠷᠠᠬᠤ᠂ ᠴᠤᠪᠤᠷᠢᠬᠤ ᠪᠠᠶ᠋ᠢᠲᠠᠯ ᠣᠯᠠᠨ ᠭᠠᠷᠬᠤ ᠪᠥᠭᠡᠳ ᠪᠡᠶ᠎ᠡ ᠶ᠋ᠢᠨ ᠥᠩᠭᠡ ᠬᠦᠴᠦᠨ ᠰᠦᠷ ᠵᠢᠪᠬᠤᠯᠠᠩ ᠪᠦᠬᠦᠨ ᠳᠣᠷᠣᠶ᠋ᠢᠲᠠᠭᠠᠳ᠂ ᠴᠢᠯᠥᠭᠡ ᠤᠴᠠᠷᠠᠯ ᠊ᠢ ᠬᠣᠮᠰᠠᠳᠬᠠᠭᠴᠢ ᠲᠡᠭᠦᠨ ᠡᠴᠡ ᠪᠣᠯᠤᠮᠤᠢ᠂ ᠲᠡᠶ᠋ᠢᠮᠦ ᠶ᠋ᠢᠨ ᠲᠤᠯᠠ ᠪᠡᠶ᠎ᠡ ᠶ᠋ᠢᠨ ᠲᠠᠮᠢᠷ ᠊ᠢ ᠲᠡᠵᠢᠭᠡᠬᠦ ᠡᠮ ᠦ᠋ᠨ ᠨᠠᠶ᠋ᠢᠷᠠᠯᠭ᠎ᠠ ᠶ᠋ᠢ ᠦᠵᠡᠭᠦᠯᠦᠶ᠎ᠡ᠃ ᠡᠯᠵᠢᠭᠡ᠂ ᠴᠠᠭᠠᠨ ᠨᠣᠬᠠᠢ᠂ ᠪᠤᠭᠤ ᠶ᠋ᠢᠨ ᠭᠠᠳᠠᠷ ᠪᠥᠭᠡᠷ᠎ᠡ ᠨᠤᠭᠦᠳ ᠣᠯᠳᠠᠪᠠᠰᠤ ᠲᠡᠷᠢᠭᠦᠨ᠃ ᠬᠤᠴᠠ ᠤᠬᠤᠨ᠎ᠠ ᠶ᠋ᠢᠨ ᠭᠠᠳᠠᠷ ᠪᠥᠭᠡᠷ᠎ᠡ ᠶ᠋ᠢ ᠢᠯᠵᠢᠷᠡᠯ ᠦᠭᠡᠢ᠂ ᠡᠪᠳᠡᠷᠡᠯ ᠦᠭᠡᠢ ᠰᠠᠶ᠋ᠢᠲᠤᠷ ᠬᠠᠲᠠᠭᠠᠵᠤ᠂ ᠠᠯᠢ ᠪᠦᠷᠢᠲᠦᠭᠰᠡᠨ ᠯᠤᠭᠡ ᠸᠠᠩᠯᠠᠭ᠂ ᠰᠢᠩ ᠠᠷ᠂ ᠴᠠᠭᠠᠨ ᠳᠠᠩᠫᠤᠷᠤᠮ᠂ ᠲᠠᠬᠢᠶᠠᠨ ᠥᠨᠳᠡᠭᠡ᠂ ᠵᠣᠩᠰᠢ᠂ ᠪᠤᠷᠠᠮ᠂ ᠶᠡᠬᠡ ᠵᠠᠩᠭᠤᠤ᠂ ᠨᠢᠰᠢᠩ᠂ ᠷᠠᠨᠢ ᠽᠠᠳᠢ ᠰᠸᠪᠦ᠋ᠷᠦ ᠨᠤᠭᠦᠳ ᠊ᠢ ᠬᠤᠪᠢ ᠲᠠᠭᠰᠢ ᠨᠠᠶ᠋ᠢᠷᠠᠭᠤᠯᠵᠤ᠂ ᠴᠠᠭᠠᠨ ᠬᠣᠨᠢᠨ ᠰᠦ ᠳ᠋ᠦ᠍ ᠴᠢᠨᠠᠵᠤ᠂ ᠡᠳᠦᠷ ᠪᠦᠷᠢ ᠶ᠋ᠢᠨ ᠥᠷᠯᠥᠭᠡ ᠢᠳᠡᠭᠡᠳ ᠲᠠᠴᠢᠶᠠᠯ ᠶᠠᠪᠤᠳᠠᠯ᠂ ᠪᠡᠶ᠎ᠡ ᠠᠯᠵᠢᠶᠠᠷᠠᠬᠤ ᠪᠦᠬᠦᠨ ᠊ᠢ ᠨᠢᠭᠡ ᠵᠢᠯ ᠲᠡᠪᠴᠢᠬᠦ ᠬᠡᠷᠡᠭᠲᠡᠢ᠃ ᠬᠦᠴᠦᠨ ᠳᠡᠭᠵᠢᠷᠡᠬᠦ ᠪᠥᠭᠡᠳ ᠥᠩᠭᠡ ᠵᠢᠪᠬᠤᠯᠠᠩ ᠊ᠢ ᠨᠡᠮᠡᠭᠲᠡᠭᠦᠯᠦᠨ ᠦᠢᠯᠡᠳᠦᠮᠦᠢ ᠲᠦᠪᠡᠭ ᠴᠥᠭᠡᠨ᠂ ᠤᠪᠠᠳᠢᠰ ᠣᠯᠠᠨ ᠪᠠᠶ᠋ᠢᠲᠠᠭ

ᠳᠥᠴᠢᠨ ᠬᠣᠶᠠᠷ᠂ ᠬᠣᠷᠭᠣᠰᠣ ᠬᠠᠲᠠᠬᠤ ᠶ᠋ᠢ ᠵᠠᠰᠠᠬᠤ

ᠪᠠᠭᠠᠰᠤ ᠬᠠᠭᠠᠭᠳᠠᠬᠤ ᠳ᠋ᠤ᠌ ᠬᠠᠪᠤᠳᠬᠤ ᠪᠠ ᠬᠠᠲᠠᠬᠤ ᠶ᠋ᠢ ᠵᠠᠰᠠᠬᠤ ᠶᠡᠷᠦ ᠶ᠋ᠢᠨ ᠡᠮ᠄ ᠠᠷᠤᠷ᠎ᠠ᠂ ᠵᠦᠮᠽᠡ ᠪᠦᠯᠲᠤᠭ ᠤ᠋ᠨ ᠳᠠᠩ ᠊ᠢ ᠰᠢᠲᠦᠪᠡᠰᠦ ᠲᠤᠰᠠᠯᠠᠮᠤᠢ᠃ ᠳᠠᠪᠤᠰᠤ᠂ ᠮᠥᠰᠥᠨ ᠰᠢᠬᠢᠷ ᠬᠣᠶᠠᠷ ᠊ᠢ ᠨᠡᠶ᠋ᠢᠯᠡᠭᠦᠯᠦᠨ ᠬᠠᠭᠤᠷᠴᠤ ᠬᠠᠶ᠋ᠢᠯᠤᠭᠤᠯᠤᠭᠠᠳ ᠠᠯᠠᠭᠠᠳᠠᠨ ᠳᠥᠷᠪᠡᠨ ᠬᠤᠷᠤᠭᠤ ᠤᠷᠲᠤ ᠪᠣᠯᠭᠠᠭᠠᠳ ᠪᠥᠭᠰᠡᠨ ᠳ᠋ᠦ᠍ᠷ ᠣᠷᠣᠭᠤᠯᠵᠤ ᠨᠢᠷᠤᠬ᠎ᠠ ᠪᠠᠷ ᠲᠠᠲᠠᠭᠤᠯᠪᠠᠰᠤ ᠮᠠᠰᠢ ᠲᠦᠷᠭᠡᠨ᠃ ᠡᠰᠡᠬᠦᠯ᠎ᠡ ᠳ᠋ᠢᠯ ᠦ᠋ᠨ ᠲᠣᠰᠣᠨ ᠊ᠢ ᠤᠰᠤᠨ ᠳ᠋ᠤ᠌ ᠵᠢᠭᠤᠷᠠᠵᠤ ᠤᠤᠭᠤᠪᠠᠴᠤ ᠪᠠᠭᠤᠮᠤᠢ᠃ ᠬᠣᠨᠢᠨ ᠰᠡᠭᠦᠯ ᠦ᠋ᠨ ᠥᠭᠡᠬᠦ ᠴᠢᠨᠠᠭᠰᠠᠨ ᠱᠥᠯᠥ ᠶ᠋ᠢ ᠤᠤᠭᠤᠪᠠᠴᠤ ᠲᠤᠰᠠᠲᠠᠢ᠃


  ᠦᠰᠦᠭ ᠠᠮᠢᠯᠠᠭᠤᠯᠤᠭᠴᠢ᠄ ᠱᠠᠭᠰᠠᠯ
  ᠬᠢᠨᠠᠭᠴᠢ᠄ ᠦᠯᠵᠡᠶ᠋ᠢᠪᠠᠭᠠᠲᠤᠷ