ᠭᠡᠷᠡᠯ ᠳ᠋ᠦ᠍ ᠲᠡᠮᠡᠦᠯᠦᠭᠴᠢᠳ - ᠪᠥᠬᠡᠳᠡᠯᠭᠡᠷ Гэрэлд тэмүүлэгчид - Бөхдэлгэр
ᠭᠡᠷᠡᠯ ᠳ᠋ᠦ᠍ ᠲᠡᠮᠡᠦᠯᠦᠭᠴᠢᠳ
– ᠨᠤᠲᠤᠭ ᠤ᠋ᠨ ᠳᠠᠭᠤᠤ
ᠭᠡᠷᠡᠯ ᠳ᠋ᠦ᠍ ᠲᠡᠮᠡᠦᠯᠦᠭᠴᠢᠳ
ᠬᠥᠷᠥᠰᠥᠲᠦ ᠭᠠᠵᠠᠷ ᠭᠡᠨᠡᠳᠲᠡ ᠴᠥᠮᠥᠷᠡᠭᠡᠳ ᠣᠷᠣᠴᠢᠬᠠᠭᠰᠠᠨ ᠭᠡᠵᠦ ᠦᠦ ?
ᠬᠥᠬᠡ ᠲᠡᠭᠷᠢ ᠭᠡᠨᠡᠳᠲᠡ ᠲᠠᠯ᠎ᠠ ᠴᠢᠷᠠᠢ ᠪᠠᠨ ᠳᠠᠯᠳᠠᠯᠠᠴᠢᠬᠪᠠᠣ ?
ᠭᠦᠨ ᠭᠣᠣ ᠃ᠬᠥᠷᠥᠰᠥᠲᠦ ᠭᠠᠵᠠᠷ ᠤ᠋ᠨ ᠡᠪᠴᠢᠭᠦᠨ ᠬᠥᠨᠳᠡᠢ ᠰᠢᠭ ᠭᠦᠨ ᠭᠣᠣ ᠃ ᠬᠥᠬᠡ ᠲᠡᠭᠷᠢ ᠶ᠋ᠢᠨ ᠬᠣᠷᠮᠣᠢ ᠶ᠋ᠢᠨ ᠬᠤᠨᠢᠶᠠᠰᠤ ᠰᠢᠭ᠋ ᠭᠦᠨ ᠭᠣᠣ ᠃
ᠭᠦᠨ ᠭᠣᠣ ᠳᠣᠲᠣᠷ᠎ᠠ ᠠ᠋ᠴᠠ ᠳᠡᠭᠡᠭᠰᠢ ᠬᠠᠷᠠᠪᠠᠯ ᠣᠭᠲᠠᠷᠭᠤᠢ ᠨᠠᠪ ᠨᠠᠷᠢᠬᠠᠨ – ᠰᠠᠯᠬᠢᠨ ᠳ᠋ᠤ᠌ ᠬᠦᠪᠬᠦᠯᠵᠡᠬᠦ ᠰᠣᠯᠣᠩᠭ᠎ᠠ ᠶ᠋ᠢᠨ ᠲᠤᠤᠵᠠ ᠠᠳᠠᠯᠢ ! ᠳᠣᠷᠣᠭᠰᠢ ᠬᠠᠷᠠᠪᠠᠯ ᠭᠣᠷᠣᠬ᠎ᠠ ᠬᠥᠪ ᠭᠦᠶᠦᠭᠡᠨ – ᠠᠯᠠᠭᠠᠨ ᠳ᠋ᠤ᠌ ᠠᠯᠳᠠᠯᠠᠬᠤ ᠮᠥᠩᠭᠥᠨ ᠬᠠᠳᠠᠭ ᠠᠳᠠᠯᠢ – ᠵᠡᠭᠦᠨᠰᠢ ᠬᠠᠷᠠᠪᠠᠯ ᠠᠰᠬ᠎ᠠ ᠬᠠᠳᠠ – ᠬᠠᠴᠠᠷ ᠤᠷᠤᠭᠤ ᠬᠠᠢᠪᠠᠭᠠᠳ ᠤᠨᠠᠮᠠᠷ! ᠪᠠᠷᠠᠭᠤᠨᠰᠢ ᠬᠠᠷᠠᠪᠠᠯ ᠡᠭᠴᠡ ᠡᠷᠭᠢ – ᠲᠣᠯᠣᠭᠠᠢ ᠤᠷᠤᠭᠤ ᠨᠤᠷᠠᠭᠠᠳ ᠪᠠᠭᠤᠮᠠᠷ !ᠣᠷᠣᠭᠰᠢ ᠬᠠᠷᠠᠪᠠᠯ ᠮᠤᠷᠤᠢ ᠰᠠᠷᠤᠢ – ᠪᠡᠶ᠎ᠡ ᠪᠡᠨ ᠮᠤᠰᠬᠢᠷᠠᠯᠳᠤᠭᠤᠯᠤᠭᠰᠠᠨ ᠡᠷᠢᠶᠡᠨ ᠮᠣᠭᠠᠢ ᠠᠳᠠᠯᠢ – ᠬᠣᠢᠰᠢ ᠬᠠᠷᠠᠪᠠᠯ ᠰᠣᠨᠣᠰ ᠳᠣᠨᠤᠰ – ᠬᠦᠵᠦᠭᠦᠦ ᠪᠡᠨ ᠰᠤᠩᠭᠠᠭᠰᠠᠨ ᠴᠣᠬᠣᠷ ᠠᠨᠠᠰᠢ ᠮᠡᠲᠦ !
ᠠᠯᠲᠠᠨ ᠨᠠᠷᠠᠨ ᠤ᠋ ᠰᠢᠵᠢᠷ ᠭᠡᠷᠡᠯ ᠨᠠᠪ ᠨᠠᠷᠢᠬᠠᠨ ᠣᠭᠲᠠᠷᠭᠤᠢ ᠠ᠋ᠴᠠ ᠳᠣᠭᠣᠭᠰᠢᠯᠠᠨ ᠭᠦᠨ ᠭᠣᠣ ᠤᠷᠤᠭᠤ ᠂ ᠭᠦᠶᠦᠭᠡᠨ ᠪᠤᠯᠠᠭ ᠵᠦᠭ ᠵᠤᠷᠪᠤᠰᠯᠠᠨ ᠪᠠᠭᠤᠨ᠎ᠠ ᠃
ᠨᠣᠮᠢᠨ ᠰᠢᠭᠤᠢ ᠶ᠋ᠢᠨ ᠢᠭᠴᠢᠷᠠᠭᠰᠠᠨ ᠮᠣᠳᠣᠳ ᠭᠦᠨ ᠬᠠᠷᠠᠩᠭᠤᠢ ᠭᠣᠣ ᠠ᠋ᠴᠠ ᠳᠡᠭᠡᠭᠰᠢᠯᠡᠨ ᠬᠥᠬᠡ ᠣᠭᠲᠠᠷᠭᠤᠢ ᠥᠭᠡᠳᠡ ᠂ ᠨᠠᠷᠠᠨ ᠭᠡᠷᠡᠯ ᠲᠡᠰᠢ ᠲᠡᠮᠡᠦᠯᠦᠨ ᠤᠷᠭᠤᠨ᠎ᠠ ᠃ ᠳᠡᠯᠭᠡᠭᠰᠡᠨ ᠨᠠᠪᠴᠢ ᠨᠢ ᠭᠡᠷᠡᠯ ᠵᠦᠭ ᠂ ᠰᠤᠨᠤᠯᠵᠠᠭᠰᠠᠨ ᠰᠠᠯᠠᠭ᠎ᠠ ᠨᠢ ᠭᠡᠷᠡᠯ ᠵᠦᠭ ᠂ ᠰᠤᠭᠳᠠᠢᠭᠰᠠᠨ ᠪᠡᠶ᠎ᠡ ᠨᠢ ᠭᠡᠷᠡᠯ ᠵᠦᠭ ᠂ ᠭᠦᠷᠪᠡᠯᠵᠡᠭᠰᠡᠨ ᠦᠨᠳᠦᠰᠦ ᠨᠢ ᠴᠦ᠍ ᠭᠡᠷᠡᠯ ᠵᠦᠭ !
ᠬᠥᠮᠥᠷᠢᠭᠰᠡᠨ ᠲᠣᠭᠣᠭ᠎ᠠ ᠰᠢᠭ᠋ ᠬᠠᠷᠠᠩᠭᠤᠢ ᠰᠥᠨᠢ ᠳᠠᠷᠤᠨ ᠢᠷᠡᠬᠦ ᠳ᠋ᠦ᠍ ᠡᠳᠦᠷ ᠦ᠋ᠨ ᠮᠠᠷᠭᠠᠰᠢ ᠮᠠᠨᠳᠤᠬᠤ ᠨᠠᠷᠠᠨ ᠳ᠋ᠤ᠌ ᠲᠡᠮᠡᠦᠯᠦᠨ ᠮᠣᠳᠣᠳ ᠮᠥᠨ ᠯᠡ ᠣᠭᠲᠠᠷᠭᠤᠢ ᠥᠭᠡᠳᠡ !
ᠬᠠᠷ᠎ᠠ ᠬᠥᠰᠢᠭᠡ ᠰᠢᠭ ᠵᠤᠵᠠᠭᠠᠨ ᠡᠭᠦᠯᠡ ᠨᠡᠲᠦᠢᠨ ᠢᠷᠡᠬᠦ ᠳ᠋ᠦ᠍ ᠡᠭᠦᠯᠡᠨ ᠴᠠᠭᠠᠨ᠎ᠠ ᠭᠢᠯᠠᠯᠵᠠᠬᠤ ᠭᠡᠷᠡᠯ ᠳ᠋ᠦ᠍ ᠲᠡᠮᠡᠦᠯᠦᠨ ᠮᠣᠳᠣᠳ ᠮᠥᠨ ᠯᠡ ᠣᠭᠲᠠᠷᠭᠤᠢ ᠥᠭᠡᠳᠡ !
ᠲᠣᠭᠰᠢᠨ ᠮᠥᠨᠳᠥᠷ ᠰᠠᠯᠪᠠᠷᠠᠲᠠᠯᠠ ᠴᠣᠬᠢᠯᠪᠠᠴᠤ ᠨᠣᠭᠣᠭᠠᠨ ᠨᠠᠪᠴᠢ ᠮᠥᠨ ᠯᠡ ᠭᠡᠷᠡᠯ ᠳ᠋ᠦ᠍ ᠲᠡᠮᠡᠦᠯᠦᠨ ᠳᠡᠭᠡᠭᠰᠢ ᠠᠷᠪᠠᠢᠭᠰᠠᠨ ᠬᠡᠪ ᠢ᠋ᠶ᠋ᠡᠷ ᠢ᠋ᠶ᠋ᠡᠨ!
ᠴᠠᠰᠤ ᠰᠢᠭᠤᠷᠭ᠎ᠠ ᠳᠠᠭᠵᠢᠲᠠᠯ᠎ᠠ ᠴᠡᠴᠡᠷᠡᠭᠦᠯᠪᠡᠴᠦ ᠰᠠᠯᠠᠭ᠎ᠠ ᠮᠥᠴᠢᠷ ᠮᠥᠨ ᠯᠡ ᠭᠡᠷᠡᠯ ᠳ᠋ᠦ᠍ ᠲᠡᠮᠡᠦᠯᠦᠨ ᠳᠡᠭᠡᠭᠰᠢ ᠰᠠᠷᠪᠠᠢᠭᠰᠠᠨ ᠶᠠᠩᠵᠤ ᠪᠠᠷ ᠢᠶᠡᠨ!
ᠭᠦᠨ ᠭᠣᠣ ᠠ᠋ᠴᠠ ᠦᠵᠡᠭᠳᠡᠬᠦ ᠣᠭᠲᠠᠷᠭᠤᠢ ᠨᠢᠪ ᠨᠠᠷᠢᠬᠠᠨ ᠲᠤᠯᠠᠳᠠ ᠣᠭᠲᠠᠷᠭᠤᠢ ᠳ᠋ᠤ᠌ ᠣᠢᠷᠠᠲᠤᠬᠤ ᠶ᠋ᠢ ᠮᠣᠳᠣᠳ ᠠᠮᠢ ᠨᠠᠰᠤᠨ ᠤ᠋ ᠪᠠᠨ ᠲᠦᠷᠦᠭᠦᠦ ᠴᠡᠩᠭᠡᠯ ᠪᠣᠯᠭᠠᠵᠤ ᠡᠪᠦᠯ ᠵᠤᠨ ᠦᠭᠡᠢ ᠲᠡᠮᠡᠦᠯᠡᠨ᠎ᠡ ᠃
ᠭᠦᠨ ᠭᠣᠣ ᠳ᠋ᠤ᠌ ᠲᠤᠰᠬᠤ ᠭᠡᠷᠡᠯ ᠴᠥᠪ ᠴᠥᠭᠡᠨ ᠤᠴᠢᠷ ᠠ᠋ᠴᠠ ᠭᠡᠷᠡᠯ ᠬᠦᠷᠲᠡᠬᠦ ᠶ᠋ᠢ ᠮᠣᠳᠣᠳ ᠠᠮᠢ ᠨᠠᠰᠤᠨ ᠤ᠋ ᠪᠠᠨ ᠲᠦᠷᠦᠭᠦᠦ ᠱᠠᠭᠠᠷᠳᠠᠯᠭ᠎ᠠ ᠪᠣᠯᠭᠠᠵᠤ ᠡᠳᠦᠷ ᠰᠥᠨᠢ ᠦᠭᠡᠢ ᠲᠡᠮᠡᠦᠯᠡᠨ᠎ᠡ ᠃
ᠲᠡᠢᠮᠦ ᠡᠴᠡ ᠮᠣᠳᠣᠳ ᠤ᠋ᠨ ᠰᠠᠯᠠᠭ᠎ᠠ ᠨᠢ ᠠᠪ ᠠᠰᠬᠠᠨ ᠂ ᠡᠰᠢ ᠨᠢ ᠰᠢᠪ ᠰᠢᠯᠤᠭᠤᠨ ᠂ ᠬᠥᠷᠥᠰᠥᠲᠦ ᠭᠠᠵᠠᠷ ᠬᠥᠬᠡ ᠣᠭᠲᠠᠷᠭᠤᠢ ᠶ᠋ᠢ ᠲᠤᠯᠭᠠᠭᠤᠷᠢᠯᠠᠭᠰᠠᠨ ᠨᠢᠷᠤᠭᠤ ᠪᠠᠭᠠᠨ᠎ᠠ ᠭᠡᠮᠡᠷ !
ᠠᠭᠤᠯᠠᠨ ᠣᠷᠣᠢ ᠳ᠋ᠤ᠌ ᠤᠷᠭᠤᠭᠰᠠᠨ ᠮᠣᠳᠣᠳ ᠬᠥᠬᠡ ᠣᠭᠲᠠᠷᠭᠤᠢ ᠶ᠋ᠢᠨ ᠡᠪᠦᠷ ᠲᠦ᠍ ᠪᠦᠪᠡᠢᠯᠡᠭᠳᠡᠵᠦ ᠪᠠᠢᠪᠠᠴᠤ ᠵᠠᠭᠤᠨ ᠲᠡᠰᠢ ᠪᠤᠲᠠᠯᠠᠨ᠎ᠠ ᠃
ᠲᠠᠯ᠎ᠠ ᠶ᠋ᠢᠨ ᠬᠥᠪᠡᠭᠡᠨ ᠦ᠌ ᠤᠷᠭᠤᠭᠰᠠᠨ ᠮᠣᠳᠣᠳ ᠨᠠᠷᠠᠨ ᠭᠡᠷᠡᠯ ᠦ᠋ᠨ ᠠᠯᠠᠭᠠᠨ ᠳ᠋ᠤ᠌ ᠡᠩᠬᠦᠷᠡᠢᠯᠡᠭᠳᠡᠵᠦ ᠪᠠᠢᠭᠰᠠᠨ ᠴᠤ᠌ ᠳᠠᠯᠠᠨ ᠮᠤᠰᠢᠭᠠᠢ ᠰᠠᠷᠪᠠᠢᠨ᠎ᠠ᠃
ᠬᠠᠷᠢᠨ ᠬᠠᠷᠠᠩᠭᠤᠢ ᠭᠣᠣ ᠠ᠋ᠴᠠ ᠤᠷᠭᠤᠭᠰᠠᠨ ᠮᠣᠳᠣᠳ ᠦᠷᠰᠦᠯᠳᠦᠭᠡᠨ ᠮᠥᠷᠥᠢᠴᠡᠭᠡᠨ ᠳᠤᠮᠳᠠ ᠤᠷᠤᠯᠳᠤᠨ ᠥᠰᠦᠭᠰᠡᠭᠡᠷ ! ᠬᠠᠨᠢᠲᠠᠨ ᠠ᠋ᠴᠠ ᠪᠠᠨ ᠬᠣᠴᠣᠷᠪᠠᠯ ᠬᠥᠬᠡ ᠣᠭᠲᠠᠷᠭᠤᠢ ᠠ᠋ᠴᠠ ᠭᠡᠭᠡᠭᠳᠡᠬᠦ ᠲᠤᠯᠠᠳᠠ ᠠᠳᠠ ᠢᠮᠠᠭᠠᠨ ᠰᠠᠬᠠᠯ ᠰᠢᠭ᠋ ᠪᠤᠲᠠ ᠂ ᠬᠣᠨᠢᠨ ᠰᠡᠭᠦᠯ ᠰᠢᠭ ᠪᠣᠷᠣᠯᠵᠠᠭᠠᠨᠠ ᠠᠯᠠᠭ᠎ᠠ ᠃ ᠨᠠᠢᠵᠢ ᠠ᠋ᠴᠠ ᠪᠠᠨ ᠬᠣᠴᠣᠷᠪᠠᠯ ᠨᠠᠷᠠᠨ ᠭᠡᠷᠡᠯ ᠡᠴᠡ ᠭᠡᠭᠡᠭᠳᠡᠬᠦ ᠲᠤᠯᠠᠳᠠ ᠠᠳᠠ ᠪᠥᠭᠲᠥᠷ ᠬᠥᠭᠰᠢᠨ ᠰᠢᠭ ᠨᠤᠭᠳᠤᠢᠭ᠍ᠰᠡᠡ ᠰᠠᠯᠠᠭ᠎ᠠ ᠂ ᠬᠥᠯᠴᠥᠭᠦᠦ ᠰᠣᠭᠲᠣᠭᠤ ᠰᠢᠭ᠋ ᠬᠠᠢᠪᠠᠯᠵᠠᠭᠰᠠᠨ ᠨᠠᠮᠠᠭ᠎ᠠ ᠠᠯᠠᠭ᠎ᠠ ᠃
ᠪᠠᠭᠠᠨ᠎ᠠ ᠲᠤᠯᠭᠠᠭᠤᠷᠢ ᠴᠢᠨᠢ ᠪᠡᠷᠬᠡ ᠣᠷᠴᠢᠨ ᠳ᠋ᠤ᠌ ᠮᠥᠷᠥᠢᠴᠡᠭᠡᠨ ᠤᠷᠤᠯᠳᠤᠭᠠᠨ ᠳᠤᠮᠳᠠ ᠯᠠ ᠤᠷᠭᠤᠵᠤ ᠪᠤᠵᠠᠭᠠᠢᠷᠠᠳᠠᠭ ᠶᠤᠮ ᠪᠠᠢᠨ᠎ᠠ ᠰᠢᠦ!
ᠰᠡᠭᠦᠳᠡᠷ ᠲᠦ᠍ ᠤᠨᠲᠠᠭᠴᠢᠳ
ᠬᠠᠳᠠᠨ ᠤ᠋ ᠨᠡᠲᠦᠢᠭᠰᠡᠨ ᠰᠡᠭᠦᠳᠡᠷ ᠂ ᠡᠷᠭᠢ ᠶ᠋ᠢᠨ ᠨᠡᠲᠦᠢᠭᠰᠡᠨ ᠰᠡᠭᠦᠳᠡᠷ ᠂ ᠨᠠᠷᠠᠰᠤᠨ ᠤ᠋ ᠨᠡᠲᠦᠢᠭᠰᠡᠨ ᠰᠡᠭᠦᠳᠡᠷ ᠂ ᠴᠠᠷᠠᠰᠤᠨ ᠤ᠋ ᠨᠡᠲᠦᠢᠭᠰᠡᠨ ᠰᠡᠭᠦᠳᠡᠷ ᠨᠡᠢᠯᠡᠵᠦ ᠨᠠᠪᠲᠠᠷᠠᠰᠢ ᠦᠭᠡᠢ ᠪᠠᠷᠠᠭᠠᠨ ᠬᠥᠰᠢᠭᠡ ᠪᠣᠯᠵᠤ ᠭᠦᠨ ᠭᠣᠣ ᠶ᠋ᠢ ᠪᠦᠲᠡᠭᠡᠪᠡ ᠃
ᠭᠦᠨ ᠭᠣᠣ ᠶ᠋ᠢᠨ ᠢᠷᠣᠭᠠᠷ ᠲᠤ᠌ ᠡᠳᠦᠷ ᠴᠦ᠍ ᠰᠥᠨᠢ ᠰᠢᠭ ᠬᠠᠪ ᠬᠠᠷᠠᠩᠭᠤᠢ ᠣᠭᠲᠠᠷᠭᠤᠢ ᠴᠤ᠌ ᠦᠵᠡᠭᠳᠡᠬᠦ ᠦᠭᠡᠢ ᠂ ᠡᠦᠲᠦ ᠴᠦ᠍ ᠦᠵᠡᠭᠳᠡᠬᠦ ᠦᠭᠡᠢ ᠂ ᠭᠡᠷᠡᠯ ᠴᠦ᠍ ᠨᠡᠪᠲᠡᠷᠡᠬᠦ ᠦᠭᠡᠢ ᠂ ᠲᠤᠶᠠᠭ᠎ᠠ ᠴᠤ᠌ ᠨᠡᠪᠲᠡᠷᠡᠬᠦ ᠦᠭᠡᠢ!
ᠭᠦᠨ ᠭᠣᠣ ᠶ᠋ᠢᠨ ᠢᠷᠣᠭᠠᠷ ᠲᠤ᠌ ᠡᠪᠦᠯ ᠴᠦ᠍ ᠵᠤᠨ ᠰᠢᠭ᠋ ᠲᠣᠪ ᠳᠤᠯᠠᠭᠠᠬᠠᠨ ᠃ ᠡᠬᠡ ᠶ᠋ᠢᠨ ᠤᠷᠤᠭᠤᠯ ᠰᠢᠭ᠋ ᠂ ᠡᠴᠢᠭᠡ ᠶ᠋ᠢᠨ ᠡᠪᠦᠷ ᠰᠢᠭ ᠂ ᠬᠠᠯᠠᠭᠤᠨ ᠬᠥᠯᠡᠮᠵᠢ ᠰᠢᠭ ᠂ ᠪᠦᠯᠢᠶᠡᠨ ᠷᠠᠰᠢᠶᠠᠨ ᠰᠢᠭ᠋ !
ᠭᠦᠨ ᠭᠣᠣ ᠶ᠋ᠢᠨ ᠬᠠᠪ ᠬᠠᠷᠠᠩᠭᠤᠢ ᠂ ᠲᠣᠪ ᠳᠤᠯᠠᠭᠠᠨ ᠢᠷᠣᠭᠠᠷ ᠲᠤ᠌ ᠡᠪᠦᠭᠡᠷᠡᠵᠦ ᠤᠨᠠᠭᠰᠠᠨ ᠮᠣᠳᠣᠳ ᠤᠨᠲᠠᠨ᠎ᠠ ᠃ ᠬᠠᠶᠠᠭᠰᠠᠨ ᠰᠠᠯᠠᠭ᠎ᠠ ᠪᠠᠨ ᠳᠠᠭᠠᠭᠠᠵᠤ ᠶᠠᠳᠠᠨ ᠂ ᠬᠤᠪᠠᠬᠠᠢᠷᠠᠭᠰᠠᠨ ᠪᠡᠶ᠎ᠡ ᠪᠡᠨ ᠲᠣᠭᠲᠠᠭᠠᠵᠤ ᠶᠠᠳᠠᠨ ᠂ ᠰᠠᠯᠬᠢ ᠰᠢᠭᠤᠷᠭᠠᠨ ᠳ᠋ᠤ᠌ ᠨᠠᠢᠭᠤᠵᠤ ᠲᠠᠢᠭᠤᠭᠰᠠᠭᠠᠷ ᠴᠠᠰᠤ ᠮᠥᠨᠳᠥᠷ ᠲᠦ᠍ ᠭᠠᠩᠬᠤᠨ ᠰᠠᠵᠢᠯᠠᠭᠰᠠᠭᠠᠷ ᠨᠠᠷᠠᠨ ᠭᠡᠷᠡᠯ ᠂ ᠬᠥᠬᠡ ᠣᠭᠲᠠᠷᠭᠤᠢ ᠶ᠋ᠢ ᠡᠴᠦᠰ ᠦ᠋ᠨ ᠤᠳᠠᠭ᠎ᠠ ᠭᠤᠨᠢᠶᠠᠯᠲᠠᠢ ᠪᠠᠷ ᠬᠠᠷᠠᠭᠠᠳ ᠬᠡᠵᠢᠶ᠎ᠡ ᠶᠠᠭᠠᠬᠢᠵᠤ ᠣᠢᠴᠢᠨ ᠤᠨᠠᠭᠰᠠᠨ ᠢ᠋ ᠪᠤᠤ ᠮᠡᠳᠡ ᠲᠡᠳᠡᠨ ᠦ᠌ ᠵᠠᠯᠠᠭᠤ ᠨᠠᠰᠤᠨ ᠤ᠋ ᠭᠢᠯᠠᠷᠠᠭᠰᠠᠨ ᠲᠡᠦᠬᠡ ᠶ᠋ᠢ ᠰᠠᠯᠬᠢ ᠴᠤ᠌ ᠮᠡᠳᠡᠬᠦ ᠦᠭᠡᠢ ᠡᠭᠦᠯᠡ ᠴᠦ᠍ ᠮᠡᠳᠡᠬᠦ ᠦᠭᠡᠢ ᠂ ᠭᠠᠭᠴᠠᠬᠦ ᠭᠤᠷᠴᠢᠭᠢᠨᠠᠬᠤ ᠭᠣᠷᠣᠬ᠎ᠠ ᠶ᠋ᠢᠨ ᠬᠥᠩᠭᠡᠨ ᠳᠣᠯᠭᠢᠶᠠᠨ ᠯᠠ ᠮᠡᠳᠡᠨ᠎ᠡ ᠃ᠲᠡᠳᠡᠨ ᠦ᠌ ᠬᠢᠵᠠᠭᠠᠷ ᠦᠭᠡᠢ ᠤᠷᠲᠤ ᠵᠡᠭᠦᠳᠦ ᠶ᠋ᠢ ᠪᠣᠯᠵᠣᠮᠣᠷ ᠦᠢᠮᠡᠭᠦᠯᠬᠦ ᠦᠭᠡᠢ ᠂ ᠬᠥᠬᠥᠭᠡ ᠴᠦ᠍ ᠦᠢᠮᠡᠭᠦᠯᠬᠦ ᠦᠭᠡᠢ ᠂ ᠭᠠᠭᠴᠠᠬᠦ ᠰᠢᠪᠡᠷᠡᠭᠰᠡᠨ ᠬᠤᠷ᠎ᠠ ᠶ᠋ᠢᠨ ᠵᠥᠭᠡᠯᠡᠨ ᠦᠨᠦᠰᠦᠯᠲᠡ ᠯᠡ ᠦᠢᠮᠡᠭᠦᠯᠦᠨᠡ ᠃
ᠭᠤᠷᠴᠢᠭᠢᠨᠠᠬᠤ ᠭᠣᠷᠣᠬ᠎ᠠ ᠶ᠋ᠢᠨ ᠬᠥᠩᠭᠡᠨ ᠳᠣᠯᠭᠢᠶᠠᠨ ᠡᠪᠦᠯ ᠵᠤᠨ ᠦᠭᠡᠢ ᠢᠯᠪᠢᠭᠰᠡᠭᠡᠷ ᠡᠪᠦᠭᠡᠨ ᠮᠣᠳᠣᠨ ᠤ᠋ ᠡᠭᠡᠨᠡᠭᠲᠡ ᠶ᠋ᠢᠨ ᠬᠦᠰᠡᠯ ᠰᠡᠳᠬᠢᠯᠭᠡ ᠶ᠋ᠢ ᠰᠡᠷᠢᠭᠡᠭᠡᠪᠡ ᠃
ᠱᠢᠪᠡᠷᠡᠭᠰᠡᠨ ᠬᠤᠷ᠎ᠠ ᠶ᠋ᠢᠨ ᠵᠥᠭᠡᠯᠡᠨ ᠦᠨᠦᠰᠦᠯᠲᠡ ᠡᠳᠦᠷ ᠰᠥᠨᠢ ᠦᠭᠡᠢ ᠦᠢᠮᠡᠭᠦᠯᠦᠭᠰᠡᠭᠡᠷ ᠦᠦᠮᠡᠯ ᠮᠣᠳᠣᠨ ᠤ᠋ ᠥᠨᠢᠳᠡ ᠶ᠋ᠢᠨ ᠨᠣᠢᠷ ᠵᠡᠭᠦᠳᠦ ᠶ᠋ᠢ ᠰᠡᠷᠢᠭᠡᠪᠡ᠃
ᠡᠪᠦᠭᠡᠨ ᠮᠣᠳᠣᠨ ᠤ᠋ ᠰᠠᠬᠠᠯ ᠰᠦᠶᠦᠭᠡ ᠨᠢ ᠠᠷᠪᠠᠯᠵᠠᠨ ᠬᠥᠳᠡᠯᠵᠦ ᠬᠠᠰ ᠴᠠᠭᠠᠨ ᠂ ᠴᠠᠰᠤ ᠴᠠᠭᠠᠨ ᠦᠷᠡᠰ ᠲᠥᠯᠵᠢᠯᠡ ᠃ ᠲᠡᠷᠡ ᠪᠣᠯ ᠬᠠᠰ ᠴᠠᠭᠠᠨ ᠂ ᠴᠠᠰᠤ ᠴᠠᠭᠠᠨ ᠮᠥᠭᠥ ᠮᠥᠨ ! ᠦᠦᠮᠡᠯ ᠮᠣᠳᠣᠨ ᠤ᠋ ᠬᠠᠯᠢᠰᠤ ᠡᠰᠢ ᠨᠢ ᠣᠪᠣᠯᠵᠠᠨ ᠬᠥᠳᠡᠯᠵᠦ ᠭᠠᠪ ᠰᠢᠷ᠎ᠠ ᠂ ᠠᠯᠲᠠᠨ ᠰᠢᠷ᠎ᠠ ᠰᠣᠶᠣᠭ᠎ᠠ ᠲᠦᠯᠬᠢᠯᠡᠯᠡ ᠃ ᠲᠡᠷᠡ ᠪᠣᠯ ᠭᠠᠪ ᠰᠢᠷ᠎ᠠ ᠂ ᠠᠯᠲᠠᠨ ᠰᠢᠷ᠎ᠠ ᠮᠥᠭᠥ ᠮᠥᠨ ! ᠬᠠᠷᠠᠯᠠᠭᠰᠠᠨ ᠬᠠᠯᠢᠰᠤ ᠨᠢ ᠠᠮᠲᠠᠲᠤ ᠮᠥᠭᠥ ᠶ᠋ᠢᠨ ᠮᠠᠯᠠᠭ᠎ᠠ ᠪᠣᠯᠵᠤ ᠪᠣᠷᠣᠯᠠᠭᠰᠠᠨ ᠡᠰᠢ ᠨᠢ ᠠᠮᠲᠠᠲᠤ ᠮᠥᠭᠥ ᠶ᠋ᠢᠨ ᠪᠡᠶ᠎ᠡ ᠪᠣᠯᠪᠠ ᠃ᠢᠯᠵᠠᠷᠠᠮᠠᠯ ᠨᠠᠪᠴᠢ ᠨᠢ ᠠᠮᠲᠠᠲᠤ ᠮᠥᠭᠥ ᠳ᠋ᠦ᠍ ᠦᠨᠦᠷ ᠨᠡᠮᠡᠵᠦ ᠂ ᠦᠦᠮᠡᠯ ᠰᠠᠯᠠᠭ᠎ᠠ ᠨᠢ ᠠᠮᠲᠠᠲᠤ ᠮᠥᠭᠥ ᠳ᠋ᠦ᠍ ᠰᠢᠮ᠎ᠡ ᠪᠣᠯᠪᠠ ᠠᠮᠲᠠᠲᠤ ᠮᠥᠭᠥ ᠂ ᠰᠢᠮᠡᠲᠦ ᠮᠥᠭᠥ ᠴᠢᠨᠢ ᠡᠪᠦᠭᠡᠷᠡᠭᠰᠡᠨ ᠮᠣᠳᠣ ᠂ ᠦᠦᠮᠡᠯ ᠮᠣᠳᠣᠨ ᠠ᠋ᠴᠠ ᠪᠠᠭᠯᠠᠷᠠᠨ ᠤᠷᠭᠤᠯ᠎ᠠ ᠦᠦᠮᠡᠯ ᠮᠣᠳᠣ ᠦᠮᠡᠬᠡᠢ ᠡᠴᠡ ᠦᠮᠡᠬᠡᠢ ᠭᠡᠬᠦᠯ᠎ᠡ ᠤᠷᠭᠤᠮᠠᠯ ᠮᠥᠭᠥ ᠠᠩᠬᠢᠯᠤᠮᠠᠯ ᠠ᠋ᠴᠠ ᠠᠩᠬᠢᠯᠤᠮᠠᠯ !
ᠡᠪᠦᠭᠡᠨ ᠮᠣᠳᠣᠴᠢᠨ ᠂ ᠰᠠᠭᠰᠤ ᠲᠣᠬᠣᠢᠯᠠᠨ ᠰᠠᠬᠠᠯ ᠢ᠋ᠶ᠋ᠠᠨ ᠰᠢᠪᠲᠤᠷᠠᠨ ᠮᠥᠭᠥ ᠲᠡᠭᠦᠨ᠎ᠡ ᠃ ᠲᠡᠷᠡ ᠦᠦᠮᠡᠯ ᠮᠤᠳᠤᠨ᠎ᠠ ᠦᠷ᠎ᠡ ᠰᠠᠴᠤᠵᠤ ᠠᠮᠢᠵᠢᠷᠠᠯ ᠤ᠋ᠨ ᠬᠦᠰᠡᠯ ᠢ᠋ ᠨᠢ ᠰᠡᠷᠭᠦᠭᠡᠨ ᠠᠮᠲᠠᠲᠤ ᠮᠥᠭᠥ ᠤᠷᠭᠤᠭᠤᠯᠬᠤ ᠶ᠋ᠢᠨ ᠬᠠᠮᠲᠤᠳᠠ ᠥᠪᠡᠷᠦᠨ ᠢ᠋ᠶ᠋ᠡᠨ ᠠᠮᠢᠳᠤᠷᠠᠯ ᠤ᠋ᠨ ᠬᠦᠰᠡᠯ ᠢ᠋ᠶ᠋ᠡᠨ ᠣᠪᠣᠯᠵᠠᠭᠤᠯᠤᠨ ᠤᠷᠢ ᠵᠠᠯᠠᠭᠤ ᠶ᠋ᠢᠨ ᠴᠣᠭ ᠢ᠋ᠶ᠋ᠠᠨ ᠪᠠᠳᠠᠷᠠᠭᠤᠯᠪᠠ ᠃
ᠠᠮᠢᠳᠤᠷᠠᠯ ᠤ᠋ᠨ ᠬᠦᠰᠡᠯ ᠣᠷᠭᠢᠯᠵᠤ ᠠᠮᠢᠵᠢᠷᠠᠯ ᠤ᠋ᠨ ᠲᠡᠮᠡᠦᠯᠡᠯ ᠪᠠᠳᠠᠷᠠᠵᠤ ᠯᠠ ᠪᠠᠢᠪᠠᠯ ᠡᠪᠦᠭᠡᠨ ᠮᠣᠳᠣᠨ ᠳ᠋ᠤ᠌ ᠴᠤᠤ ᠰᠢᠨ᠎ᠡ ᠰᠣᠶᠣᠭ᠎ᠠ ᠴᠤᠬᠤᠢᠵᠤ ᠂ ᠦᠦᠮᠡᠯ ᠰᠠᠯᠠᠭᠠᠨ ᠳ᠋ᠤ᠌ ᠴᠤ᠌ ᠠᠩᠬᠢᠯᠤᠮᠠᠯ ᠦᠷᠡᠰ ᠪᠣᠯᠪᠠᠰᠤᠷᠠᠨ᠎ᠠ ᠰᠢᠦ ᠳᠧ !
ᠬᠠᠢᠷ᠎ᠠ ᠶ᠋ᠢᠨ ᠵᠢᠷᠭᠢᠭᠡ ᠨᠠᠢᠷ ᠤ᠋ᠨ ᠰᠢᠪᠡᠨᠡᠭᠡ
ᠠᠯᠠᠭ ᠰᠢᠪᠠᠭᠤᠨ ᠤ᠋ ᠬᠠᠢᠷ᠎ᠠ ᠶ᠋ᠢᠨ ᠵᠢᠷᠭᠢᠭᠡ
ᠨᠣᠮᠢᠨ ᠨᠠᠪᠴᠢᠰ ᠤ᠋ᠨ ᠨᠠᠢᠷ ᠤ᠋ᠨ ᠰᠢᠪᠡᠨᠡᠭᠡ ᠃
ᠨᠠᠷᠠᠨ ᠤ᠋ ᠭᠡᠷᠡᠯ ᠲᠡᠢ ᠬᠠᠮᠲᠤᠪᠠᠷ ᠠᠯᠠᠭ ᠰᠢᠪᠠᠭᠤ ᠨᠢᠰᠦᠨ ᠢᠷᠡᠭᠰᠡᠨ ᠡᠴᠡ ᠨᠠᠰᠢ ᠂ ᠨᠣᠮᠢᠨ ᠨᠠᠪᠴᠢᠰ ᠲᠤ᠌ ᠬᠠᠢᠷ᠎ᠠ ᠪᠠᠨ ᠰᠠᠴᠤᠨ ᠵᠢᠷᠭᠢᠭᠰᠡᠭᠡᠷ !
ᠦᠷ ᠦ᠋ᠨ ᠲᠤᠶᠠᠭ᠎ᠠ ᠲᠠᠢ ᠵᠡᠷᠭᠡᠪᠡᠷ ᠨᠣᠮᠢᠨ ᠨᠠᠪᠴᠢᠰ ᠨᠣᠢᠷ ᠠ᠋ᠴᠠ ᠰᠡᠷᠢᠭᠰᠡᠨ ᠡᠴᠡ ᠨᠡᠰᠢ ᠂ ᠠᠯᠠᠭ ᠰᠢᠪᠠᠭᠤᠨ ᠳ᠋ᠤ᠌ ᠨᠠᠢᠷ ᠤ᠋ᠨ ᠰᠡᠳᠬᠢᠯ ᠢ᠋ᠶ᠋ᠡᠨ ᠰᠢᠪᠡᠨᠡᠭᠰᠡᠭᠡᠷ !
ᠠᠯᠤᠰ ᠤ᠋ᠨ ᠠᠭᠤᠯᠠᠨ ᠳ᠋ᠤ᠌ ᠰᠢᠨ᠎ᠡ ᠮᠥᠴᠢᠷ ᠤᠷᠭᠤᠵᠤ ᠪᠠᠢᠭ᠎ᠠ ᠶ᠋ᠢ ᠂ ᠠᠭᠠᠷ ᠤ᠋ᠨ ᠮᠠᠨᠳᠠᠯ ᠳ᠋ᠤ᠌ ᠬᠤᠷ᠎ᠠ ᠶ᠋ᠢᠨ ᠡᠭᠦᠯᠡᠰ ᠰᠠᠴᠤᠭᠯᠠᠵᠤ ᠪᠠᠢᠭ᠎ᠠ ᠶ᠋ᠢ ᠂ ᠠᠩᠬᠢᠯᠤᠮᠠᠯ ᠴᠡᠴᠡᠭ ᠨᠠᠭᠤᠷ ᠤ᠋ᠨ ᠬᠥᠪᠡᠭᠡ ᠪᠡᠷ ᠰᠣᠯᠣᠩᠭᠠᠷᠠᠵᠤ ᠪᠠᠢᠭ᠎ᠠ ᠶ᠋ᠢ ᠂ ᠠᠳᠤᠭᠤ ᠮᠠᠯ ᠲᠠᠯ᠎ᠠ ᠶ᠋ᠢᠨ ᠳᠤᠮᠳᠠ ᠠᠯᠠᠭᠷᠠᠵᠣ ᠪᠠᠢᠭ᠎ᠠ ᠶ᠋ᠢ ᠠᠯᠠᠭ ᠰᠢᠪᠠᠭᠤᠨ ᠤ᠋ ᠬᠠᠢᠷ᠎ᠠ ᠶ᠋ᠢᠨ ᠵᠢᠷᠭᠢᠭᠡ ᠮᠡᠳᠡᠭᠦᠯᠵᠦ ᠪᠠᠢᠨ᠎ᠠ !
ᠬᠠᠷᠠᠩᠭᠤᠢ ᠭᠣᠣ ᠳ᠋ᠤ᠌ ᠠᠮᠢᠵᠢᠷᠠᠯ ᠤ᠋ᠨ ᠦᠨᠳᠦᠰᠦ ᠬᠠᠳᠬᠤᠵᠤ ᠪᠠᠢᠭ᠎ᠠ ᠶ᠋ᠢ ᠂ ᠬᠠᠷ᠎ᠠ ᠬᠥᠷᠥᠰᠥᠨ ᠡᠴᠡ ᠡᠰᠡᠨᠢᠯ ᠦ᠋ᠨ ᠪᠤᠯᠠᠭ ᠣᠷᠭᠢᠯᠵᠤ ᠪᠠᠢᠭ᠎ᠠ ᠶ᠋ᠢ ᠂ ᠬᠣᠣᠷᠲᠤ ᠮᠣᠭᠠᠢ ᠬᠠᠳᠠ ᠥᠭᠡᠳᠡ ᠭᠣᠷᠣᠯᠵᠠᠵᠤ ᠪᠠᠢᠭ᠎ᠠ ᠶ᠋ᠢ ᠂ ᠬᠣᠷᠣᠬᠠᠢ ᠰᠢᠪᠡᠵᠢ ᠰᠠᠯᠠᠭᠠᠨ ᠳᠣᠣᠷ᠎ᠠ ᠳᠠᠯᠳᠠᠯᠠᠵᠤ ᠪᠠᠢᠭ᠎ᠠ ᠶ᠋ᠢ ᠨᠣᠮᠢᠨ ᠨᠠᠪᠴᠢᠨ ᠤ᠋ ᠨᠠᠢᠷ ᠤ᠋ᠨ ᠰᠢᠪᠡᠨᠡᠭᠡ ᠰᠣᠨᠣᠷᠳᠠᠭᠤᠯᠵᠤ ᠪᠠᠢᠨ᠎ᠠ!
ᠠᠯᠠᠭ ᠰᠢᠪᠠᠭᠤᠨ ᠤ᠋ ᠬᠠᠢᠷ᠎ᠠ ᠶ᠋ᠢᠨ ᠵᠢᠷᠭᠢᠭᠡ ᠶ᠋ᠢ ᠰᠣᠨᠣᠰᠤᠭᠰᠠᠭᠠᠷ ᠨᠣᠭᠣᠭᠠᠨ ᠨᠠᠪᠴᠢᠰ ᠪᠡᠶᠡᠰᠦᠨ ᠰᠡᠷᠪᠡᠯᠵᠡᠵᠦ ᠭᠡᠷᠡᠯ ᠲᠤᠶᠠᠭ᠎ᠠ ᠶ᠋ᠢᠨ ᠠᠯᠴᠢᠭᠤᠷ ᠢ᠋ᠶ᠋ᠠᠨ ᠰᠠᠵᠢᠯᠠᠨ ᠰᠠᠯᠬᠢ ᠨᠠᠭᠠᠷ ᠢ᠋ ᠢᠨᠢᠶᠡᠲᠡᠯᠡ ᠪᠥᠵᠢᠭᠯᠡᠨ᠎ᠡ ᠃
ᠨᠣᠮᠢᠨ ᠨᠠᠪᠴᠢᠨ ᠤ᠋ ᠰᠢᠪᠡᠨᠡᠭᠡ ᠶ᠋ᠢ ᠰᠣᠨᠣᠰᠤᠭᠰᠠᠭᠠᠷ ᠠᠯᠠᠭ ᠰᠢᠪᠠᠭᠤᠳ ᠬᠥᠭᠰᠡᠨ ᠬᠥᠭᠵᠢᠵᠦ ᠰᠣᠯᠣᠩᠭ᠎ᠠ ᠡᠭᠦᠯᠡ ᠶ᠋ᠢᠨ ᠵᠢᠭᠦᠷ ᠢ᠋ᠶ᠋ᠡᠨ ᠬᠠᠢᠴᠢᠯᠠᠨ ᠲᠡᠭᠷᠢ ᠣᠭᠲᠠᠷᠭᠤᠢ ᠶ᠋ᠢ ᠨᠠᠮᠠᠯᠵᠠᠲᠠᠯᠠ ᠳᠣᠩᠭᠣᠳᠤᠨ᠎ᠠ ᠃
ᠠᠯᠠᠭ ᠰᠢᠪᠠᠭᠤ ᠲᠠᠢ ᠨᠣᠮᠢᠨ ᠨᠠᠪᠴᠢ ᠡᠭᠡᠨᠡᠭᠰᠢᠵᠦ ᠨᠣᠭᠣᠭᠠᠨ ᠨᠠᠪᠴᠢᠨ ᠳ᠋ᠤ᠌ ᠤᠶᠠᠩᠭᠠᠲᠤ ᠰᠢᠪᠠᠭᠤ ᠬᠣᠷᠭᠣᠯᠵᠠᠨᠠ ᠃
ᠨᠠᠢᠷ ᠤ᠋ᠨ ᠰᠢᠪᠡᠨᠡᠭᠡ ᠶ᠋ᠢ ᠨᠢ ᠦᠷᠭᠦᠯᠵᠢᠳᠡ ᠰᠣᠨᠣᠰᠬᠤ ᠶ᠋ᠢᠨ ᠲᠥᠯᠥᠭᠡ ᠠᠯᠠᠭ ᠰᠢᠪᠠᠭᠤ ᠵᠥᠭᠡᠯᠡᠨ ᠡᠭᠦᠷ ᠢ᠋ᠶ᠋ᠡᠨ ᠨᠠᠪᠴᠢᠨ ᠳᠤᠮᠳᠠ ᠵᠠᠰᠠᠯ᠎ᠠ ᠃ ᠨᠣᠮᠢᠨ ᠨᠠᠪᠴᠢᠰ ᠵᠥᠭᠡᠯᠡᠨ ᠡᠭᠦᠷ ᠢ᠋ ᠨᠢ ᠬᠦᠷᠢᠶᠡᠯᠡᠨ ᠪᠦᠪᠡᠢᠯᠡᠵᠦ ᠬᠠᠷ᠎ᠠ ᠰᠠᠯᠬᠢ ᠲᠣᠭᠰᠢᠨ ᠪᠣᠷᠣᠭ᠎ᠠ ᠠ᠋ᠴᠠ ᠬᠠᠮᠠᠭᠠᠯᠠᠨ᠎ᠠ ᠃ ᠠᠶᠤᠯᠲᠤ ᠠᠷᠢᠶᠠᠲᠠᠨ ᠬᠣᠪᠳᠣᠭ ᠮᠢᠬᠠᠴᠢᠨ ᠠ᠋ᠴᠠ ᠰᠡᠷᠭᠡᠢᠯᠡᠨ᠎ᠡ᠃
ᠬᠠᠢᠷ᠎ᠠ ᠶ᠋ᠢᠨ ᠵᠢᠷᠭᠢᠭᠡ ᠶ᠋ᠢ ᠨᠢ ᠥᠨᠢᠳᠡ ᠰᠣᠨᠣᠰᠬᠤ ᠶ᠋ᠢᠨ ᠲᠤᠯᠠᠳᠠ ᠨᠣᠮᠢᠨ ᠨᠠᠪᠴᠢᠰ ᠣᠬ᠌ᠶᠤᠨ ᠰᠢᠭᠦᠷ ᠢ᠋ᠶ᠋ᠡᠨ ᠡᠭᠦᠷ ᠦ᠋ᠨ ᠬᠢᠨᠢ ᠬᠠᠵᠠᠭᠤ ᠳ᠋ᠤ᠌ ᠳᠡᠯᠭᠡᠯ᠎ᠡ ᠃
ᠠᠯᠠᠭ ᠰᠢᠪᠠᠭᠤᠳ ᠣᠬ᠌ᠶᠤᠨ ᠰᠢᠭᠦᠷ ᠢ᠋ ᠨᠢ ᠡᠩᠬᠦᠷᠡᠢᠯᠡᠨ ᠢᠯᠪᠢᠵᠦ ᠪᠣᠷᠣ ᠬᠣᠷᠣᠬᠠᠢ ᠡᠷᠢᠶᠡᠨ ᠬᠠᠢᠷᠠᠭᠤᠤᠯ ᠢ᠋ ᠨᠢ ᠴᠡᠪᠡᠷᠯᠡᠨ᠎ᠡ ᠂ ᠭᠡᠨᠡᠨ ᠠᠶᠤᠯ ᠵᠠᠭᠤᠷᠠᠳᠤ ᠶ᠋ᠢᠨ ᠬᠣᠬᠢᠷᠠᠯ ᠠ᠋ᠴᠠ ᠰᠡᠷᠭᠡᠢᠯᠡᠨ᠎ᠡ ! ᠠᠯᠠᠭ ᠰᠢᠪᠠᠭᠤᠨ ᠡᠩᠬᠦᠷᠡᠢᠯᠡᠯ ᠳᠣᠣᠷ᠎ᠠ ᠂ ᠨᠣᠮᠢᠨ ᠨᠠᠪᠴᠢᠨ ᠤ᠋ ᠰᠤᠳᠠᠯ ᠰᠢᠷᠪᠥᠰᠥ ᠨᠢ ᠭᠦᠷᠪᠡᠯᠵᠡᠨ ᠦᠶ᠎ᠡ ᠭᠡᠰᠢᠭᠦᠦ ᠨᠢ ᠲᠡᠨᠢᠢᠵᠦ ᠠᠭᠠᠷ ᠤ᠋ᠨ ᠮᠠᠨᠳᠠᠯ ᠵᠦᠭ ᠰᠡᠷᠪᠡᠯᠵᠡᠨ ᠤᠷᠭᠤᠨ᠎ᠠ ᠃
ᠨᠣᠮᠢᠨ ᠨᠠᠪᠴᠢᠰ ᠤ᠋ᠨ ᠪᠦᠪᠡᠢᠯᠡᠯ ᠳᠣᠣᠷ᠎ᠠ ᠂ ᠠᠯᠠᠭ ᠰᠢᠪᠠᠭᠤ ᠠᠩᠭᠠᠬᠠᠢ ᠵᠤᠯᠵᠠᠭ᠎ᠠ ᠪᠠᠨ ᠨᠠᠪᠴᠢᠨ ᠥᠳᠥ ᠰᠥᠳᠥ ᠪᠡᠨ ᠪᠦᠷᠢᠳᠦᠭᠦᠯᠵᠦ ᠡᠭᠦᠯᠡᠨ ᠴᠢᠯᠥᠭᠡ ᠪᠡᠷ ᠳᠣᠩᠭᠣᠳᠤᠨ ᠨᠢᠰᠦᠨ᠎ᠡ ᠃
ᠪᠠᠢᠭᠠᠯᠢ ᠶ᠋ᠢᠨ ᠤᠷᠭᠤᠮᠠᠯ ᠠᠮᠢᠲᠠᠨ ᠡᠢᠮᠦ ᠬᠠᠢᠷ᠎ᠠ ᠨᠠᠢᠷ ᠢ᠋ᠶ᠋ᠠᠷ ᠪᠢᠯᠬᠠᠮ᠎ᠠ ᠪᠠᠢᠲᠠᠯ᠎ᠠ ᠬᠥᠮᠦᠨ ᠪᠣᠯᠣᠭᠰᠠᠳ ᠴᠣᠬᠣᠮ ᠶᠠᠭᠤ ᠰᠠᠨᠠᠯᠲᠠᠢ ᠪᠣᠢ? 1983 . 6 123
