ᠠᠮᠠᠷᠠᠭ ᠰᠦᠨᠢ ᠶᠢᠨ ᠰᠠᠷᠠ - ᠲ ᠂ ᠭᠣᠮᠪᠣᠵᠠᠪ Амраг шөнийн сар - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠮᠠᠷᠠᠭ ᠰᠦᠨᠢ ᠶᠢᠨ ᠰᠠᠷᠠ - ᠲ ᠂ ᠭᠣᠮᠪᠣᠵᠠᠪ Амраг шөнийн сар - Т ᠂ Гомбожав

ᠠᠮᠠᠷᠠᠭ ᠰᠦᠨᠢ ᠶᠢᠨ ᠰᠠᠷᠠ - ᠲ ᠂ ᠭᠣᠮᠪᠣᠵᠠᠪ Амраг шөнийн сар - Т ᠂ Гомбожав

2023-05-30

237

ᠠᠮᠠᠷᠠᠭ ᠰᠦᠨᠢ ᠶᠢᠨ ᠰᠠᠷᠠ


 ᠠᠶᠤᠭᠰᠠᠨ ᠲᠠᠤᠯᠠᠢ ᠶ᠋ᠢᠨ ᠵᠢᠷᠦᠬᠡ 
 ᠠᠮᠤᠭᠤᠯᠠᠩ ᠳᠡᠭᠳᠡᠵᠦ ᠪᠣᠰᠤᠨ᠎ᠠ 

 ᠠᠯᠠᠭ ᠬᠣᠷᠸ᠋᠎ᠠ ᠶ᠋ᠢᠨ ᠨᠢᠲᠦ 
 ᠠᠶ᠋ᠢᠯ ᠦ᠋ᠨ ᠴᠣᠩᠬᠣ ᠵᠢᠵᠢᠭᠷᠡᠵᠦ  
 ᠠᠨᠢᠪᠴᠢᠬᠤ ᠪᠠᠨ ᠮᠠᠷᠲᠠᠭᠰᠠᠨ ᠦᠯᠢᠭᠡᠷ    ᠲᠡᠪ ᠲᠡᠷᠭᠡᠯ ᠪᠢᠯᠡ 

 ᠵᠥᠭᠡᠯᠡᠬᠡᠨ ᠤᠯᠠᠶ᠋ᠢᠬᠰᠠᠨ ᠵᠢᠮᠢᠰ ᠬᠥᠩᠭᠡᠬᠡᠨ ᠬᠥᠪᠴᠦ
 ᠵᠡᠭᠦᠲᠦ ᠪᠦᠬᠦᠨ ᠪ ᠡᠭᠦᠲᠡ ᠪᠦᠬᠦᠨ ᠶ᠋ᠢᠡᠷ 
 ᠵᠠᠲᠠᠭᠠᠢ ᠨᠢᠭᠤᠴᠠ ᠰᠤᠪᠤᠨ᠎ᠠ 

 ᠠᠶ᠋ᠢᠵᠠᠮᠲᠠᠶ᠋ᠢᠬᠠᠨ ᠰᠦᠮᠡᠯᠵᠡᠬᠦ ᠠᠯᠤᠰ ᠦ᠋ᠨ ᠪᠠᠷ᠎ᠠ ᠳᠦ
 ᠬᠡᠭᠡᠷ᠎ᠡ ᠶ᠋ᠢᠨ ᠲᠣᠭᠣᠰᠣ ᠶ᠋ᠢ ᠨᠣᠶ᠋ᠢᠷ ᠶ᠋ᠢᠠᠷ ᠠᠷᠭᠠᠲᠠᠨ ᠤᠨᠲᠠᠭᠤᠯᠵᠤ
 ᠠᠮᠠᠷᠠᠭ ᠰᠥᠨᠢ ᠶ᠋ᠢᠨ ᠰᠠᠷᠠᠨ ᠪ ᠲᠤᠶᠠᠬ᠋᠎ᠠ
 ᠠᠮᠠᠷᠠᠭ ᠳᠦᠭᠦᠷᠡᠩ ᠱᠤᠤᠭᠢᠨ᠎ᠠ

 ᠬᠡᠰᠢᠭ ᠲᠤᠰᠤᠭᠰᠠᠨ ᠠᠯᠠᠬ᠋᠎ᠠ ᠪᠦᠬᠦᠨ
 ᠬᠡᠯᠲᠡᠷᠡᠵᠦ ᠤᠨᠠᠬᠤ ᠦᠭᠡᠢ
 ᠬᠡᠵᠢᠶᠡᠲᠡ ᠭᠡᠷᠡᠯᠲᠡᠢ ᠨᠠᠭᠤᠷ ᠪᠣᠯᠵᠤ ᠲᠤᠨᠤᠷᠠᠨ᠎ᠠ ᠡ
                        1989 ·7  

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

    ᠦᠰᠦᠭ ᠠᠮᠢᠯᠠᠭᠤᠯᠤᠭᠴᠢ ᠄ ᠴᠣᠭᠵᠢᠷᠭᠠᠯ
        ᠬᠢᠨᠠᠭᠴᠢ ᠄  ᠴᠣᠯᠮᠣᠨᠲᠤᠶᠠᠬ᠋᠎ᠠ 
               2023᠂ 5 ᠂  26 ᠪ ᠡᠲᠦᠷ