ᠤᠳᠠᠨ ᠨᠠᠭᠤᠷ - ᠪᠥᠬᠡᠳᠡᠯᠭᠡᠷ Удан нуур - Бөхдэлгэр ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠳᠠᠨ ᠨᠠᠭᠤᠷ - ᠪᠥᠬᠡᠳᠡᠯᠭᠡᠷ Удан нуур - Бөхдэлгэр

ᠤᠳᠠᠨ ᠨᠠᠭᠤᠷ - ᠪᠥᠬᠡᠳᠡᠯᠭᠡᠷ Удан нуур - Бөхдэлгэр

2023-05-29

297

ᠤᠳᠠᠨ ᠨᠠᠭᠤᠷ


           ᠥᠷᠯᠥᠭᠡ      
      ᠤᠳᠠᠨ ᠪᠦᠰᠡᠯᠡᠭᠦᠷ ᠲᠡᠢ ᠴᠡᠩᠬᠡᠷ ᠨᠠᠭᠤᠷ ᠃  
      ᠦᠷ ᠦ᠋ᠨ ᠤᠯᠠᠪᠢᠷ ᠲᠤᠶᠠᠭ᠎ᠠ ᠰᠤᠪᠤᠷᠠᠨ ᠢᠷᠡᠭᠡᠳ ᠤᠳᠠᠨ ᠤ᠋ ᠵᠤᠵᠠᠭᠠᠨ ᠨᠠᠪᠴᠢᠰ ᠢ᠋ ᠦᠨᠦᠰᠴᠦ ᠂ ᠨᠠᠭᠤᠷ ᠤ᠋ᠨ ᠬᠥᠩᠭᠡᠨ ᠳᠣᠯᠭᠢᠶ᠎ᠠ ᠲᠠᠢ ᠰᠢᠪᠡᠨᠡᠯᠴᠡᠨ᠎ᠡ ᠃ ᠴᠡᠩᠬᠡᠷ ᠨᠠᠭᠤᠷ ᠤ᠋ᠨ ᠤᠰᠤ ᠲᠤᠩᠭᠠᠯᠠᠭ ᠢᠷᠣᠭᠠᠷ ᠠ᠋ᠴᠠ ᠪᠠᠨ ᠭᠡᠷᠡᠯᠲᠦᠨ ᠤᠯᠠᠯᠵᠠᠵᠤ ᠬᠡᠭᠡᠨᠴᠢᠷ ᠬᠡᠦᠬᠡᠨ ᠦ᠌ ᠱᠠ ᠠᠯᠴᠢᠭᠤᠷ ᠢ᠋ ᠲᠣᠯᠢᠳᠠᠭᠰᠠᠨ ᠠᠪᠤᠷᠭᠤ ᠲᠣᠯᠢ ᠮᠡᠲᠦ ᠳᠣᠨᠣᠯᠵᠠᠨ᠎ᠠ ᠃  
      ᠤᠳᠠᠨ ᠤ᠋ ᠳᠦᠷᠢ ᠪᠠᠢᠳᠠᠯ ᠤᠰᠤᠨ ᠳ᠋ᠤ᠌ ᠲᠤᠰᠤᠨ᠎ᠠ ᠃ ᠦᠵᠡᠬᠦᠯ᠎ᠡ ᠂ ᠤᠳᠠ ᠮᠣᠳᠣᠳ ᠬᠢᠵᠠᠭᠠᠯᠠᠰᠢ ᠦᠭᠡᠢ ᠲᠣᠮᠣ ᠪᠣᠯᠵᠤ ᠳᠡᠭᠡᠭᠰᠢ ᠪᠡᠨ ᠠᠭᠠᠷ ᠲᠤ᠌ ᠴᠣᠷᠣᠢᠭᠰᠠᠨ ᠰᠠᠯᠠᠭ᠎ᠠ ᠨᠤᠭᠤᠳ ᠨᠢ ᠬᠥᠬᠡ ᠣᠭᠲᠠᠷᠭᠤᠢ ᠶ᠋ᠢᠨ ᠴᠡᠩᠬᠡᠷ ᠮᠠᠨᠳᠠᠯ ᠢ᠋ ᠲᠡᠮᠦᠯᠦᠨ ᠳᠡᠭᠡᠳᠦ ᠲᠡᠭᠷᠢ ᠶ᠋ᠢᠨ ᠵᠣᠯ ᠵᠢᠷᠭᠠᠯ ᠂ ᠠᠯᠤᠰ ᠣᠷᠴᠢᠯᠠᠩ ᠤ᠋ᠨ ᠭᠤᠸ᠎ᠠ ᠰᠠᠢᠬᠠᠨ ᠢ᠋ ᠲᠡᠮᠡᠴᠡᠬᠦ ᠠᠳᠠᠯᠢ ᠃ᠳᠣᠷᠣᠭᠰᠢ ᠪᠠᠨ ᠣᠰᠤᠨ᠎ᠠ ᠲᠤᠰᠤᠭᠰᠠᠨ ᠰᠠᠯᠠᠭ᠎ᠠ ᠨᠤᠭᠤᠳ ᠨᠢ ᠲᠤᠩᠭᠠᠯᠠᠭ ᠤᠰᠤᠨ ᠤ᠋ ᠪᠣᠯᠣᠷ ᠢᠷᠣᠭᠠᠷ ᠢ᠋ ᠲᠡᠮᠡᠴᠡᠨ ᠰᠤᠪᠤᠳ ᠱ᠌ᠢᠷᠦ ᠶ᠋ᠢ ᠡᠷᠢᠨ ᠲᠡᠭᠦᠵᠦ ᠵᠢᠭᠠᠰᠤ ᠵᠢᠷᠠᠭᠠᠬᠠᠢ ᠶ᠋ᠢ ᠳᠠᠯᠠᠯᠤᠨ ᠳᠠᠭᠤᠳᠠᠬᠤ ᠠᠳᠠᠯᠢ! 
      ᠤᠯᠠᠭᠠᠨ ᠪᠥᠴᠡᠲᠡᠨ ᠳ᠋ᠠᠮᠪᠠ᠂ ᠤᠯᠠᠪᠢᠷ ᠲᠤᠶᠠᠭ᠎ᠠ ᠲᠠᠢ ᠤᠷᠤᠯᠳᠤᠨ ᠪᠣᠰᠤᠭᠠᠳ ᠤᠳᠠᠨ ᠨᠠᠭᠤᠷ ᠤ᠋ᠨ ᠬᠥᠪᠡᠭᠡᠨ ᠳ᠋ᠦ᠍ ᠢᠷᠡᠯ᠎ᠡ ᠃ ᠤᠳᠠᠨ ᠤ᠋ ᠰᠠᠯᠠᠭᠠᠨ ᠳ᠋ᠤ᠌ ᠵᠢᠷᠤᠭ ᠤ᠋ᠨ ᠵᠢᠶᠠᠰᠠ ᠪᠠᠨ ᠲᠠᠯᠪᠢᠭᠠᠳ ᠲᠡᠷᠡ ᠂ ᠥᠩᠭᠡᠲᠦ ᠪᠣᠳᠣᠭ ᠲᠠᠭᠠᠨ ᠪᠢᠷ ᠢᠳᠡᠭᠦᠯᠦᠨ ᠤᠳᠠᠨ ᠳ᠋ᠤ᠌ ᠴᠡᠩᠬᠡᠷᠯᠡᠬᠦ ᠲᠤᠩᠭᠠᠯᠠᠭ ᠨᠠᠭᠤᠷ ᠂ ᠤᠰᠤᠨ ᠳ᠋ᠤ᠌ ᠵᠢᠷᠪᠢᠯᠵᠡᠬᠦ ᠤᠳᠠᠨ ᠤ᠋ ᠰᠡᠭᠦᠳᠡᠷ ᠢ᠋ ᠵᠢᠷᠤᠨ᠎ᠠ ᠃ ᠠᠮᠢᠳᠤᠷᠠᠯ ᠳ᠋ᠤ᠌ ᠲᠣᠩᠭᠣᠷᠤᠤ ᠶᠠᠭᠤᠮ᠎ᠠ ᠠᠳᠠᠭ ᠮᠠᠭᠤᠬᠠᠢ ᠪᠣᠯᠪᠠᠴᠤ ᠤᠰᠤᠨ ᠳ᠋ᠤ᠌ ᠵᠢᠷᠪᠢᠯᠵᠡᠬᠦ ᠤᠳᠠᠨ ᠤ᠋ ᠲᠣᠩᠭᠣᠷᠤᠤ ᠰᠡᠭᠦᠳᠡᠷ ᠲᠤᠢᠯ ᠤ᠋ᠨ ᠭᠤᠸ᠎ᠠ ᠰᠠᠢᠬᠠᠨ ! ᠳ᠋ᠠᠮᠪᠠ ᠶ᠋ᠢᠨ ᠵᠢᠷᠤᠭ ᠤ᠋ᠨ ᠵᠢᠶᠠᠰᠠ ᠳᠡᠭᠡᠷ᠎ᠡ ᠂ ᠠᠮᠢᠳᠤᠷᠠᠯ ᠤ᠋ᠨ ᠭᠤᠸ᠎ᠠ ᠰᠠᠢᠬᠠᠨ ᠂ ᠪᠠᠢᠭᠠᠯᠢ ᠶ᠋ᠢᠨ ᠭᠤᠸ᠎ᠠ ᠰᠠᠢᠬᠠᠨ ᠂ ᠰᠡᠳᠬᠢᠯ ᠦ᠋ᠨ ᠭᠤᠸ᠎ᠠ ᠰᠠᠢᠬᠠᠨ ᠵᠡᠷᠭᠡᠪᠡᠷ ᠦᠯᠡᠳᠡᠨ᠎ᠡ᠃   
      ᠪᠣᠯᠵᠣᠮᠣᠷ ᠤᠳᠠᠨ ᠤ᠋ ᠰᠠᠯᠠᠭᠠᠨ ᠠ᠋ᠴᠠ ᠥᠩᠭᠡᠢᠨ ᠦᠵᠡᠨ᠎ᠡ ᠃ ᠱᠠᠭᠠᠵᠠᠭᠠᠢ ᠱᠠᠭᠰᠢᠭᠰᠠᠭᠠᠷ ᠰᠡᠭᠦᠯ ᠢ᠋ᠶ᠋ᠡᠨ ᠬᠠᠢᠴᠢᠯᠠᠨ ᠨᠢᠰᠦᠨ ᠡᠦᠲᠦᠨ᠎ᠡ ᠃                  
          ᠦᠳᠡ 
      ᠨᠠᠷᠠᠨ ᠤ᠋ ᠰᠢᠵᠢᠷ ᠠᠯᠲᠠᠨ ᠭᠡᠷᠡᠯ ᠨᠠᠭᠤᠷ ᠤ᠋ᠨ ᠤᠰᠤ ᠶ᠋ᠢ ᠨᠡᠪᠲᠡ ᠭᠡᠢᠭᠦᠯᠪᠡ ᠃ ᠵᠢᠭᠠᠰᠤ ᠵᠢᠷᠠᠭᠠᠬᠠᠢ ᠂ ᠵᠢᠷᠪᠢᠯᠵᠡᠭᠰᠡᠨ ᠤᠳᠠᠨ ᠤ᠋ ᠮᠥᠴᠢᠷ ᠢ᠋ᠶ᠋ᠡᠷ ᠬᠠᠶᠠ ᠰᠦᠯᠵᠢᠨ ᠂ ᠭᠢᠯᠲᠠᠭᠠᠨᠠᠭᠰᠠᠨ ᠢᠷᠣᠭᠠᠷ ᠤ᠋ᠨ ᠴᠢᠯᠠᠭᠤ ᠶ᠋ᠢ ᠬᠠᠶᠠ ᠦᠨᠦᠰᠴᠦ ᠂ ᠮᠥᠩᠭᠥᠨ ᠴᠡᠴᠡᠭ ᠦ᠋ᠨ ᠬᠡᠯᠲᠡᠰ ᠮᠡᠲᠦ ᠳᠣᠯᠭᠢᠶ᠎ᠠ ᠶ᠋ᠢ ᠢᠷᠠᠯᠵᠠᠭᠤᠯᠤᠨ᠎ᠠ᠃  
      ᠤᠳᠠᠨ ᠤ᠋ ᠳᠤᠮᠳᠠ ᠪᠤᠭᠤᠷᠤᠯ ᠰᠠᠬᠠᠯ ᠲᠠᠢ ᠡᠪᠦᠭᠡᠨ ᠰᠠᠭᠤᠭᠠᠳ ᠤᠰᠤᠨ ᠳ᠋ᠤ᠌ ᠴᠠᠢᠪᠤᠷ ᠤᠲᠠᠰᠤᠨ ᠭᠥᠬᠢ ᠪᠡᠨ ᠵᠢᠷᠪᠢᠯᠵᠡᠭᠦᠯᠦᠨ᠎ᠡ ᠡᠪᠦᠭᠡᠨ ᠦ᠌ ᠬᠠᠵᠠᠭᠤ ᠳ᠋ᠤ᠌ ᠴᠠᠢᠷ ᠤ᠋ᠨ ᠰᠠᠭᠤᠯᠠᠭ᠎ᠠ ᠂ ᠨᠤᠭᠤᠯᠤᠭ᠎ᠠ ᠲᠠᠢ ᠲᠡᠮᠳᠡᠭᠯᠡᠯ ᠬᠠᠷᠠᠭᠳᠠᠨ᠎ᠠ ᠃  
     《ᠡᠪᠦᠭᠡ ᠠ᠋ ᠂ ᠣᠯᠠᠨ ᠵᠢᠭᠠᠰᠤ ᠪᠠᠷᠢᠴᠢᠬᠠᠪᠠᠤ ? 》ᠭᠡᠵᠦ ᠤᠯᠠᠭᠠᠨ ᠪᠥᠴᠡᠲᠡᠨ ᠳ᠋ᠠᠮᠪᠠ ᠰᠢᠷ᠎ᠠ ᠪᠣᠭᠴᠣ ᠪᠠᠨ ᠡᠭᠦᠷᠦᠨ ᠰᠡᠭᠰᠡᠯᠵᠡᠨ ᠭᠦᠶᠦᠭᠰᠡᠭᠡᠷ ᠢᠷᠡᠯ᠎ᠡ ᠃ ᠴᠠᠢᠷ ᠤ᠋ᠨ ᠰᠠᠭᠤᠯᠠᠭ᠎ᠠ ᠨᠢ ᠬᠣᠪ ᠬᠣᠭᠣᠰᠣᠨ ᠠᠲᠠᠯ᠎ᠠ ᠲᠡᠮᠳᠡᠭᠯᠡᠯ ᠦ᠋ᠨ ᠳᠡᠪᠲᠡᠷ ᠨᠢ ᠲᠥᠪ ᠳᠦᠭᠦᠷᠡᠩ ᠦᠰᠦᠭ ᠲᠡᠢ ᠃   
     《 ᠡᠪᠦᠭᠡ ᠠ᠋! 》 ᠭᠡᠳ ᠪᠢᠴᠢᠬᠠᠨ ᠳ᠋ᠠᠮᠪᠠ ᠭᠠᠢᠬᠠᠰᠢᠷᠠᠨ ᠪᠤᠭᠤᠷᠤᠯ ᠰᠠᠬᠠᠯ ᠢ᠋ ᠨᠢ ᠬᠠᠷᠠᠨ᠎ᠠ ᠂ ᠪᠣᠯᠣᠷ ᠤᠰᠤ ᠶ᠋ᠢ ᠬᠠᠷᠠᠨ᠎ᠠ ᠃   
      ᠪᠣᠯᠣᠷ ᠤᠰᠤᠨ ᠳ᠋ᠤ᠌ ᠪᠤᠭᠤᠷᠤᠯ ᠰᠠᠬᠠᠯ ᠰᠡᠷᠪᠡᠯᠵᠡᠯ᠎ᠡ ᠄ ᠬᠦᠦ ᠮᠢᠨᠢ ! ᠡᠪᠦᠭᠡ ᠴᠢᠨᠢ ᠪᠢ ᠴᠡᠩᠬᠡᠷ ᠨᠠᠭᠤᠷ ᠤ᠋ᠨ ᠲᠠᠷᠭᠤᠨ ᠵᠢᠭᠠᠰᠤ ᠶ᠋ᠢ ᠭᠣᠬᠠᠳᠠᠵᠤ  ᠪᠠᠢᠭ᠎ᠠ ᠪᠢᠰᠢ᠂ ᠬᠠᠷᠢᠨ ᠨᠠᠰᠤᠨ ᠤ᠋ ᠠᠮᠢᠳᠤᠷᠠᠯ ᠤ᠋ᠨ ᠢ᠋ᠶ᠋ᠠᠨ ᠦᠨᠡᠲᠦ ᠰᠤᠪᠤᠳ ᠢ᠋ ᠱᠦᠭᠦᠵᠦ ᠪᠠᠢᠨ᠎ᠠ ᠰᠢᠦ ! ᠬᠦᠦ ᠮᠢᠨᠢ ᠦᠵᠡ! ᠨᠠᠭᠤᠷ ᠤ᠋ᠨ ᠤᠰᠤᠨ ᠳ᠋ᠤ᠌ ᠭᠡᠭᠡᠨ ᠭᠡᠷᠡᠯ ᠂ ᠬᠠᠷᠠᠩᠭᠤᠢ ᠰᠡᠭᠦᠳᠡᠷ ᠂ ᠤᠳᠠᠨ ᠮᠥᠴᠢᠷ᠂ ᠡᠭᠦᠯᠡᠨ ᠬᠡᠯᠲᠡᠰ ᠴᠥᠮ ᠲᠣᠰᠴᠤ ᠪᠣᠢ ᠃ ᠡᠪᠦᠭᠡ ᠶ᠋ᠢᠨ ᠴᠢᠨᠢ ᠠᠮᠢᠳᠤᠷᠠᠯ ᠤ᠋ᠨ ᠵᠠᠮ ᠳ᠋ᠤ᠌ ᠭᠡᠭᠡᠨ ᠭᠡᠷᠡᠯ ᠂ ᠬᠠᠷᠠᠩᠭᠤᠢ ᠰᠡᠭᠦᠳᠡᠷ᠂ ᠰᠠᠯᠬᠢ ᠰᠢᠭᠤᠷᠭ᠎ᠠ ᠂ ᠮᠥᠨᠳᠥᠷ ᠬᠢᠷᠠᠭᠤ ᠪᠦᠷ ᠤᠴᠠᠷᠠᠵᠤ ᠥᠩᠭᠡᠷᠡᠭᠰᠡᠨ ᠰᠢᠦ ᠬᠦᠦ ᠮᠢᠨᠢ ᠂ ᠠᠮᠢᠳᠤᠷᠠᠯ ᠠ᠋ᠴᠠ ᠱᠦᠭᠦᠭᠰᠡᠨ ᠦᠨᠡᠲᠦ ᠰᠤᠪᠤᠳ ᠢ᠋ᠶ᠋ᠠᠨ ᠴᠠᠢᠷ ᠤ᠋ᠨ ᠰᠠᠭᠤᠯᠠᠭᠠᠨ ᠳ᠋ᠤ᠌  ᠬᠢᠬᠦ ᠪᠢᠰᠢ ᠂ ᠬᠠᠷᠢᠨ ᠴᠡᠭᠡᠵᠢ ᠵᠢᠷᠦᠬᠡᠨ ᠳ᠋ᠦ᠍ ᠴᠢᠨᠢ ᠰᠢᠭᠢᠳᠬᠡᠵᠦ ᠥᠭᠭᠦᠨ᠎ᠡ! ᠵᠢᠭᠠᠰᠤᠨ ᠮᠢᠬ᠎ᠠ ᠨᠢᠭᠡ ᠴᠠᠭ ᠭᠡᠳᠡᠰᠦ ᠬᠣᠳᠣᠭᠣᠳᠣ ᠶ᠋ᠢ ᠴᠢᠨᠢ ᠳᠦᠭᠦᠷᠭᠡᠨ᠎ᠡ ᠭᠡᠬᠦᠯ᠎ᠡ ᠠᠮᠢᠳᠤᠷᠠᠯ ᠤ᠋ᠨ ᠰᠤᠪᠤᠳ ᠨᠢᠭᠡ ᠨᠠᠰᠤᠨ ᠳ᠋ᠤ᠌ ᠣᠶᠤᠨ ᠲᠠᠷᠢᠬᠢ ᠶ᠋ᠢ ᠴᠢᠨᠢ ᠴᠢᠮᠡᠭᠯᠡᠨ᠎ᠡ ! ᠤᠯᠠᠭᠠᠨ ᠪᠥᠴᠡᠲᠡᠨ ᠳ᠋ᠠᠮᠪᠠ ᠶ᠋ᠢᠨ ᠨᠢᠳᠦ ᠨᠢ ᠲᠣᠷᠮᠣᠯᠵᠠᠨ ᠴᠢᠷᠠᠢ ᠨᠢ ᠬᠡᠷᠡᠯᠳᠦᠵᠦ ᠡᠪᠦᠭᠡ ᠶ᠋ᠢᠨ ᠢ᠋ᠶ᠋ᠡᠨ ᠡᠪᠦᠷ ᠲᠦ᠍ ᠰᠠᠭᠤᠵᠤ ᠪᠣᠳᠣᠯᠭᠠᠰᠢᠷᠠᠭᠰᠠᠨ ᠬᠠᠷᠠᠴᠠ ᠂ ᠪᠤᠲᠠᠷᠠᠭᠰᠠᠨ ᠰᠠᠬᠠᠯ ᠢ᠋ ᠨᠢ ᠬᠠᠷᠠᠨ᠎ᠠ ᠃ ᠪᠣᠳᠣᠯᠭᠠᠰᠢᠷᠠᠭᠰᠠᠨ ᠬᠠᠷᠠᠴᠠ ᠂ ᠪᠤᠲᠠᠷᠠᠭᠰᠠᠨ ᠰᠠᠬᠠᠯ ᠂ ᠲᠣᠷᠮᠣᠯᠵᠠᠭᠰᠠᠨ ᠨᠢᠳᠦ ᠂ ᠤᠯᠠᠪᠠᠯᠵᠠᠭᠰᠠᠨ ᠴᠡᠷᠡᠢ ᠵᠡᠷᠭᠡᠪᠡᠷ ᠤᠳᠠᠨ ᠨᠠᠭᠤᠷ ᠲᠤ᠌ ᠲᠤᠰᠬᠤ ᠳ᠋ᠤ᠌ ᠡᠪᠦᠭᠡᠨ ᠴᠦ᠍ ᠵᠠᠯᠠᠭᠤ ᠪᠣᠯᠴᠢᠬᠠᠭᠰᠠᠨ ᠮᠡᠲᠦ ᠂ ᠣᠮᠪᠣᠯᠣ ᠨᠢ  ᠴᠦ᠍ ᠥᠭᠡᠯᠡᠢ ᠪᠣᠯᠴᠢᠬᠠᠭᠰᠠᠨ ᠰᠢᠭ᠋!   

            ᠦᠳᠡᠰᠢ  
      ᠠᠭᠤᠳᠠᠮ ᠣᠭᠲᠠᠷᠭᠤᠢ ᠳ᠋ᠤ᠌ ᠡᠦᠲᠦᠨ ᠰᠦᠷᠦᠭ ᠲᠦᠭᠡᠪᠡ ᠃  
      ᠵᠠᠷᠢᠮ ᠨᠢ ᠴᠤᠪᠤᠷᠠᠯᠳᠤᠨ ᠠᠶᠠᠯᠠᠬᠤ ᠴᠤ᠌ ᠶᠤᠮᠰᠢᠭ ᠂ ᠲᠣᠭᠯᠠᠬᠤ ᠴᠤ᠌ ᠶᠤᠮᠰᠢᠭ ᠂ ᠵᠠᠷᠢᠮ ᠨᠢ ᠪᠠᠭᠯᠠᠷᠠᠨ ᠬᠡᠯᠡᠯᠴᠡᠬᠦ  ᠶᠤᠮᠰᠢᠭ ᠂ ᠨᠠᠷᠭᠢᠬᠤ ᠴᠤ᠌ ᠶᠤᠮᠰᠢᠭ ᠂ ᠵᠠᠷᠢᠮ ᠨᠢ ᠬᠠᠶᠠ ᠪᠠᠯᠠᠷᠠᠨ ᠬᠠᠶᠠ ᠲᠣᠳᠣᠷᠠᠵᠤ ᠨᠢᠭᠤᠯᠴᠠ ᠨᠠᠭᠠᠳᠬᠤ ᠬᠡᠦᠬᠡᠳ ᠭᠡᠮᠡᠷ ᠂ᠵᠠᠷᠢᠮ ᠨᠢ ᠬᠠᠶᠠ ᠳᠡᠭᠳᠡᠨ ᠬᠠᠶᠠ ᠲᠤᠨᠵᠤ ᠤᠰᠤᠨ ᠳ᠋ᠤ᠌ ᠤᠮᠪᠠᠬᠤ ᠪᠠᠭᠠᠴᠤᠤᠯ ᠭᠡᠮᠡᠷ ! 
      ᠬᠥᠬᠡ ᠣᠭᠲᠠᠷᠭᠤᠢ ᠶ᠋ᠢᠨ ᠡᠦᠲᠦᠨ ᠰᠦᠷᠦᠭ ᠠ᠋ ᠂ ᠲᠠᠨᠤᠰ ᠭᠡᠷᠡᠯᠲᠦ ᠰᠡᠭᠦᠳᠡᠷ ᠢ᠋ᠶ᠋ᠡᠨ ᠤᠳᠠᠨ ᠨᠠᠭᠤᠷ ᠲᠤ᠌ ᠲᠤᠰᠬᠠᠪᠠᠤ? ᠤᠳᠠᠨ ᠨᠠᠭᠤᠷ ᠲᠤ᠌ ᠳ᠋ᠧᠩ ᠦ᠋ᠨ ᠭᠡᠷᠡᠯ ᠲᠦᠭᠡᠪᠡ ᠃  
      ᠤᠯᠠᠭᠠᠨ ᠳ᠋ᠧᠩ ᠂ ᠨᠣᠭᠣᠭᠠᠨ ᠳ᠋ᠧᠩ ᠂ ᠴᠡᠭᠡᠨ ᠳ᠋ᠧᠩ ! ᠵᠠᠷᠢᠮ ᠨᠢ ᠵᠢᠷᠪᠢᠯᠵᠡᠭᠰᠡᠨ ᠤᠳᠠᠨ ᠤ᠋ ᠬᠠᠷᠠᠩᠭᠤᠢ ᠮᠥᠴᠢᠷ ᠳᠡᠭᠡᠷ᠎ᠡ ᠰᠢᠭᠢᠳᠬᠡᠭᠰᠡᠨ ᠰᠤᠪᠤᠳ ᠱ᠌ᠢᠷᠦ ᠮᠡᠲᠦ ᠪᠠᠭᠯᠠᠷᠠᠨ᠎ᠠ ᠃ ᠵᠠᠷᠢᠮ ᠨᠢ ᠲᠤᠨᠤᠯᠵᠠᠭᠰᠠᠨ ᠨᠠᠭᠤᠷ ᠤ᠋ᠨ ᠢᠷᠣᠭᠠᠷ ᠲᠤ᠌ ᠪᠠᠢᠭ᠎ᠠ ᠭᠡᠭᠡᠨ ᠲᠣᠯᠢ ᠠᠳᠠᠯᠢ ᠭᠡᠷᠡᠯᠲᠦᠨ᠎ᠡ ᠃ ᠵᠠᠷᠢᠮ ᠨᠢ ᠣᠶᠤᠨ ᠤ᠋ ᠭᠡᠷᠡᠯ ᠪᠢᠯᠢᠭ ᠦ᠋ᠨ ᠲᠤᠶᠠᠭ᠎ᠠ ᠶ᠋ᠢ ᠰᠠᠴᠤᠵᠤ᠂ ᠵᠠᠷᠢᠮ ᠨᠢ ᠡᠦᠲᠦᠨ ᠠᠯᠤᠰ ᠣᠭᠲᠠᠷᠭᠤᠢ ᠶ᠋ᠢᠨ ᠴᠠᠭᠠᠨ᠎ᠠ ᠭᠢᠯᠠᠯᠵᠠᠨ᠎ᠠ ᠃  
      ᠤᠯᠠᠭᠠᠨ ᠴᠡᠭᠡᠨ ᠳ᠋ᠧᠩ ᠦ᠋ᠨ ᠭᠡᠷᠡᠯ ᠠ᠋ ᠂ ᠤᠳᠠᠨ ᠨᠠᠭᠤᠷ ᠤ᠋ᠨ ᠡᠦᠲᠦᠨ ᠰᠦᠷᠦᠭ ᠰᠢᠦ!
      ᠤᠯᠠᠭᠠᠨ ᠪᠥᠴᠡᠲᠡᠨ ᠳ᠋ᠠᠮᠪᠠ ᠮᠢᠨᠢ ᠂ ᠴᠢ ᠠᠯᠢ ᠭᠡᠷᠡᠯᠲᠦ ᠡᠦᠲᠦᠨ ᠦ᠌ ᠳᠣᠣᠷ᠎ᠠ ᠰᠠᠭᠤᠵᠤ ᠪᠠᠢᠭ᠎ᠠ ᠪᠣᠢ? ᠴᠢᠨᠦ ᠬᠥᠭᠡᠷᠦᠬᠦᠨ ᠰᠡᠭᠦᠳᠡᠷ ᠶᠠᠭᠠᠬᠢᠭᠠᠳ ᠤᠳᠠᠨ ᠨᠠᠭᠤᠷ ᠤ᠋ᠨ ᠪᠣᠯᠣᠷ ᠤᠰᠤᠨ ᠳ᠋ᠤ᠌ ᠲᠤᠰᠬᠤ ᠦᠭᠡᠢ ᠪᠣᠢ?
      ᠥ ᠂ ᠳ᠋ᠠᠮᠪᠠ ᠮᠢᠨᠢ ᠂ ᠮᠥᠩᠭᠥᠨ ᠣᠳᠣᠲᠤ ᠥᠷᠥᠭᠡᠨ ᠳ᠋ᠡᠭᠡᠨ ᠰᠠᠭᠤᠭᠠᠳ ᠡᠳᠦᠷ ᠦ᠋ᠨ ᠲᠡᠮᠳᠡᠭᠯᠡᠯ ᠢ᠋ᠶ᠋ᠡᠨ ᠪᠢᠴᠢᠬᠦ ᠨᠢ ᠰᠢᠪ  ᠳᠧ! ᠲᠡᠷᠡ ᠣᠳᠣᠲᠤ ᠣᠭᠲᠠᠷᠭᠤᠢ ᠳ᠋ᠤ᠌ ᠬᠦᠷᠦᠭᠡ ᠦᠭᠡᠢ ᠴᠦ᠍ ᠂ ᠤᠳᠠᠨ ᠨᠠᠭᠤᠷ ᠲᠤ᠌ ᠢᠷᠡᠭᠡ ᠦᠭᠡᠢ  ᠴᠦ᠍ ᠡᠦᠲᠦᠨ ᠰᠦᠷᠦᠭ ᠨᠢᠳᠦᠨ ᠳ᠋ᠦ᠍ᠨᠢ ᠭᠢᠯᠪᠠᠵᠤ ᠂ ᠤᠳᠠᠨ ᠨᠠᠭᠤᠷ ᠴᠡᠭᠡᠵᠢᠨ ᠳ᠋ᠦ᠍ᠨᠢ ᠮᠡᠯᠮᠡᠯᠵᠡᠵᠦ ᠪᠣᠢ ᠃ᠲᠡᠷᠡ ᠤᠳᠠᠨ ᠨᠠᠭᠤᠷ ᠤ᠋ᠨ ᠥᠷᠯᠥᠭᠡ ᠶ᠋ᠢᠨ ᠥᠩᠭᠡ ᠦᠵᠡᠮᠵᠢ ᠶ᠋ᠢ ᠪᠢᠴᠢᠨ᠎ᠡ ᠂ ᠤᠳᠠᠨ ᠨᠠᠭᠤᠷ ᠠ᠋ᠴᠠ ᠱᠦᠭᠦᠭᠰᠡᠨ ᠡᠪᠦᠭᠡ ᠶ᠋ᠢᠨ ᠢ᠋ᠶ᠋ᠡᠨ ᠠᠮᠢᠳᠤᠷᠠᠯ ᠤ᠋ᠨ ᠰᠤᠪᠤᠳ ᠱ᠌ᠢᠷᠦ ᠶ᠋ᠢ ᠲᠡᠮᠳᠡᠭᠯᠡᠨ᠎ᠡ ᠂ ᠤᠳᠠᠨ ᠨᠠᠭᠤᠷ ᠤ᠋ᠨ ᠦᠳᠡᠰᠢ ᠶ᠋ᠢᠨ ᠣᠳᠣᠨ ᠰᠦᠷᠦᠭ ᠢ᠋ ᠪᠢᠴᠢᠨ᠎ᠡ ᠂ ᠤᠳᠠᠨ ᠨᠠᠭᠤᠷ ᠤ᠋ᠨ ᠬᠥᠪᠡᠭᠡᠨ ᠳ᠋ᠦ᠍ ᠦᠯᠡᠳᠡᠭᠰᠡᠨ ᠥᠪᠡᠷᠦᠨ ᠠᠮᠢᠳᠤᠷᠠᠯ ᠤ᠋ᠨ ᠢ᠋ᠶ᠋ᠠᠨ ᠡᠬᠢᠨ ᠦ᠌ ᠤᠯᠠ ᠮᠥᠷ ᠢ᠋ ᠪᠢᠴᠢᠨ᠎ᠡ!
      ᠲᠡᠭᠦᠨ ᠦ᠌ ᠠᠮᠢᠳᠤᠷᠠᠯ ᠤ᠋ᠨ  ᠵᠠᠮ ᠂ ᠤᠳᠠᠨ ᠨᠠᠭᠤᠷ ᠤ᠋ᠨ ᠥᠷᠯᠥᠭᠡ ᠶ᠋ᠢᠨ ᠲᠤᠶᠠᠭ᠎ᠠ ᠂ ᠦᠳᠡ ᠶ᠋ᠢᠨ ᠭᠡᠷᠡᠯ ᠂ ᠦᠳᠡᠰᠢ ᠶ᠋ᠢᠨ ᠣᠳᠣᠳ ᠲᠠᠢ ᠬᠠᠮᠲᠤᠪᠠᠷ ᠬᠢᠵᠠᠭᠠᠷ ᠦᠭᠡᠢ ᠠᠯᠤᠰ ᠲᠡᠰᠢ ᠰᠤᠨᠤᠯᠵᠠᠨ᠎ᠠ !
      ᠤᠳᠠᠨ ᠨᠠᠭᠤᠷ ᠲᠤ᠌ ᠰᠢᠷᠭᠢᠬᠦ ᠡᠳᠦᠷ ᠪᠠᠢᠨ᠎ᠠ ᠭᠡᠬᠦᠯ᠎ᠡ ᠲᠡᠭᠦᠨ ᠦ᠌ ᠠᠮᠢᠳᠤᠷᠠᠯ ᠤ᠋ᠨ ᠬᠦᠰᠡᠯᠡᠩ ᠮᠣᠬᠣᠷᠠᠬᠤ ᠴᠠᠭ ᠠᠯᠠᠭ᠎ᠠ !
                                           1982 ·10