ᠣᠳᠣ ᠴᠠᠭ ᠭᠡᠵᠦ ᠁ - ᠭᠣᠩᠭᠣᠷᠵᠠᠪ Одоо цаг гэж ᠁ - Гонгоржав
ᠣᠳᠣ ᠴᠠᠭ ᠭᠡᠵᠦ ᠁
ᠭᠣᠩᠭᠣᠷᠵᠠᠪ
ᠡᠭᠦᠯᠡ ᠭᠠᠷᠪᠠᠯ — ᠰᠠᠯᠬᠢ
ᠡᠲᠦᠷ ᠪᠣᠯᠪᠠᠯ — ᠪᠤᠲᠠᠩ
ᠥᠷᠯᠥᠭᠡ ᠪᠣᠯᠭᠠᠨ — ᠡᠪᠦᠯ
ᠦᠭᠡ ᠶᠠᠷᠢᠪᠠᠯ — ᠬᠡᠷᠡᠭᠦᠯ ᠃
ᠭᠠᠩᠲᠠᠭᠰᠠᠨ ᠢᠯᠴᠢ ᠨᠢ — ᠭᠠᠯ
ᠬᠠᠯᠴᠠᠭᠠᠶ᠋ᠢᠷᠠᠭᠰᠠᠨ ᠲᠠᠯ᠎ᠠ ᠨᠢ — ᠰᠢᠷ᠎ᠠ
ᠭᠠᠴᠢᠬᠲᠠᠭᠰᠠᠨ ᠮᠠᠯᠴᠢᠳ — ᠭᠠᠰᠠᠯᠠᠩ
ᠭᠠᠯᠪᠠ ᠬᠤᠪᠢᠷᠠᠭᠠᠳ — ᠠᠶᠤᠯ ᠃
ᠪᠣᠷᠣᠬ᠋᠎ᠠ ᠭᠡᠳᠡᠭ ᠨᠢ — ᠲᠠᠭ
ᠪᠣᠲᠣᠯ ᠤᠬᠠᠭᠠᠨ ᠨᠢ — ᠶᠠᠭ
ᠪᠤᠰᠤᠳ ᠊ᠢ ᠬᠡᠯᠡᠬᠦ ᠨᠢ — ᠶᠣᠰᠣ
ᠪᠤᠴᠠᠭᠠᠳ ᠥᠪᠡᠰᠦᠪᠡᠨ — ᠫᠠᠳ ᠃
ᠰᠠᠷᠬᠤᠳ ᠰᠢᠮᠡᠪᠡᠯ — ᠵᠣᠲᠣᠭᠠᠨ
ᠰᠠᠷ᠎ᠠ ᠪᠠᠷ ᠠᠯᠠᠬ᠋᠎ᠠ — ᠲᠡᠨᠦᠭᠦᠯ
ᠰᠠᠮᠠᠭᠤᠨ ᠠᠭᠠᠰᠢᠯᠠᠭᠠᠳ — ᠰᠢᠪᠰᠢᠭ
ᠰᠠᠪᠠᠬ᠋ᠠ ᠦᠭᠡᠶ᠋ᠢᠲᠡᠭᠡᠳ — ᠰᠢᠢᠤᠠᠬᠡᠯ ᠃
ᠬᠤᠷᠠᠯ ᠲᠣᠭᠲᠠᠭᠠᠯ ᠨᠢ — ᠠᠷᠪᠢᠨ
ᠬᠣᠪ ᠵᠥᠭᠡᠭᠡᠬᠦ ᠳ᠋ᠦ᠍ — ᠮᠡᠷᠭᠡᠨ
ᠬᠤᠲᠠᠯ ᠶᠠᠷᠢᠬᠤ ᠳ᠋ᠦ᠍ — ᠰᠢᠯᠤᠭᠤᠬᠠᠨ
ᠬᠣᠮᠣᠬᠠᠢ ᠰᠠᠨᠠᠬ᠋᠎ᠠ ᠨᠢ — ᠢᠯᠡᠬᠡᠨ ᠃
ᠠᠯᠪᠠᠨ ᠨᠣᠶᠠᠳ ᠨᠢ — ᠪᠠᠷᠰ
ᠠᠷᠠᠳ ᠢᠷᠭᠡᠳ ᠨᠢ — ᠬᠣᠨᠢ
ᠠᠴᠢᠷ ᠦᠷ᠎ᠡ ᠨᠢ — ᠳᠡᠭᠡᠳᠦᠰ
ᠠᠪᠤ ᠡᠵᠢ ᠨᠢ — ᠵᠠᠷᠤᠴᠠ ᠃
ᠢᠲᠡᠵᠦ ᠱᠠᠮᠰᠢᠬᠤ ᠳ᠋ᠦ᠍ — ᠪᠠᠭᠰᠢ
ᠶᠠᠭᠤᠮ᠎ᠠ ᠪᠦᠲᠦᠭᠡᠬᠦ ᠳ᠋ᠦ᠍ — ᠪᠠᠯᠠᠢ
ᠶᠡᠬᠡ ᠶ᠋ᠢ ᠰᠠᠨᠠᠭᠠᠳ — ᠬᠣᠭᠣᠰᠣᠨ
ᠶᠧᠨᠦᠦ ᠳ᠋ᠦ᠍ ᠳᠤᠷᠠᠯᠠᠭᠠᠳ — ᠭᠤᠨᠢᠬ ᠃
ᠥᠴᠥᠭᠡᠲᠦᠷ ᠬᠤᠷᠢᠮᠯᠠᠭᠠᠳ — ᠢᠨᠠᠭ
ᠥᠨᠥᠲᠥᠷ ᠰᠠᠯᠴᠢᠬᠠᠭᠠᠳ — ᠦᠰᠲᠡᠨ
ᠦᠷ᠎ᠡ ᠬᠡᠦᠬᠡᠳ ᠨᠢ — ᠥᠨᠥᠴᠢᠷᠡᠯ
ᠡᠪᠦᠭᠡᠳ ᠨᠠᠰᠤᠲᠠᠳ ᠦ᠋ᠨ — ᠵᠣᠪᠠᠯᠠᠩ ᠃
ᠮᠠᠯ ᠮᠠᠯᠵᠢᠬᠰᠠᠨ ᠨᠢ — ᠥᠷᠢ
ᠮᠢᠬ᠎ᠠ ᠢᠳᠡᠭᠰᠡᠨ ᠨᠢ — ᠡᠪᠡᠤᠠᠴᠢᠨ
ᠮᠠᠶ᠋ᠢᠮᠠᠢ ᠠᠷᠠᠯᠵᠢᠶ᠎ᠠ ᠨᠢ — ᠮᠥᠯᠵᠢᠯ
ᠮᠠᠨ ᠪ ᠲᠠᠨ ᠪ ᠦᠭᠡᠢ — ᠵᠥᠷᠢᠴᠡᠯ ᠃
ᠪᠠᠷᠢᠯᠲᠤᠵᠤ ᠨᠣᠴᠣᠯᠲᠤᠪᠠᠯ — ᠮᠠᠷᠭᠤᠭᠠᠨ
ᠪᠠᠩᠬᠢ ᠳ᠋ᠦ᠍ ᠬᠦᠷᠪᠡᠯ — ᠵᠢᠭᠡᠯᠡᠯᠭᠡ
ᠪᠠᠷᠢᠴᠠᠭᠠᠨ ᠪ ᠬᠥᠮᠦᠨ ᠳ᠋ᠦ᠍ — ᠲᠠᠮᠤ
ᠪᠠᠶ᠋ᠢᠲᠠᠭ ᠪᠦᠬᠦᠨ ᠨᠢ — ᠵᠠᠯᠢ ᠃
ᠨᠠᠶ᠋ᠢᠷ ᠣᠯᠠᠰᠢᠷᠠᠭᠠᠳ — ᠵᠤᠳ
ᠨᠠᠩᠴᠢᠳ ᠬᠡᠲᠦᠷᠡᠭᠡᠳ — ᠬᠡᠪᠲᠡᠷᠢ
ᠨᠠᠭᠠᠲᠤᠮ ᠳ᠋ᠦ᠍ ᠱᠦᠭᠦᠭᠲᠡᠭᠡᠳ — ᠱᠣᠷᠣ
ᠨᠠᠮᠪᠠ ᠪᠠᠨ ᠠᠯᠲᠠᠭᠠᠳ — ᠯᠣᠪᠰᠢ ᠃
ᠬᠡᠯᠡᠭᠡᠳ ᠪᠠᠷᠠᠬᠤ ᠦᠭᠡᠢ — ᠶᠠᠷᠰᠢᠬ
ᠬᠡᠯᠡᠬᠦ ᠦᠭᠡᠢ ᠭᠡᠲᠡᠯ᠎ᠡ — ᠶᠠᠪᠤᠲᠠᠯ
ᠬᠡᠵᠢᠶ᠎ᠡ ᠡᠴᠡ ᠡᠶ᠋ᠢᠮᠦ ᠨᠢ — ᠲᠣᠲᠣ
ᠬᠡᠲᠦᠢ ᠳ᠋ᠦ᠍ ᠰᠠᠶ᠋ᠢᠵᠢᠷᠠᠬᠤ ᠨᠢ — ᠨᠢᠭᠤᠴᠠ ᠃
2023.5.27 ᠳ᠋ᠦ᠍
ᠱᠠᠩᠲᠤ ᠪᠠᠯᠭᠠᠰᠤᠨ᠎ᠠ ᠃
ᠦᠰᠦᠭ ᠠᠮᠢᠯᠠᠭᠤᠯᠤᠭᠴᠢ ᠄ ᠱᠠᠭᠰᠠᠯ
ᠬᠢᠨᠠᠭᠴᠢ ᠄ ᠣᠤᠠᠬᠠᠨᠰᠣᠠ᠋
