ᠰᠠᠨᠠᠭ᠎ᠠ ᠮᠠᠭᠤ ᠶᠠᠪᠤᠨ ᠭᠤᠲᠤᠨ᠎ᠠ Санаа муу яван гутна
ᠰᠠᠨᠠᠭ᠎ᠠ ᠮᠠᠭᠤ ᠶᠠᠪᠤᠨ ᠭᠤᠲᠤᠨ᠎ᠠ
ᠰᠢᠷ᠎ᠠ ᠬᠠᠳᠠᠨ ᠠᠶ᠋ᠢᠯ ᠤ᠋ᠨ ᠠᠷᠤ ᠶ᠋ᠢᠨ ᠠᠰᠬ᠎ᠠ ᠬᠠᠳᠠᠨ ᠤ᠋ ᠡᠩᠭᠡᠷ ᠲᠦ᠍ ᠬᠠᠷᠠᠩᠭᠤᠢ ᠬᠠᠷ᠎ᠠ᠂ ᠬᠤᠶ᠋ᠢᠬᠤᠷ ᠬᠥᠬᠡ ᠭᠡᠭᠴᠢ ᠬᠣᠶᠠᠷ ᠦᠨᠡᠭᠡ ᠨᠠᠶ᠋ᠢᠵᠠᠯᠠᠨ ᠨᠥᠬᠥᠷᠯᠡᠵᠦ ᠠᠮᠢᠳᠤᠷᠠᠵᠤ ᠪᠠᠶ᠋ᠢᠬᠰᠠᠨ ᠭᠡᠨ᠎ᠡ᠃
ᠨᠢᠭᠡᠨ ᠡᠳᠦᠷ ᠬᠤᠶ᠋ᠢᠬᠤᠷ ᠬᠥᠬᠡ ᠨᠢ᠄《 ᠬᠠᠷ᠎ᠠ ᠠᠬ᠎ᠠ ᠠ᠋᠂ ᠪᠢ ᠴᠢᠮ᠎ᠠ ᠠ᠋ᠴᠠ ᠥᠴᠦᠬᠡᠨ ᠴᠦ᠍ ᠰᠠᠯᠵᠤ ᠴᠢᠳᠠᠬᠤ ᠦᠭᠡᠢ᠂ ᠴᠢ ᠦᠭᠡᠢ ᠪᠣᠯ ᠪᠢ ᠨᠢᠭᠡ ᠴᠠᠭ ᠴᠤ᠌ ᠠᠮᠢᠳᠤᠷᠠᠬᠤᠶᠠ ᠪᠡᠷᠬᠡ 》ᠭᠡᠵᠦ ᠬᠡᠯᠡᠭᠰᠡᠨ ᠳ᠋ᠦ᠍《 ᠮᠡᠷᠭᠡᠨ ᠳᠡᠭᠦᠦ ᠮᠢᠨᠢ ! ᠦᠨᠡᠨ ᠊ᠢ ᠬᠡᠯᠡᠪᠡᠯ ᠪᠢ ᠪᠠᠰᠠ ᠴᠢᠮ᠎ᠠ ᠠ᠋ᠴᠠ ᠨᠢᠭᠡ ᠮᠥᠴᠡ ᠴᠦ᠍ ᠰᠠᠯᠵᠤ ᠴᠢᠳᠠᠬᠤ ᠦᠭᠡᠢ ᠰᠢᠦ᠂ ᠬᠡᠷᠪᠡ ᠴᠢ ᠮᠢᠨᠦ ᠳᠡᠷᠭᠡᠳᠡ ᠦᠭᠡᠢ ᠪᠣᠯ ᠶᠠᠭ ᠬᠦᠢᠰᠦ ᠪᠡᠨ ᠭᠡᠭᠡᠭᠰᠡᠨ ᠰᠢᠭ ᠪᠣᠯᠳᠠᠭ 》 ᠭᠡᠵᠦ ᠬᠠᠷᠠᠩᠭᠤᠢ ᠬᠠᠷ᠎ᠠ ᠮᠡᠬᠦᠰᠬᠢᠨ ᠶᠣᠰᠣᠯᠠᠵᠤ ᠬᠡᠯᠡᠪᠡ᠃
ᠢᠩᠭᠢᠭᠡᠳ ᠬᠣᠶᠠᠭᠤᠯᠠ ᠨᠢᠭᠡ ᠡᠳᠦᠷ ᠠᠶ᠋ᠢᠯ ᠤ᠋ᠨ ᠬᠣᠶᠠᠷ ᠲᠠᠯ᠎ᠠ ᠪᠠᠷ ᠢᠳᠡᠰᠢ ᠡᠷᠢᠬᠦ ᠪᠡᠷ ᠭᠠᠷᠤᠭᠠᠳ ᠬᠠᠷᠠᠩᠭᠤᠢ ᠬᠠᠷ᠎ᠠ ᠠᠶ᠋ᠢᠯ ᠤ᠋ᠨ ᠬᠣᠲᠠ ᠶ᠋ᠢᠨ ᠪᠤᠯᠤᠩ ᠳ᠋ᠤ᠌ ᠬᠡᠪᠲᠡᠵᠦ ᠪᠠᠶ᠋ᠢᠲᠠᠯ᠎ᠠ᠂ ᠲᠡᠷᠡ ᠭᠡᠷ ᠦ᠋ᠨ ᠡᠮᠡᠭᠲᠡᠢ ᠨᠢ ᠨᠢᠭᠡᠨ ᠲᠠᠷᠭᠤᠨ ᠭᠡᠭᠴᠢ ᠲᠠᠬᠢᠶ᠎ᠠ ᠪᠠᠨ ᠲᠡᠮᠦᠷ ᠤᠲᠠᠰᠤ ᠪᠠᠷ ᠲᠣᠣᠷᠯᠠᠭᠰᠠᠨ ᠰᠠᠭᠰᠤᠨ ᠳ᠋ᠤ᠌ ᠬᠣᠷᠢᠭᠠᠳ ᠡᠭᠦᠳᠡᠨ ᠦ᠌ ᠪᠡᠨ ᠬᠠᠵᠠᠭᠤ ᠳ᠋ᠤ᠌ ᠲᠠᠯᠪᠢᠪᠠ᠃ ᠬᠠᠷᠠᠩᠭᠤᠢ ᠬᠠᠷ᠎ᠠ ᠦᠵᠡᠭᠡᠳ᠄ ᠵᠠ ᠡᠨᠡ ᠲᠠᠬᠢᠶᠠᠨ ᠳ᠋ᠤ᠌ ᠯᠠ ᠬᠠᠯᠳᠠᠵᠤ ᠪᠣᠯᠬᠤ ᠦᠭᠡᠢ ᠭᠡᠵᠦ ᠪᠣᠳᠣᠵᠤ ᠪᠠᠶ᠋ᠢᠲᠠᠯ᠎ᠠ ᠲᠡᠷᠡ ᠡᠮᠡᠭᠲᠡᠢ ᠪᠠᠰᠠ ᠨᠢᠭᠡᠨ ᠲᠠᠬᠢᠶ᠎ᠠ ᠪᠠᠨ ᠲᠡᠪᠡᠷᠢᠵᠦ ᠨᠣᠭᠣᠭᠠᠨ ᠤ᠋ ᠪᠠᠨ ᠬᠠᠰᠢᠶᠠᠨ ᠳ᠋ᠤ᠌ ᠣᠷᠣᠪᠠ᠃ ᠬᠠᠷᠠᠩᠭᠤᠢ ᠬᠠᠷ᠎ᠠ ᠡᠭᠦᠨ ᠊ᠢ ᠦᠵᠡᠭᠡᠳ ᠲᠤᠶ᠋ᠢᠯ ᠢ᠋ᠶ᠋ᠠᠷ ᠪᠠᠶᠠᠷᠯᠠᠵᠤ ᠰᠥᠨᠢ ᠢᠷᠡᠵᠦ ᠢᠳᠡᠬᠦ ᠪᠡᠷ ᠰᠢᠢᠳᠦᠭᠡᠳ ᠪᠤᠴᠠᠬᠤ ᠵᠠᠮ ᠳ᠋ᠠᠭᠠᠨ᠄《 ᠬᠤᠶ᠋ᠢᠬᠤᠷ ᠬᠥᠬᠡ ᠶᠠᠭᠤ ᠭᠡᠵᠦ ᠨᠠᠳᠠ ᠠ᠋ᠴᠠ ᠰᠠᠯᠬᠤᠪ ᠳᠠ᠂ ᠬᠡᠷᠪᠡ ᠲᠡᠷᠡ ᠦᠭᠡᠢ ᠪᠣᠯ ᠪᠢ ᠬᠡᠳᠦᠢ ᠳᠤᠷ᠎ᠠ ᠪᠠᠷ ᠢ᠋ᠶ᠋ᠠᠨ ᠢᠳᠡᠬᠦ ᠪᠣᠢ ! 》ᠭᠡᠵᠦ ᠪᠣᠳᠣᠭᠰᠠᠭᠠᠷ ᠬᠠᠷᠢᠪᠠ᠃
ᠬᠤᠶ᠋ᠢᠬᠤᠷ ᠬᠥᠬᠡ ᠲᠡᠷᠡ ᠠᠶ᠋ᠢᠯ ᠤ᠋ᠨ ᠪᠤᠲᠠ ᠪᠤᠷᠭᠠᠰᠤᠨ ᠤ᠋ ᠳᠣᠣᠷ᠎ᠠ ᠬᠡᠪᠲᠡᠵᠦ ᠪᠠᠶ᠋ᠢᠲᠠᠯ᠎ᠠ ᠲᠡᠷᠡ ᠡᠮᠡᠭᠲᠡᠢ ᠲᠠᠬᠢᠶ᠎ᠠ ᠪᠠᠨ ᠨᠢᠭᠡᠨ ᠬᠠᠪᠬ᠎ᠠ ᠶ᠋ᠢᠨ ᠳᠡᠷᠭᠡᠳᠡ ᠤᠶᠠᠵᠤ ᠲᠠᠯᠪᠢᠭᠰᠠᠨ ᠊ᠢ ᠦᠵᠡᠭᠡᠳ᠄ ᠵᠠ ᠡᠨᠡ ᠴᠢᠨᠢ ᠬᠠᠷᠢᠨ ᠪᠢᠳᠡᠨ ᠊ᠢ ᠬᠣᠣᠷᠯᠠᠨ᠎ᠠ ᠭᠡᠵᠦ ᠪᠠᠶ᠋ᠢᠬ᠋᠎ᠠ ᠶᠤᠮ ᠪᠠᠶ᠋ᠢᠨ᠎ᠠ ᠭᠡᠵᠦ ᠪᠣᠳᠣᠭᠠᠳ ᠤᠷᠮ᠎ᠠ ᠦᠭᠡᠢ ᠤᠷᠪᠠᠶ᠋ᠢᠬᠰᠠᠭᠠᠷ ᠪᠤᠴᠠᠪᠠ᠃
ᠬᠠᠷᠠᠩᠭᠤᠢ ᠬᠠᠷ᠎ᠠ᠂ ᠬᠤᠶ᠋ᠢᠬᠤᠷ ᠬᠥᠬᠡ ᠶ᠋ᠢᠨ ᠤᠷᠮ᠎ᠠ ᠦᠭᠡᠢ ᠢᠷᠡᠭᠰᠡᠨ ᠊ᠢ ᠦᠵᠡᠭᠡᠳ《 ᠳᠡᠭᠦᠦ ᠮᠢᠨᠢ ᠮᠠᠭᠠᠳ ᠥᠯᠥᠰᠦᠭᠰᠡᠨ ᠪᠠᠶ᠋ᠢᠯᠭᠦᠢ᠂ ᠪᠢ ᠴᠢᠮ᠎ᠠ ᠳ᠋ᠤ᠌ ᠨᠢᠭᠡᠨ ᠪᠠᠶᠠᠷ ᠤ᠋ᠨ ᠤᠴᠢᠷ ᠬᠡᠯᠡᠵᠦ ᠥᠭᠭᠦᠶ᠎ᠡ ᠃ ᠲᠡᠷᠡ ᠠᠶ᠋ᠢᠯ ᠤ᠋ᠨ ᠡᠭᠦᠳᠡᠨ ᠦ᠌ ᠬᠠᠵᠠᠭᠤ ᠳ᠋ᠤ᠌ ᠨᠢᠭᠡᠨ ᠲᠠᠷᠭᠤᠨ ᠲᠠᠬᠢᠶ᠎ᠠ ᠪᠠᠶ᠋ᠢᠨ᠎ᠠ᠃ ᠴᠢ ᠣᠴᠢᠵᠤ ᠢᠳᠡᠭᠡᠷᠡᠢ ! ᠪᠢ ᠨᠢᠭᠡᠨᠲᠡ ᠴᠠᠳᠤᠭᠰᠠᠨ ᠪᠣᠯᠬᠣᠷ ᠪᠠᠬᠠᠨ ᠨᠣᠶ᠋ᠢᠷ ᠬᠦᠷᠴᠦ ᠪᠠᠶ᠋ᠢᠨ᠎ᠠ 》ᠭᠡᠵᠦ ᠬᠡᠯᠡᠭᠰᠡᠨ ᠳ᠋ᠦ᠍《 ᠡᠷᠬᠢᠮ ᠠᠬ᠎ᠠ ᠶ᠋ᠢᠨ ᠰᠠᠢᠬᠠᠨ ᠰᠠᠨᠠᠭ᠎ᠠ ᠶ᠋ᠢ ᠬᠡᠵᠢᠶ᠎ᠡ ᠡᠭᠦᠷᠢᠳᠡ ᠮᠠᠷᠲᠠᠬᠤ ᠦᠭᠡᠢ᠂ ᠪᠢ ᠪᠠᠰᠠ ᠴᠢᠮ᠎ᠠ ᠳ᠋ᠤ᠌ ᠨᠢᠭᠡᠨ ᠰᠠᠢᠨ ᠤᠴᠢᠷ ᠬᠡᠯᠡᠵᠦ ᠥᠭᠭᠦᠶ᠎ᠡ ᠂ ᠲᠡᠷᠡ ᠠᠶ᠋ᠢᠯ ᠤ᠋ᠨ ᠨᠣᠭᠣᠭᠠᠨ ᠤ᠋ ᠬᠠᠰᠢᠶᠠᠨ ᠤ᠋ ᠮᠣᠳᠣᠨ ᠤ᠋ ᠢᠷᠣᠭᠠᠷ ᠲᠤ᠌ ᠨᠢᠭᠡᠨ ᠲᠠᠷᠭᠤᠨ ᠲᠠᠬᠢᠶ᠎ᠠ ᠬᠦᠯᠢᠶᠡᠰᠦ ᠲᠡᠢ ᠪᠠᠶ᠋ᠢᠨ᠎ᠠ ᠰᠢᠦ 》ᠭᠡᠵᠦ ᠬᠡᠯᠡᠭᠰᠡᠨ ᠳ᠋ᠦ᠍ ᠬᠠᠷᠠᠩᠭᠤᠢ ᠬᠠᠷ᠎ᠠ ᠬᠡᠯᠡᠬᠦ ᠦᠭᠡ ᠦᠭᠡᠢ ᠪᠠᠶᠠᠷᠯᠠᠭᠠᠳ ᠬᠣᠶᠠᠭᠤᠯᠠ ᠬᠡᠯᠡ ᠪᠡᠨ ᠰᠢᠯᠡᠮᠡᠳᠡᠭᠰᠡᠭᠡᠷ ᠣᠴᠢᠯ᠎ᠠ᠃ ᠲᠡᠭᠡᠭᠡᠳ ᠬᠠᠷᠠᠩᠭᠤᠢ ᠬᠠᠷ᠎ᠠ ᠨᠢ ᠬᠠᠪᠬᠠᠨ ᠳ᠋ᠤ᠌ ᠤᠨᠠᠵᠤ᠂ ᠬᠤᠶ᠋ᠢᠬᠤᠷ ᠬᠥᠬᠡ ᠨᠢ ᠤᠷᠠᠬᠠᠨ ᠳ᠋ᠤ᠌ ᠤᠨᠠᠴᠢᠬᠠᠭᠠᠳ᠂ ᠬᠣᠶᠠᠭᠤᠯᠠ ᠨᠢᠭᠡ ᠨᠢ ᠨᠢᠭᠡ ᠪᠡᠨ《 ᠬᠤᠶ᠋ᠢᠬᠤᠷ ᠬᠥᠬᠡ ᠬᠤᠯᠠᠭᠠᠶ᠋ᠢᠴᠢ ᠴᠢ ᠪᠤᠤ ᠶᠠᠭᠠᠷᠠᠵᠤ ᠪᠠᠢ᠂ ᠠᠮᠢ ᠶ᠋ᠢ ᠴᠢᠨᠢ ᠠᠪᠴᠤ ᠠᠷᠠᠰᠤ ᠶ᠋ᠢ ᠴᠢᠨᠢ ᠥᠪᠴᠢᠨᠡ ᠪᠢ 》᠂《 ᠬᠠᠷᠠᠩᠭᠤᠢ ᠬᠠᠷ᠎ᠠ ᠴᠢ ᠬᠠᠷᠭᠢᠰ ᠮᠠᠭᠤ ᠰᠠᠨᠠᠭ᠎ᠠ ᠪᠠᠨ ᠦᠵᠡ ! ᠤᠷᠠᠬ᠎ᠠ ᠠ᠋ᠴᠠ ᠰᠠᠯᠵᠤ ᠭᠠᠷᠪᠠᠯ ᠰᠢᠷᠪᠥᠰᠥ ᠶ᠋ᠢ ᠴᠢᠨᠢ ᠰᠤᠭᠤᠯᠤᠨ᠎ᠠ ᠪᠢ 》ᠭᠡᠵᠦ ᠬᠠᠷᠢᠶᠠᠯᠳᠤᠵᠤ ᠪᠠᠶ᠋ᠢᠪᠠ᠃
ᠡᠭᠦᠨ ᠊ᠢ ᠵᠠᠮ ᠤ᠋ᠨ ᠬᠠᠵᠠᠭᠤ ᠳ᠋ᠠᠬᠢ ᠵᠤᠯᠵᠠᠭᠠᠨ ᠵᠠᠷᠠᠭ᠎ᠠ ᠰᠣᠨᠣᠰᠤᠭᠠᠳ᠄ 《 ᠠᠪᠤ ᠠ᠋᠂ ᠴᠢ ᠰᠣᠨᠣᠰᠤᠭᠰᠠᠨ ᠤᠤ᠂ ᠲᠡᠷᠡ ᠬᠣᠶᠠᠷ ᠦᠨᠡᠭᠡ ᠰᠠᠯᠤᠰᠢ ᠦᠭᠡᠢ ᠰᠠᠶᠢᠨ ᠨᠥᠬᠥᠷ ᠪᠠᠶ᠋ᠢᠭᠠᠳ ᠶᠠᠭᠠᠬᠢᠵᠤ ᠪᠠᠶ᠋ᠢᠬᠤ ᠨᠢ ᠲᠡᠷᠡ ᠪᠣᠢ ? 》ᠭᠡᠰᠡᠨ ᠳ᠋ᠦ᠍ ᠬᠥᠭᠰᠢᠨ ᠵᠠᠷᠠᠭ᠎ᠠ᠄《 ᠲᠡᠳᠡ ᠪᠣᠯ ᠮᠠᠭᠤ ᠰᠠᠨᠠᠭ᠎ᠠ ᠲᠠᠢ ᠠᠮᠢᠲᠠᠳ ᠪᠣᠯᠬᠣᠷ ᠦᠨᠡᠨᠴᠢ ᠨᠥᠬᠥᠷ ᠪᠣᠯᠵᠤ ᠴᠢᠳᠠᠬᠤ ᠦᠭᠡᠢ ᠶᠦ᠍ᠮ᠃ ᠬᠦᠦ ᠮᠢᠨᠢ ᠮᠡᠳᠡᠵᠦ ᠠᠪᠤᠭᠠᠷᠠᠢ ! 》ᠭᠡᠵᠦ ᠬᠡᠯᠡᠭᠰᠡᠨ ᠭᠡᠨ᠎ᠡ᠃
ᠢᠷᠡᠯᠲᠡ ᠄
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ < ᠬᠡᠯᠡ ᠪᠢᠴᠢᠭ > ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠣᠳᠣᠨᠬᠤᠸᠠᠷ
ᠬᠢᠨᠠᠭᠴᠢ ᠄ ᠣᠤᠠᠬᠠᠨᠰᠣ᠎ᠠ ᠂ ᠲᠣ᠋ · ᠨᠠᠨᠳᠢᠨ
2023᠂ 03 ᠂ 24
