ᠰᠢᠭᠦᠮᠵᠢᠯᠡᠭᠳᠡᠭᠰᠡᠨ ᠪᠠᠭᠠᠪᠠᠭᠠᠢ - ᠯ · ᠪᠠᠲᠢᠷᠴᠢ Шүүмжлэгдсэн баавгай - Л · Бадирч
ᠰᠢᠭᠦᠮᠵᠢᠯᠡᠭᠳᠡᠭᠰᠡᠨ ᠪᠠᠭᠠᠪᠠᠭᠠᠢ
( ᠶᠣᠭᠲᠤ ᠦᠯᠢᠭᠡᠷ )
ᠯ · ᠪᠠᠲᠢᠷᠴᠢ
ᠣᠢ ᠶ᠋ᠢᠨ ᠬᠢᠨ ᠪ ᠬᠤᠷᠠᠯ ᠳᠡᠭᠡᠷ᠎ᠡ ᠣᠯᠠᠨ ᠰᠢᠭᠦᠮᠵᠢᠯᠡᠯ ᠭᠠᠷᠤᠯ᠎ᠠ
ᠬᠡᠷᠡᠮᠦ ᠪᠠᠭᠠᠪᠠᠭᠠᠢ ᠶ᠋ᠢ ᠰᠢᠭᠦᠮᠵᠢᠯᠡᠵᠦ
ᠬᠡᠲᠦᠨ ᠦᠭᠡ ᠬᠡᠯᠡᠯ᠎ᠡ ᠄
— ᠥᠭᠡᠬᠦᠨ ᠬᠠᠷᠪᠢᠩ ᠰᠠᠭᠤᠭᠰᠠᠨ
ᠥᠭᠡᠲᠡ ᠦᠭᠡᠢ ᠬᠣᠶ᠋ᠢᠷᠭᠣ ᠪᠠᠭᠠᠪᠠᠭᠠᠢ
ᠰᠠᠭᠯᠠᠭᠠᠷ ᠮᠣᠲᠣᠨ ᠳᠤ ᠠᠪᠠᠷᠢᠵᠤ
ᠰᠠᠮᠤᠷ ᠲᠡᠭᠦᠬᠦ ᠪᠡᠨ ᠵᠠᠯᠬᠠᠭᠤᠷᠠᠲᠠᠭ ᠃
ᠬᠣᠰᠢ ᠮᠣᠲᠣ ᠶ᠋ᠢ ᠬᠠᠶ᠋ᠢᠷ᠎ᠠ ᠦᠭᠡᠢ
ᠬᠣᠭᠤ ᠠᠯᠠᠭᠠᠲᠠᠨ ᠤᠨᠠᠭᠠᠲᠠᠭ ᠃
ᠤᠨᠠᠭᠠᠭᠰᠠᠨ ᠬᠣᠰᠢ ᠶ᠋ᠢᠨ ᠰᠠᠮᠤᠷ ᠊ᠢ
ᠤᠭᠤᠲᠠ ᠪᠣᠯᠲᠠᠯ᠎ᠠ ᠪᠠᠨ ᠭᠦᠵᠡᠭᠡᠯᠡᠳᠡᠭ
ᠪᠠᠭᠠᠪᠠᠭᠠᠢ ᠳᠠᠩᠴᠢ ᠵᠠᠯᠬᠠᠭᠤ
ᠪᠠᠯᠠᠬᠲᠠᠢ ᠬᠠᠷ᠎ᠠ ᠰᠦᠢᠳᠬᠡᠭᠴᠢ
ᠢᠷᠤ᠎ᠠ ᠶ᠋ᠢᠨ ᠬᠣᠪᠲᠣᠭ ᠠᠮᠢᠲᠠᠨ
ᠶᠣᠰᠣᠲᠠᠢ ᠬᠥᠨᠲᠥ ᠰᠣᠷᠲᠠᠯᠲᠠᠨ !
ᠬᠡᠷᠡᠮᠦ ᠶ᠋ᠢᠨ ᠦᠭᠡ ᠵᠥᠪ ᠭᠡᠵᠦ
ᠬᠡᠲᠦᠨ ᠭᠥᠷᠥᠭᠡᠰᠦ ᠳᠡᠮᠵᠢᠪᠡ ᠃
ᠪᠠᠭᠠᠪᠠᠭᠠᠢ ᠲᠣᠩ ᠵᠠᠯᠬᠠᠭᠤ ᠭᠡᠵᠦ
ᠪᠠᠷᠰ ᠲᠡᠭᠦᠨ ᠊ᠢ ᠪᠠᠲᠤᠯᠠᠪᠠ ᠃
※ ※ ※
ᠮᠠᠷᠭᠠᠰᠢ ᠥᠷᠯᠥᠭᠡ ᠨᠢ ᠪᠠᠭᠠᠪᠠᠭᠠᠢ
ᠮᠠᠰᠢ ᠠᠭᠤᠷ ᠲᠠᠢ ᠪᠣᠰᠪᠠ ᠭᠡᠨ᠎ᠡ ᠃
ᠰᠢᠭᠦᠮᠵᠢᠯᠡᠭᠴᠢ ᠬᠡᠷᠡᠮᠦ ᠶ᠋ᠢᠨ ᠣᠷᠣᠰᠢᠲᠠᠭ
ᠰᠢᠯᠮᠦᠦᠰᠦᠲᠦ ᠮᠣᠲᠣᠨ ᠳᠤ ᠣᠴᠢᠪᠠ ᠭᠡᠨ᠎ᠡ ᠃
ᠬᠡᠷᠡᠮᠦ ᠮᠣᠲᠣᠨ ᠪ ᠣᠷᠣᠢ ᠳᠤ
ᠬᠡᠪᠡᠨᠢᠭ ᠰᠠᠭᠤᠪᠠ ᠭᠡᠨ᠎ᠡ ᠃
ᠪᠠᠭᠠᠪᠠᠭᠠᠢ ᠂ ᠬᠡᠷᠡᠮᠦ ᠶ᠋ᠢ ᠵᠠᠨᠤᠵᠤ
ᠪᠠᠷᠬᠢᠷᠠᠨ ᠢᠩᠭᠢᠵᠦ ᠬᠡᠯᠡᠪᠡ ᠄
— ᠪᠠᠬ᠋᠎ᠠ ᠪᠡᠶ᠎ᠡ ᠲᠡᠢ ᠠᠮᠢᠲᠠᠨ ᠴᠢ
ᠪᠠᠭᠠᠪᠠᠭᠠᠢ ᠨᠠᠮ᠎ᠠ ᠶ᠋ᠢ ᠰᠢᠭᠦᠮᠵᠢᠯᠡᠪᠡᠯ
ᠶᠠᠮᠠᠷ ᠵᠣᠪᠠᠯᠠᠩ ᠴᠢᠷᠳᠡᠭ ᠊ᠢ
ᠢᠷᠠᠭᠤ ᠲᠣᠲᠣ ᠦᠵᠡᠭᠦᠯᠦᠨ᠎ᠡ ᠬᠦ᠋ ᠂
ᠣᠯᠠᠨ ᠦᠭᠡ ᠲᠡᠢ ᠬᠡᠷᠡᠮᠦ ᠴᠢ
ᠣᠢ ᠮᠣᠲᠣᠨ ᠠ᠋ᠴᠠ ᠵᠠᠶ᠋ᠢᠯᠠ ᠬᠦ᠋ !
ᠣᠲᠣ ᠵᠠᠶ᠋ᠢᠯᠠᠬᠤ ᠦᠭᠡᠢ ᠪᠣᠯ
ᠣᠷᠣᠴᠠ ᠭᠡᠷ ᠊ᠢ ᠴᠢᠨᠢ ᠨᠤᠷᠠᠭᠠᠨ᠎ᠠ ᠭᠡᠪᠡ ᠃
ᠪᠠᠭᠠᠪᠠᠭᠠᠢ ᠶ᠋ᠢ ᠬᠠᠷᠢᠶᠠᠵᠤ ᠪᠠᠶ᠋ᠢᠬᠤ ᠳᠤ
ᠪᠠᠷᠰ ᠲᠡᠭᠦᠯᠢᠭᠰᠡᠭᠡᠷ ᠢᠷᠡᠭᠡᠳ ᠂
ᠪᠠᠭᠠᠪᠠᠭᠠᠢ ᠲᠠ ᠶᠠᠭᠤᠨ ᠳᠤ
ᠪᠠᠷᠬᠢᠷᠠᠵᠤ ᠠᠭᠤᠷᠯᠠᠬ᠋ᠠ ᠪᠤᠢ ? ᠭᠡᠵᠠᠢ ᠃
ᠤᠩᠭᠢᠷᠡᠵᠤ ᠪᠠᠶ᠋ᠢᠬᠰᠠᠨ ᠪᠠᠭᠠᠪᠠᠭᠠᠢ
ᠣᠮᠣᠭ ᠰᠢᠷ᠎ᠠ ᠨᠢ ᠱᠠᠯᠴᠢᠢᠭᠠᠳ
— ᠬᠡᠷᠡᠮᠦ ᠲᠡᠢ ᠵᠦᠭᠡᠷ ᠲᠣᠭᠯᠠᠭᠰᠠᠨ ᠶᠤᠮ
ᠬᠡ ᠬᠡ ᠬᠡ ᠭᠡᠵᠡᠢ ᠃
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠣᠤᠠᠬᠠᠨᠰᠣᠠ᠋
