《ᠰᠤᠳᠤᠷ ᠤᠨ ᠴᠢᠭᠤᠯᠭᠠᠨ》1-2-06ᠬᠠᠪᠤᠯ ᠬᠠᠨ ᠤ᠋ ᠲᠤᠬᠠᠢ ᠬᠦᠦᠷᠨᠢᠯХабул ханы тухай хүүрнэл ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠰᠤᠳᠤᠷ ᠤᠨ ᠴᠢᠭᠤᠯᠭᠠᠨ》1-2-06ᠬᠠᠪᠤᠯ ᠬᠠᠨ ᠤ᠋ ᠲᠤᠬᠠᠢ ᠬᠦᠦᠷᠨᠢᠯХабул ханы тухай хүүрнэл

《ᠰᠤᠳᠤᠷ ᠤᠨ ᠴᠢᠭᠤᠯᠭᠠᠨ》1-2-06ᠬᠠᠪᠤᠯ ᠬᠠᠨ ᠤ᠋ ᠲᠤᠬᠠᠢ ᠬᠦᠦᠷᠨᠢᠯХабул ханы тухай хүүрнэл

ᠠᠩᠭᠢᠯᠠᠯ:ᠲᠡᠦᠬᠡ ᠰᠣᠶᠣᠯ
2023-05-29

369

ᠬᠠᠪᠤᠯ ᠬᠠᠨ ᠤ᠋ ᠲᠤᠬᠠᠢ ᠬᠦᠦᠷᠨᠢᠯ

   ᠡᠨᠡ ᠨᠢ ᠬᠣᠶᠠᠷ ᠬᠡᠰᠡᠭ ᠲᠡᠢ

  ᠨᠢᠭᠡᠳᠦᠭᠡᠷ  ᠬᠡᠰᠡᠭ

    ᠬᠠᠪᠤᠯ ᠬᠠᠨ ᠤ᠋ ᠠᠮᠢᠳᠤᠷᠠᠯ᠂ ᠲᠡᠭᠦᠨ ᠤ ᠬᠥᠪᠡᠭᠦᠳ ᠪᠣᠯᠤᠨ ᠤᠳᠤᠮ ᠤᠭᠰᠠᠭᠠᠨ ᠳ᠋ᠤᠨᠢ ᠬᠠᠮᠢᠶᠠᠷᠤᠭᠳᠠᠬᠤ ᠤᠳᠤᠷᠢᠳᠬᠠᠯ

 

   ᠬᠠᠪᠤᠯ ᠬᠠᠨᠪᠣᠯ ᠴᠢᠩᠭᠢᠰ ᠬᠠᠭᠠᠨ ᠠ᠋ᠴᠠ ᠳᠡᠭᠡᠭᠰᠢᠬᠢ ᠭᠤᠷᠪᠠᠳᠠᠬᠢ ᠦᠶ᠎ᠡ ᠨᠢ ᠶᠤᠮ᠃ ᠮᠣᠩᠭᠣᠯᠴᠤᠳ ᠭᠤᠷᠪᠠᠳᠠᠬᠢ ᠦᠶ᠎ᠡ ᠪᠡᠨ ᠡᠯᠦᠨᠴᠡᠭ ( ᠡᠯᠦᠨᠴᠡ ᠡᠴᠢᠭᠡ ) ᠭᠡᠳᠡᠭ᠃ ᠲᠡᠭᠦᠨ ᠡᠴᠡ ᠦᠷᠡᠵᠢᠨ᠂ ᠣᠯᠠᠨ ᠣᠪᠣᠭ ᠪᠠ ᠮᠥᠴᠢᠷ  ᠤᠳ ᠰᠠᠯᠪᠤᠷᠢ ᠭᠠᠷᠤᠭᠰᠠᠨ ᠪᠢᠯᠡ᠃ ᠲᠡᠭᠦᠨ ᠤ ᠬᠥᠪᠡᠭᠦᠳ ᠪᠠ ᠠᠴᠢ ᠨᠠᠷ ᠢ᠋ ᠬᠢᠶᠠᠳ  (  ᠬᠢᠶᠠᠲ  ) ᠭᠡᠨ᠎ᠡ᠃ ᠲᠡᠭᠦᠨ ᠤ ᠤᠤᠭᠠᠨ ᠬᠥᠪᠡᠭᠦᠨ ᠢ᠋ ᠥᠬᠢᠨ ᠪᠠᠷᠠᠬᠠᠭ ( ᠣᠺᠠᠨ ᠪᠡᠷᠺᠠᠺ   ) ᠭᠡᠵᠦ ᠨᠡᠷᠡᠯᠡᠳᠡᠭ᠃ ᠲᠡᠷᠡ ᠪᠡᠷ ᠲᠤᠢᠯ ᠤᠨ ᠭᠤᠸ᠎ᠠ ᠦᠵᠡᠰᠬᠦᠯᠡᠩᠲᠡᠢ᠂ ᠮᠠᠰᠢ ᠴᠡᠪᠡᠷᠬᠡᠨ ᠴᠢᠷᠠᠢ ᠲᠠᠢ ᠪᠠᠢᠭᠰᠠᠨ ᠤᠴᠢᠷ ᠬᠠᠷᠠᠭᠰᠠᠨ ᠪᠦᠬᠦᠨ ᠨᠢ ᠲᠡᠭᠦᠨ ᠤ ᠭᠤᠸ᠎ᠠ ᠰᠠᠢᠬᠠᠨ ᠢ᠋ ᠱᠠᠭᠰᠢᠨ ᠮᠠᠭᠲᠠᠳᠠᠭ ᠪᠠᠢᠵᠠᠢ᠃ ᠡᠢᠮᠦ ᠤᠴᠢᠷ ᠠ᠋ᠴᠠ ᠥᠬᠢᠨ ᠭᠡᠵᠦ ᠨᠡᠷᠡᠯᠡᠭᠰᠡᠨ ᠠᠵᠤᠭᠤ᠃ ᠲᠡᠷᠡ ᠪᠡᠷ ᠲᠣᠮᠣ ᠲᠣᠭᠣᠷᠢᠭ ᠨᠢᠭᠤᠷ ᠲᠠᠢ᠂ ᠬᠠᠰ ᠴᠠᠭᠠᠨ ᠴᠢᠷᠠᠢ ᠲᠠᠢ ᠪᠠᠢᠪᠠ᠃ ᠲᠡᠷᠡ ᠪᠡᠷ ᠪᠠᠭ᠎ᠠ ᠨᠠᠰᠤᠨ ᠳ᠋ᠠᠭᠠᠨ ᠪᠡᠶ᠎ᠡ ᠪᠠᠷᠠᠵᠠᠢ᠃ ᠥᠬᠢᠨ ᠨᠢ ᠬᠤᠲᠤᠭᠲᠤ ᠵᠦᠷᠬᠢ ( ᠵᠦᠷᠬᠢ   ) ᠭᠡᠳᠡᠭ ᠬᠥᠪᠡᠭᠦᠨ᠂ ᠰᠡᠴᠡ ᠪᠡᠬᠢ  ( ᠰᠡᠴᠢ ᠪᠡᠬᠢ   ) ᠭᠡᠳᠡᠭ ᠠᠴᠢ ᠬᠥᠪᠡᠭᠦᠨ ᠲᠡᠢ ᠪᠠᠢᠪᠠ᠃ ᠬᠢᠶᠠᠳ ᠵᠦᠷᠭᠢᠨ ᠭᠡᠳᠡᠭ ᠠᠢᠮᠠᠭ ᠤ᠋ᠨ ᠬᠠᠷᠢᠶᠠᠲᠤ  ᠴᠥᠮ ᠯᠡ ᠡᠨᠡ ᠤᠳᠤᠮ ᠤ᠋ᠨ ᠬᠢᠨ ᠡᠴᠡ ᠭᠠᠷᠤᠯ ᠲᠠᠢ ᠪᠠᠢᠪᠠ᠃ ᠲᠡᠭᠦᠨ ᠤ ᠴᠢᠩᠭᠢᠰ ᠬᠠᠭᠠᠨ ᠲᠠᠢ ᠡᠪᠳᠡᠷᠡᠭᠰᠡᠨ ᠶᠠᠪᠤᠳᠠᠯ ᠢ᠋ ᠲᠤᠬᠠᠢ ᠶ᠋ᠢᠨ ᠭᠠᠵᠠᠷ ᠨᠢ ᠥᠭᠦᠯᠡᠨ᠎ᠡ᠃

  ᠲᠠᠲ᠋ᠠᠷ ᠠᠢᠮᠠᠭ ᠤ᠋ᠨ ᠬᠢᠨ ᠲᠣᠬᠢᠷᠠᠮᠵᠢᠲᠠᠢ ᠮᠥᠴᠡ ᠲᠠᠭᠠᠷᠠᠮᠠᠭᠴᠠ ᠭᠡᠨᠡᠳᠲᠡ ᠳᠠᠭᠠᠷᠢᠵᠤ᠂ ᠥᠬᠢᠨ ᠪᠠᠷᠠᠬᠠᠨ ᠢ᠋ ᠪᠠᠷᠢᠪᠴᠢᠯᠠᠨ ᠠᠪᠴᠤ᠂ ᠠᠯᠲᠠᠨ ᠬᠠᠨ ᠳ᠋ᠤ᠌ ᠶᠠᠪᠤᠭᠤᠯᠵᠠᠢ᠃ ᠲᠡᠷᠡ ᠪᠡᠷ ᠬᠥᠪᠡᠭᠦᠨ ᠢ᠋ ᠮᠣᠳᠣᠨ ᠡᠯᠵᠢᠭᠡᠨ ᠳ᠋ᠦ᠍ ᠲᠡᠮᠦᠷ ᠬᠠᠳᠠᠭᠠᠰᠤ ᠪᠠᠷ ᠬᠠᠲᠠᠵᠤ ᠠᠯᠠᠵᠠᠢ᠃ ᠶᠠᠭᠠᠬᠢᠭᠠᠳ ᠢᠩᠭᠢᠪᠡ ᠭᠡᠪᠡᠯ ᠲᠠᠲ᠋ᠠᠷ ᠠᠢᠮᠠᠭ ᠨᠢ ᠤᠮᠠᠷᠠᠲᠤ ᠬᠢᠲᠠᠳ  ( ᠺᠢᠲ᠋ᠠᠷ    ) - ᠶ᠋ᠢᠨ ᠠᠯᠲᠠᠨ ᠬᠠᠨ ᠤ᠋ ᠡᠷᠬᠡᠰᠢᠶᠡᠯ ᠳ᠋ᠦ᠍ ᠣᠷᠣᠵᠤ ᠪᠣᠭᠣᠯ ᠨᠢ ᠪᠣᠯᠵᠤ ᠪᠠᠢᠪᠠ᠃ ᠨᠢᠭᠡᠨ ᠴᠠᠭ ᠲᠤ᠌ ᠬᠠᠪᠤᠯ ᠬᠠᠨ  ᠠᠯᠲᠠᠨ ᠬᠠᠨ  ᠤ᠋ ᠡᠯᠴᠢᠶ᠋ᠢ ᠠᠯᠠᠭᠰᠠᠨ ᠤ᠋ ᠤᠯᠠᠮ ᠠ᠋ᠴᠠ ᠬᠣᠭᠣᠷᠣᠨᠳᠣ ᠪᠠᠨ ᠡᠪᠳᠡᠷᠢᠯᠴᠡᠨ ᠳᠠᠢᠰᠤᠩᠨᠠᠯᠴᠠᠬᠤ ᠪᠣᠯᠵᠠᠢ᠃ ᠲᠡᠭᠦᠨᠴᠢᠯᠡᠨ ᠬᠠᠪᠤᠯ ᠬᠠᠨ ᠤ᠋ ᠬᠥᠪᠡᠭᠦᠳ ᠨᠢ ᠲᠠᠲ᠋ᠠᠷ ᠠᠢᠮᠠᠭ ᠤ᠋ᠨ ᠂ ᠬᠢᠨ ᠲᠡᠢ ᠮᠡᠳᠬᠡᠯᠴᠡᠨ᠂ ᠤᠯᠠᠮ ᠢᠶᠠᠷ ᠬᠣᠭᠣᠷᠣᠨᠳᠣ ᠪᠠᠨ ᠲᠤᠯᠤᠯᠳᠤᠵᠠᠢ ᠡᠭᠦᠨ ᠤ ᠰᠢᠯᠲᠠᠭᠠᠨ ᠢ᠋ ᠳᠣᠣᠷ᠎ᠠ ᠳᠤᠷᠠᠳᠤᠨ᠎ᠠ ᠃ ᠡᠢᠮᠦ ᠰᠢᠯᠲᠠᠭᠠᠨ ᠤ᠋ ᠤᠯᠠᠮ ᠠ᠋ᠴᠠ ᠲᠠᠲ᠋ᠠᠷ ᠦ᠋ᠳ ᠨᠢ ᠪᠠᠢᠩᠭᠤ ᠯᠠ ᠮᠣᠩᠭᠣᠯᠴᠤᠳ ᠢ᠋ ᠣᠳᠣᠨ ᠪᠠᠢᠵᠤ᠂ ᠲᠡᠳᠡᠨ ᠢ᠋ ᠳᠠᠭᠠᠷᠢᠨ ᠣᠷᠣᠬᠤ ᠠᠶᠠᠲᠠᠢᠬᠠᠨ ᠨᠥᠬᠥᠴᠡᠯ ᠢ᠋ ᠬᠦᠯᠢᠶᠡᠵᠦ ᠪᠠᠢᠯ᠎ᠠ᠃ ᠡᠢᠮᠦ ᠨᠥᠬᠥᠴᠡᠯ ᠲᠣᠬᠢᠶᠠᠯᠳᠤᠭᠰᠠᠨ ᠤᠴᠢᠷ ᠲᠡᠷᠡ ᠬᠥᠪᠡᠭᠦᠨ ᠢ᠋ ᠪᠠᠷᠢᠪᠴᠢᠯᠠᠨ ᠠᠪᠴᠤ ᠠᠯᠲᠠᠨ ᠬᠠᠨ ᠳ᠋ᠤ᠌ ᠬᠦᠷᠭᠡᠭᠦᠯᠵᠡᠢ᠃ ᠬᠠᠪᠤᠯ ᠬᠠᠨ ᠤ᠋ ᠬᠣᠶᠠᠳᠤᠭᠠᠷ ᠬᠥᠪᠡᠭᠦᠨ ᠨᠢ ᠪᠠᠷᠳᠠᠨ ᠪᠠᠭᠠᠲᠤᠷ ᠶᠤᠮ᠃ ᠡᠨᠡ ᠨᠢ ᠴᠢᠩᠭᠢᠰ ᠬᠠᠭᠠᠨ ᠤ᠋ ᠡᠪᠦᠭᠡ ᠡᠴᠢᠭᠡ ᠨᠢ ᠪᠢᠯᠡ᠃ ᠪᠠᠷᠳᠠᠨ ᠪᠠᠭᠠᠲᠤᠷ᠂ ᠲᠡᠭᠦᠨ ᠤ ᠬᠥᠪᠡᠭᠦᠳ ᠦ᠋ᠨ ᠰᠠᠯᠪᠤᠷᠢ ᠶ᠋ᠢᠨ ᠬᠢᠨᠢ ᠠᠮᠢᠳᠤᠷᠠᠯ ᠤ᠋ᠨ ᠲᠤᠬᠠᠢ ᠳᠤᠷᠠᠰᠤᠮᠵᠢ ᠶ᠋ᠢ ᠡᠨᠡ ᠬᠦᠦᠷᠨᠢᠯ ᠦ᠋ᠨ ᠳᠠᠷᠠᠭ᠎ᠠ ᠵᠠᠯᠭᠠᠨ ᠲᠤᠰ ᠲᠤᠨᠢ ᠥᠭᠦᠯᠡᠨ᠎ᠡ᠃ ᠬᠠᠪᠤᠯ ᠬᠠᠨ ᠤ᠋ ᠭᠤᠲᠠᠭᠠᠷ ᠬᠥᠪᠡᠭᠦᠨ ᠨᠢ ᠮᠣᠩᠬᠣᠷ ᠬᠤᠲᠤᠭᠲᠤ ᠪᠥᠭᠡᠳ ᠲᠡᠭᠦᠨ ᠤ ᠤᠳᠤᠮ ᠤ᠋ᠨ ᠬᠢᠨ ᠡᠴᠡ ᠨᠢ ᠣᠯᠠᠨ ᠠᠢᠮᠠᠭ ᠭᠠᠷᠤᠯ ᠲᠠᠢ ᠃ ᠡᠭᠦᠨ ᠤ ᠬᠥᠪᠡᠭᠦᠨ ᠨᠢ ᠲᠠᠢᠴᠤ ᠭᠡᠳᠡᠭ ᠪᠥᠭᠡᠳ ᠬᠢᠶᠠᠳ ᠤ᠋ᠳ ᠤ᠋ᠨ ᠬᠡᠰᠡᠭ ᠲᠡᠭᠦᠨ ᠤ ᠤᠳᠤᠮ ᠤ᠋ᠨ ᠬᠢᠨ ᠳ᠋ᠦ᠍ ᠬᠠᠮᠢᠶᠠᠷᠤᠨ᠎ᠠ᠃

  ᠬᠠᠪᠤᠯ ᠬᠠᠨ ᠤ᠋ ᠳᠥᠷᠪᠡᠳᠦᠭᠡᠷ ᠬᠥᠪᠡᠭᠦᠨ ᠨᠢ ᠬᠠᠳᠠᠨ ᠪᠠᠭᠠᠲᠤᠷ᠂ ᠲᠡᠭᠦᠨ ᠤ ᠤᠳᠤᠮ ᠤ᠋ᠨ ᠬᠢᠨ ᠡᠴᠡ ᠨᠢ ᠣᠯᠠᠨ ᠨᠣᠶᠠᠳ ᠭᠠᠷᠤᠭᠰᠠᠨ ᠪᠢᠯᠡ᠃ ᠲᠡᠭᠦᠨ ᠤ ᠲᠤᠬᠠᠢ ᠣᠯᠠᠨᠲᠠ ᠥᠭᠦᠯᠡᠬᠦ ᠪᠣᠯᠤᠨ᠎ᠠ ᠃ ᠲᠡᠷᠡ ᠪᠡᠷ ᠡᠬᠢᠨ ᠦᠶ᠎ᠡ ᠳ᠋ᠡᠭᠡᠨ ᠴᠢᠩᠭᠢᠰ ᠬᠠᠭᠠᠨ ᠲᠠᠢ ᠬᠣᠯᠪᠣᠭ᠎ᠠ ᠲᠠᠢ ᠪᠠᠢᠭᠰᠠᠨ ᠪᠣᠯᠪᠠᠴᠤ ᠳᠠᠷᠠᠭ᠎ᠠ ᠨᠢ ᠤ᠌ᠩ ᠬᠠᠨ ᠲᠠᠢ ᠦᠭᠡᠰᠡᠵᠦ ᠪᠠᠢᠯ᠎ᠠ᠃ ᠡᠨᠡ ᠲᠤᠬᠠᠢ ᠳᠠᠷᠠᠭ᠎ᠠ ᠴᠢᠩᠭᠢᠰ ᠬᠠᠭᠠᠨ ᠤ᠋ ᠲᠤᠬᠠᠢ ᠬᠦᠦᠷᠨᠢᠯ ᠳ᠋ᠡᠭᠡᠨ ᠥᠭᠦᠯᠡᠬᠦ ᠪᠣᠯᠤᠨ᠎ᠠ ᠃ ᠬᠠᠳᠠᠨ ᠪᠠᠭᠠᠲᠤᠷ ᠬᠠᠨ ᠤ᠋ ᠤᠤᠭᠠᠨ ᠬᠥᠪᠡᠭᠦᠨ ᠨᠢ ᠵᠣᠴᠢ ᠬᠠᠨ ᠭᠡᠳᠡᠭ ᠪᠠᠢᠭᠰᠠᠨ ᠪᠥᠭᠡᠳ ᠲᠡᠷᠡ ᠪᠡᠷ ᠡᠴᠢᠭᠡ ᠶ᠋ᠢᠨ ᠢ᠋ᠶ᠋ᠡᠨ ᠣᠷᠣᠯᠠᠭᠴᠢ ᠨᠢ ᠪᠣᠯᠤᠭᠰᠠᠨ ᠪᠢᠯᠡ᠃ ᠵᠣᠴᠢ ᠬᠠᠨ ᠨᠢ ᠮᠢᠩᠭᠠᠲᠤ ᠶ᠋ᠢᠨ ᠢ᠋ᠶ᠋ᠠᠨ ᠬᠠᠮᠲᠤ ᠪᠠᠷ ᠴᠢᠩᠭᠢᠰ ᠬᠠᠭᠠᠨ ᠤ᠋ ᠬᠣᠯᠪᠣᠭᠠᠲᠠᠨ ᠪᠠᠢᠵᠤ᠂ ᠲᠡᠭᠦᠨ ᠤ ᠴᠡᠷᠢᠭ ᠲᠦ᠍ ᠲᠣᠭᠠᠯᠠᠭᠳᠠᠵᠤ ᠪᠠᠢᠵᠠᠢ᠃ ᠬᠠᠳᠠᠨ ᠪᠠᠭᠠᠲᠤᠷ ᠤ᠋ᠨ ᠨᠥᠭᠥᠭᠡ ᠬᠥᠪᠡᠭᠦᠨ ᠢ᠋ ᠠᠯᠲᠠᠨ ᠭᠡᠳᠡᠭ ᠪᠠᠢᠭᠰᠠᠨ᠃ ᠲᠡᠷᠡ ᠪᠡᠷ ᠠᠠᠩᠬᠠᠨ ᠳ᠋ᠠᠭᠠᠨ ᠂ ᠴᠢᠩᠭᠢᠰ ᠬᠠᠭᠠᠨ ᠤ᠋ ᠬᠣᠯᠪᠣᠭᠠᠲᠠᠨ ᠪᠠᠢᠪᠠ᠃ ᠬᠣᠵᠢᠮ ᠢ᠋ᠶ᠋ᠠᠨ ᠤ᠌ᠩ ᠬᠠᠨ ᠲᠠᠢ ᠨᠡᠢᠯᠡᠭᠰᠡᠨ ᠪᠠᠢᠨ᠎ᠠ᠃ ᠤᠴᠢᠷ ᠨᠢ ᠭᠡᠪᠡᠯ ᠴᠢᠩᠭᠢᠰ ᠬᠠᠭᠠᠨ ᠲᠠᠲ᠋ᠠᠷ ᠲᠠᠢ ᠪᠠᠢᠯᠳᠤᠨ ᠪᠠᠢᠬᠤ ᠳ᠋ᠠᠭᠠᠨ ᠣᠯᠵᠠ ᠪᠤᠯᠢᠶᠠᠬᠤ ᠦᠭᠡᠢ ᠪᠠᠢᠬᠤ ᠪᠠᠷ ᠰᠢᠢᠳᠴᠡᠢ᠃ ᠭᠡᠲᠡᠯ᠎ᠡ ᠲᠡᠷᠡ ᠪᠡᠷ ᠡᠨᠡ ᠪᠠᠢᠳᠠᠯ ᠢ᠋ ᠵᠥᠷᠢᠴᠡᠭᠰᠡᠨ ᠤᠴᠢᠷ ᠴᠢᠩᠭᠢᠰ ᠬᠠᠭᠠᠨ ᠲᠡᠭᠦᠨ ᠤ ᠪᠤᠯᠢᠶᠠᠭᠰᠠᠨ ᠣᠯᠵᠠ ᠶ᠋ᠢ ᠨᠢ ᠬᠤᠷᠢᠶᠠᠵᠠᠢ᠃ ᠡᠭᠦᠨ ᠡᠴᠡ ᠪᠣᠯᠵᠤ᠂ ᠲᠡᠷᠡ ᠪᠡᠷ ᠬᠢᠯᠢᠩᠨᠡᠨ ᠤ᠌ᠩ ᠬᠠᠨ ᠲᠠᠢ ᠨᠡᠢᠯᠡᠵᠡᠢ᠃ ᠡᠴᠦᠰ ᠦ᠋ᠨ ᠡᠴᠦᠰ ᠲᠦ᠍ ᠂ ᠲᠡᠷᠡ ᠪᠡᠷ ᠴᠢᠩᠭᠢᠰ ᠬᠠᠭᠠᠨ ᠤ᠋ ᠴᠡᠷᠢᠭ ᠦ᠋ᠨ ᠬᠥᠯ ᠳ᠋ᠦ᠍ ᠦᠷᠡᠭᠳᠡᠵᠡᠢ᠃

  ᠬᠠᠪᠤᠯ ᠬᠠᠨ ᠤ᠋ ᠵᠢᠷᠭᠤᠳᠠᠬᠢ ᠬᠥᠪᠡᠭᠦᠨ ᠲᠣᠳᠣᠢᠨ ᠣᠳᠴᠢᠬᠢᠨ ᠪᠠᠢᠪᠠ᠃  ( ᠮᠣᠩᠭᠣᠯ ᠤ᠋ᠨ ᠨᠢᠭᠤᠴᠠ ᠲᠣᠪᠴᠢᠶᠠᠨ ᠂ 48 ᠳ᠋ᠤᠭᠠᠷ ᠵᠦᠢᠯ ᠳ᠋ᠦ᠍ ᠳᠣᠯᠣᠳᠠᠬᠢ ᠬᠥᠪᠡᠭᠦᠨ ᠭᠡᠵᠡᠢ  ) ᠬᠠᠪᠤᠯ ᠬᠠᠨ᠂ ᠲᠡᠭᠦᠨ ᠤ ᠬᠠᠲᠤᠨ ᠪᠠ ᠬᠥᠪᠡᠭᠦᠳ ᠦ᠋ᠨ ᠬᠢᠨᠢ ᠰᠠᠯᠪᠤᠷᠢ ᠶ᠋ᠢ ᠵᠢᠷᠤᠭᠯᠠᠪᠠᠯ ᠡᠢᠨ ᠪᠤᠶᠤ᠃ ᠠᠯᠯᠠᠾ ᠯᠠ ᠢᠯᠡᠭᠦᠦ ᠪᠣᠯᠭᠣᠭᠠᠨ᠎ᠠ ᠳ᠋ᠠ᠃

1.ᠬᠠᠪᠤᠯ ᠬᠠᠨ ᠪᠠ ᠬᠠᠲᠣᠨ

1.1 ᠥᠬᠢᠨ ᠪᠠᠷᠠᠬᠠᠨ᠂ ᠡᠭᠦᠨ ᠢ᠋ ᠲᠠᠲ᠋ᠠᠷ ᠦ᠋ᠳ ᠪᠠᠷᠢᠪᠴᠢᠯᠠᠭᠠᠳ ᠠᠯᠲᠠᠨ ᠬᠠᠨ ᠳ᠋ᠤ᠌ ᠬᠦᠷᠭᠡᠭᠦᠯᠦᠭᠰᠡᠨ ᠳ᠋ᠦ᠍ ᠲᠡᠷᠡ ᠪᠡᠷ ᠲᠡᠭᠦᠨ ᠢ᠋ ᠮᠣᠳᠣᠨ ᠡᠯᠵᠢᠭᠡᠨ ᠳ᠋ᠦ᠍ ᠬᠠᠲᠠᠵᠤ ᠠᠯᠠᠭᠰᠠᠨ ᠪᠣᠯᠠᠢ ᠃ ᠡᠨᠡ ᠬᠥᠪᠡᠭᠦᠨ ᠮᠠᠰᠢ ᠰᠠᠢᠬᠠᠨ ᠬᠥᠮᠦᠨ ᠪᠠᠢᠭᠰᠠᠨ ᠪᠣᠯᠬᠣᠷ ᠥᠬᠢᠨ ᠭᠡᠵᠦ ᠨᠡᠷᠡᠯᠡᠳᠡᠭ ᠪᠠᠢᠵᠠᠢ᠃

1.1.1 ᠰᠤᠷᠠᠭᠲᠤ ᠵᠦᠷᠬᠢ (  ᠵᠦᠷᠭᠢᠨ )᠂ ᠬᠢᠶᠠᠳ ᠵᠦᠷᠭᠢᠨ ᠠᠢᠮᠠᠭ ᠨᠢ ᠲᠡᠭᠦᠨ ᠤ ᠤᠷᠤᠭ ᠤ᠋ᠨ ᠬᠢᠨ᠃

1.1.1.1 ᠰᠠᠴᠢ ᠪᠡᠬᠢ᠂ ᠬᠢᠶᠠᠳ ᠵᠦᠷᠭᠢᠨ ᠤ ᠬᠡᠰᠡᠭ ᠨᠢ ᠲᠡᠭᠦᠨ ᠤ ᠤᠷᠤᠭ ᠃ ᠲᠡᠷᠡ ᠪᠡᠷ ᠣᠯᠠᠨ ᠬᠥᠪᠡᠭᠦᠨ ᠪᠠ ᠲᠥᠷᠥᠯ ᠲᠡᠢ ᠂ ᠲᠡᠳᠡᠭᠡᠷ ᠨᠢ ᠮᠡᠳᠡᠭᠳᠡᠭᠡ ᠦᠭᠡᠢ ᠤᠴᠢᠷ ᠪᠢᠴᠢᠭᠳᠡᠭᠡ ᠦᠭᠡᠢ ᠪᠢᠯᠡ᠃

1.2 ᠪᠠᠷᠲᠠᠨ ᠪᠠᠭᠠᠲᠤᠷ᠂ ᠴᠢᠩᠭᠢᠰ ᠬᠠᠭᠠᠨ ᠤ᠋ ᠡᠪᠦᠭᠡᠨ ᠠᠪᠤ᠃

1.3 ᠮᠣᠩᠬᠣᠷ ᠬᠤᠲᠤᠭᠲᠤ᠂ ᠬᠢᠶᠠᠳ ᠠᠢᠮᠠᠭ ᠤ᠋ᠨ ᠬᠡᠰᠡᠭ ᠨᠢ ᠡᠭᠦᠨ ᠤ ᠤᠳᠤᠮ ᠤ᠋ᠨ ᠬᠢᠨ ᠳ᠋ᠦ᠍ ᠬᠠᠮᠢᠶᠠᠷᠤᠭᠳᠠᠨ᠎ᠠ᠃ ᠮᠥᠨ ᠯᠡ ᠣᠯᠠᠨ ᠬᠥᠪᠡᠭᠦᠨ ᠲᠡᠢ ᠪᠣᠯᠪᠠᠴᠤ ᠮᠡᠳᠡᠭᠳᠡᠭᠡ ᠦᠭᠡᠢ᠃ ᠮᠣᠩᠭᠣᠯ ᠤ᠋ᠨ ᠨᠢᠭᠤᠴᠠ ᠲᠣᠪᠴᠢᠶᠠᠨ ᠂ 48 ᠳ᠋ᠤᠭᠠᠷ ᠲᠤ᠌ ᠦᠬᠢᠨ ᠪᠠᠷᠬᠠᠭ ᠤ᠋ᠨ ᠳᠡᠭᠦᠦ ᠭᠡᠰᠡᠨ ᠪᠠᠢᠳᠠᠭ᠃

1.4 ᠬᠠᠳᠠᠨ ᠪᠠᠭᠠᠲᠤᠷ᠃

1.4.1 ᠵᠣᠴᠢ᠃

1.4.2 ᠠᠯᠲᠠᠨ᠃

1.5 ᠬᠣᠲᠠᠯᠠ ᠬᠠᠨ᠂ ᠡᠨᠡ ᠪᠣᠯ ᠠᠤᠭ᠎ᠠ ᠶᠡᠬᠡ ᠪᠠᠭᠠᠲᠤᠷ ᠪᠥᠭᠡᠳ ᠭᠠᠷᠮᠠᠭᠠᠢ ᠬᠥᠮᠦᠨ ᠪᠠᠢᠪᠠ᠃

1.6 ᠲᠣᠲᠣᠢᠨ ᠣᠳᠴᠢᠬᠢᠨ

 

        ᠬᠣᠶᠠᠳᠤᠭᠠᠷ ᠬᠡᠰᠡᠭ

      ᠬᠠᠪᠤᠯ ᠬᠠᠨ᠂ ᠲᠡᠭᠦᠨ ᠤ ᠬᠥᠪᠡᠭᠦᠳ᠂ ᠲᠡᠳᠡᠨ ᠤ ᠶᠠᠪᠤᠭᠤᠯᠤᠭᠰᠠᠨ ᠲᠡᠢᠨ ᠲᠤᠯᠤᠯᠳᠤᠭᠠᠨ

  ᠬᠠᠪᠤᠯ ᠬᠠᠨ ᠲᠠᠢ ᠬᠠᠮᠢᠶᠠᠲᠠᠢ ᠦᠢᠯᠡ ᠶᠠᠪᠤᠳᠠᠯ ᠥᠭᠦᠯᠡᠯᠭᠡ  ᠶᠡᠬᠡ ᠪᠣᠢ ᠃ ᠮᠣᠩᠭᠣᠯ ᠠᠢᠮᠠᠭ ᠤ᠋ᠳ ᠤ᠋ᠨ ᠳᠣᠲᠣᠷ᠎ᠠ ᠲᠡᠭᠦᠨ ᠤ ᠨᠡᠷ᠎ᠡ ᠨᠢ ᠨᠡᠩ ᠠᠯᠳᠠᠷᠲᠠᠢ ᠪᠥᠭᠡᠳ ᠴᠤᠤᠲᠠᠢ ᠪᠢᠯᠡ᠃ ᠬᠠᠪᠤᠯ ᠬᠠᠨ ᠪᠣᠯ ᠠᠢᠮᠠᠭ ᠤ᠋ᠨ ᠢ᠋ᠶ᠋ᠠᠨ ᠪᠠ ᠵᠠᠬᠢᠷᠤᠭᠳᠠᠭᠰᠠᠳ ᠤ᠋ᠨ ᠢ᠋ᠶ᠋ᠠᠨ ᠡᠵᠡᠨᠲᠡᠨ᠂ ᠵᠣᠩᠬᠢᠯᠠᠭᠴᠢ ᠨᠢ ᠪᠠᠢᠪᠠ᠃ ᠨᠢᠭᠡᠨᠲᠡ ᠬᠠᠪᠤᠯ ᠲᠡᠭᠦᠨ ᠤ ᠬᠥᠪᠡᠭᠦᠳ ᠨᠢ ᠨᠡᠩ ᠵᠣᠷᠢᠭ ᠲᠠᠢ ᠪᠢᠯᠢᠭᠦᠨ ᠠᠪᠢᠶᠠᠰ ᠲᠠᠢ ᠪᠣᠯᠬᠣᠷ ᠠᠯᠳᠠᠷ ᠰᠤᠤ ᠨᠢ ᠠᠯᠲᠠᠨ ᠤᠯᠤᠰ᠂ ᠲᠡᠭᠦᠨ ᠤ ᠨᠣᠶᠠᠳ ᠤ᠋ᠨ ᠴᠢᠬᠢᠶ᠋ᠢ ᠳᠡᠯᠡᠰᠴᠡᠢ᠃ ᠬᠠᠪᠤᠯ ᠬᠠᠨ ᠪᠣᠯ ᠬᠦᠨᠳᠦᠳᠬᠡᠪᠡᠯ ᠵᠣᠬᠢᠬᠤ ᠶᠡᠬᠡ ᠬᠥᠮᠦᠨ ᠭᠡᠵᠦ ᠠᠯᠲᠠᠨ ᠬᠠᠨ ᠲᠥᠰᠦᠭᠡᠯᠡᠬᠦ ᠪᠣᠯᠤᠭᠰᠠᠨ ᠤᠴᠢᠷ ᠲᠡᠷᠡ ᠪᠡᠷ ᠲᠡᠭᠦᠨ ᠲᠡᠢ ᠣᠢᠷᠠᠳᠬᠤ ᠬᠣᠶᠠᠷ ᠲᠠᠯ᠎ᠠ ᠶ᠋ᠢᠨ ᠬᠣᠭᠣᠷᠣᠨᠳᠣ ᠡᠪ ᠲᠡᠢ ᠨᠥᠬᠥᠷᠰᠡᠭ ᠪᠠᠢᠬᠤ ᠶ᠋ᠢᠨ ᠥᠷᠭᠡᠨ ᠵᠠᠮ ᠭᠠᠷᠭᠠᠬᠤ ᠭᠡᠵᠦ ᠪᠣᠳᠣᠭᠠᠳ ᠤᠷᠢᠬᠤ ᠪᠠᠷ ᠡᠯᠴᠢ ᠵᠠᠷᠤᠵᠠᠢ᠃ ᠬᠠᠪᠤᠯ ᠬᠠᠨ ᠢ᠋ ᠣᠴᠢᠬᠤ ᠳ᠋ᠤ᠌ ᠲᠡᠷᠡ ᠪᠡᠷ ᠶᠡᠬᠡᠳᠡ ᠬᠦᠨᠳᠦᠳᠬᠡᠯ ᠦᠵᠡᠭᠦᠯᠦᠨ ᠬᠦᠯᠢᠶᠡᠵᠦ ᠠᠪᠤᠯ᠎ᠠ᠃ ᠲᠡᠭᠦᠨ ᠳ᠋ᠦ᠍ ᠶᠠᠩᠵᠤ ᠪᠦᠷᠢ ᠶ᠋ᠢᠨ ᠠᠮᠲᠠᠲᠠᠢ ᠢᠳᠡᠭᠡ ᠪᠤᠳᠠᠭ᠎ᠠ᠂ ᠵᠣᠭᠣᠭ ᠰᠢᠭᠦᠰᠦ ᠮᠠᠰᠢ ᠶᠡᠬᠡ ᠠᠮᠲᠠᠲᠤ ᠤᠮᠳᠠᠭ᠎ᠠ ᠰᠠᠶᠬᠤᠳ ᠢ᠋ᠶ᠋ᠠᠷ ᠵᠣᠭᠣᠭ ᠪᠠᠷᠢᠵᠠᠢ᠃ ᠭᠡᠪᠡᠴᠦ ᠬᠢᠲᠠᠳ ᠦ᠋ᠳ ᠪᠣᠯ ᠢᠲᠡᠭᠡᠯ ᠡᠪᠳᠡᠬᠦ᠂ ᠵᠠᠯᠢᠯᠠᠵᠤ ᠮᠡᠬᠡᠯᠡᠬᠦ ᠶᠠᠪᠤᠳᠠᠯ ᠢ᠋ ᠡᠭᠦᠰᠬᠡᠭᠴᠢ᠂ ᠰᠡᠮᠬᠡᠨ ᠶᠠᠪᠤᠵᠤ ᠬᠦᠴᠦᠲᠡᠢ ᠳᠠᠢᠰᠤᠨ ᠢ᠋ᠶ᠋ᠠᠨ ᠳᠠᠭᠠᠷᠢᠳᠠᠭ᠂ ᠪᠤᠰᠤᠳ ᠲᠤ᠌ ᠬᠣᠣᠷ ᠥᠭᠬᠦ ᠶᠠᠪᠤᠳᠠᠯ ᠢ᠋ᠶ᠋ᠠᠷ ᠢ᠋ᠶ᠋ᠠᠨ ᠴᠤᠤ ᠳ᠋ᠤ᠌ ᠭᠠᠷᠤᠭᠰᠠᠨ ᠪᠣᠯᠬᠣᠷ ᠬᠠᠪᠤᠯ ᠬᠠᠨ ᠶᠡᠬᠡ ᠪᠣᠯᠭᠣᠮᠵᠢᠯᠠᠨ ᠬᠦᠨᠡᠰᠦᠨ ᠳ᠋ᠦ᠍ ᠬᠣᠣᠷ ᠬᠢᠵᠦ ᠪᠠᠢᠭ᠎ᠠ ᠭᠡᠮᠡᠨ ᠪᠣᠳᠣᠵᠤ ᠪᠠᠢᠵᠠᠢ᠃ ᠲᠡᠷᠡ ᠪᠡᠷ ᠵᠢᠭᠠᠯ ᠠᠮᠤᠰᠬᠢᠬᠦ ᠨᠡᠷᠡᠢᠳᠦᠯ ᠢ᠋ᠶ᠋ᠠᠷ ᠪᠠᠢᠨ ᠪᠠᠢᠨ ᠭᠠᠷᠴᠤ ᠬᠣᠢᠰᠢ ᠤᠷᠤᠭᠰᠢ ᠪᠠᠨ ᠶᠠᠪᠤᠭᠠᠳ ᠪᠠᠢᠪᠠ᠃ ᠴᠠᠭ ᠠᠭᠠᠷ ᠨᠢ ᠶᠡᠬᠡ ᠬᠠᠯᠠᠭᠤᠨ ᠪᠠᠢᠭᠰᠠᠨ ᠪᠣᠯᠬᠣᠷ ᠲᠡᠷᠡ ᠪᠡᠷ ᠰᠡᠷᠢᠭᠦᠴᠡᠬᠦ ᠨᠡᠷ᠎ᠡ ᠪᠡᠷ ᠤᠰᠤᠨ ᠳ᠋ᠤ᠌ ᠱᠤᠮᠪᠠᠭᠠᠳ ᠪᠠᠢᠯ᠎ᠠ᠃ ᠲᠡᠷᠡ ᠪᠡᠷ ᠲᠣᠭᠯᠠᠭᠠᠮ ᠤ᠋ᠨ ᠬᠣᠨᠢ ᠢᠳᠡᠬᠦᠢᠴᠡ ᠬᠤᠭᠤᠴᠠᠭ᠎ᠠ ᠪᠠᠷ ᠤᠰᠤᠨ ᠳᠣᠣᠷ᠎ᠠ ᠲᠣᠭᠲᠠᠵᠤ ᠰᠤᠷᠤᠭᠰᠠᠨ ᠳᠠᠳᠤᠯ ᠢ᠋ᠶ᠋ᠠᠷ ᠢ᠋ᠶ᠋ᠠᠨ ᠤᠰᠤᠨ ᠳᠣᠣᠷ᠎ᠠ ᠪᠠᠢᠵᠤ ᠢᠳᠡᠭᠰᠡᠨ ᠤᠤᠭᠤᠭᠰᠠᠨ ᠪᠦᠬᠦᠨ ᠢ᠋ᠶ᠋ᠡᠨ ᠭᠤᠯᠭᠢᠨ ᠭᠠᠷᠭᠠᠴᠢᠬᠠᠭᠠᠳ᠂ ᠳᠠᠬᠢᠭᠠᠳ ᠯᠠ ᠠᠯᠲᠠᠨ ᠬᠠᠨ ᠳᠡᠭᠡᠷ᠎ᠡ ᠨᠣᠴᠢᠵᠤ ᠤᠷᠢᠳ ᠤ᠋ᠨ ᠠᠳᠠᠯᠢ ᠪᠠᠷ ᠪᠠᠰᠠ ᠯᠠ ᠶᠡᠬᠡ ᠢᠳᠡᠵᠦ᠂ ᠳᠠᠷᠠᠰᠤ ᠶᠡᠬᠡ ᠤᠤᠭᠤᠵᠤ ᠪᠠᠢᠯ᠎ᠠ᠃

  ᠬᠢᠲᠠᠳ ᠦ᠋ᠳ ᠭᠠᠢᠬᠠᠨ ᠱᠠᠭᠰᠢᠷᠠᠵᠤ ᠥᠭᠦᠯᠡᠬᠦ ᠳ᠋ᠦ᠍ᠨᠢ : ᠪᠦᠬᠦᠨ ᠤ ᠳᠡᠭᠡᠳᠦᠰ ᠲᠡᠭᠷᠢ ᠲᠡᠭᠦᠨ ᠳ᠋ᠦ᠍ ᠪᠤᠶᠠᠨ ᠬᠡᠰᠢᠭ ᠢ᠋ᠶ᠋ᠡᠨ ᠵᠠᠶᠠᠭᠠᠵᠤ᠂ ᠬᠠᠢᠷᠠᠯᠠᠨ ᠰᠣᠶᠣᠷᠬᠠᠵᠤ ᠴᠢᠭᠢᠷᠠᠭ ᠪᠣᠯᠭᠠᠵᠠᠢ᠃ ᠲᠡᠢᠮᠦ ᠪᠣᠯᠬᠣᠷ ᠲᠡᠷᠡ ᠬᠣᠭᠣᠯᠠ ᠶᠡᠬᠡ ᠢᠳᠡᠭᠰᠡᠨ ᠴᠦ᠍ ᠲᠤᠯᠳᠠᠭ ᠦᠭᠡᠢ᠂ ᠳᠠᠷᠠᠰᠤ ᠤᠤᠭᠤᠭᠠᠳ ᠰᠣᠭᠲᠣᠳᠠᠭ ᠦᠭᠡᠢ᠂ ᠲᠡᠭᠡᠭᠡᠳ ᠪᠠᠰᠠ ᠣᠭᠢᠳᠠᠭ ᠦᠭᠡᠢ ᠪᠠᠢᠨ᠎ᠠ ᠰᠢᠦ ᠭᠡᠨ᠎ᠡ᠃ ᠭᠡᠲᠡᠯ᠎ᠡ ᠲᠡᠷᠡ ᠪᠡᠷ ᠠᠯᠠᠭ᠎ᠠ ᠲᠠᠰᠢᠨ ᠳᠡᠭᠳᠡᠯᠴᠡᠨ ᠶᠠᠪᠤᠵᠤ ᠠᠯᠲᠠᠨ ᠬᠠᠨ ᠤ᠋ ᠳᠡᠷᠭᠡᠳᠡ ᠣᠴᠢᠵᠤ᠂ ᠲᠡᠭᠦᠨ ᠤ ᠰᠠᠬᠠᠯ ᠠ᠋ᠴᠠ ᠤᠭᠵᠠᠷᠠᠵᠤ ᠲᠣᠷᠣᠮᠵᠢᠯᠠᠵᠠᠢ᠃ ᠠᠯᠲᠠᠨ ᠬᠠᠨ ᠤ᠋ ᠨᠣᠶᠠᠳ ᠬᠡᠰᠢᠭᠲᠡᠨ ᠴᠡᠷᠢᠭ ᠦ᠋ᠳ ᠡᠨᠡ ᠰᠢᠵᠠᠷᠠᠭᠤᠨ ᠪᠠᠢᠳᠠᠯ᠂ ‍[ ᠪᠠᠢᠵᠤ ᠪᠣᠯᠤᠮ᠎ᠠ ᠦᠭᠡᠢ ] ᠵᠤᠭ᠎ᠠ ᠶ᠋ᠢ ᠬᠠᠷᠠᠭᠠᠳ ᠲᠡᠷᠡ ᠮᠠᠨ ᠤ᠋ ᠡᠵᠡᠨᠲᠡᠨ ᠢ᠋ ᠳᠠᠩᠴᠤ ᠨᠢᠭᠡ ᠬᠦᠨᠳᠦᠳᠬᠡᠬᠦ ᠦᠭᠡᠢ ᠪᠠᠢᠨ᠎ᠠ ᠭᠡᠵᠡᠭᠡᠨ ᠬᠠᠪᠤᠯ ᠬᠠᠨ ᠤᠷᠤᠭᠤ ᠳᠠᠭᠠᠷᠢᠭᠰᠠᠨ ᠪᠠᠢᠨ᠎ᠠ᠃ ᠬᠠᠷᠢᠨ ᠠᠯᠲᠠᠨ ᠬᠠᠨ ᠵᠤᠭᠠᠲᠠᠢᠬᠠᠨ ᠢᠨᠢᠶᠡᠭᠡᠳ ᠰᠠᠭᠤᠵᠤ ᠪᠠᠢᠭ᠎ᠠ ᠶ᠋ᠢ ᠬᠠᠪᠤᠯ ᠬᠠᠨ ᠬᠠᠷᠠᠭᠠᠳ ᠥᠲᠥᠭᠰᠡᠨ ᠪᠠᠢᠳᠠᠯ ᠲᠠᠢ ᠥᠬᠦᠯᠡᠷᠦᠳ: ᠪᠢ ᠪᠠᠯᠠᠮᠠᠳ ᠪᠠᠢᠳᠠᠯ ᠭᠠᠷᠭᠠᠯ᠎ᠠ᠂ ᠳᠡᠭᠡᠷᠡᠩᠭᠦᠢᠯᠡᠯ᠎ᠡ! ᠨᠠᠮᠠᠶᠢ ᠵᠠᠯᠬᠠᠭᠠᠬᠤ ᠤᠤ᠂ ᠠᠮᠢᠳᠤ ᠪᠠᠢᠯᠭᠠᠬᠤ ᠤᠤ ᠭᠡᠳᠡᠭ ᠢ᠋ ᠠᠯᠲᠠᠨ ᠬᠠᠨ ᠯᠠ ᠮᠡᠳᠡᠭ᠃ ᠪᠢ ᠪᠡᠶ᠎ᠡ ᠪᠡᠨ ᠪᠠᠷᠢᠵᠤ ᠴᠢᠳᠠᠬᠤ ᠦᠭᠡᠢ ᠨᠢ᠃ ᠮᠢᠨᠦ ᠦᠢᠯᠡᠳᠦᠭᠰᠡᠨ ᠬᠡᠷᠡᠭ ᠭᠡᠪᠡᠯ ᠡᠢᠮᠦ ᠯᠡ ᠪᠠᠢᠨ᠎ᠠ ᠭᠡᠵᠡᠢ᠃ ᠭᠡᠲᠡᠯ᠎ᠡ ᠠᠯᠲᠠᠨ ᠬᠠᠨ ᠪᠣᠯ ᠲᠡᠪᠴᠢᠶᠡᠷᠢ ᠲᠡᠢ ᠤᠬᠠᠭᠠᠯᠢᠭ᠋ ᠬᠥᠮᠦᠨ ᠪᠣᠯᠬᠣᠷ ᠬᠠᠪᠤᠯ ᠬᠠᠨ ᠤ᠋ ᠴᠠᠭᠠᠨ᠎ᠠ ᠶᠠᠭᠤ ᠨᠢᠭᠤᠭᠳᠠᠵᠤ ᠪᠠᠢᠭ᠎ᠠ ᠶ᠋ᠢ ᠤᠬᠠᠭᠠᠷᠠᠵᠤ ᠪᠠᠢᠯ᠎ᠠ᠃ ᠲᠡᠷᠡ ᠪᠡᠷ ᠬᠠᠪᠤᠯ ᠬᠠᠨ ᠳ᠋ᠤ᠌ ᠠᠢᠮᠠᠭ ᠤ᠋ᠳ ᠪᠣᠯᠤᠨ ᠡᠷᠬᠡᠰᠢᠶᠡᠯ ᠦ᠋ᠨ ᠬᠥᠮᠦᠰ ᠪᠣᠢ᠂ ᠡᠢᠮᠦ ᠡᠴᠡ ᠲᠡᠭᠦᠨ ᠢ᠋ ᠡᠨᠡᠭᠦᠬᠡᠨ ᠤ ᠲᠥᠯᠥᠭᠡ ᠠᠯᠠᠴᠢᠬᠠᠬᠤ ᠶᠤᠮ ᠪᠣᠯ ᠠᠬᠠᠮᠠᠳ ᠪᠣᠯᠤᠨ ᠵᠠᠯᠠᠭᠤ ᠲᠥᠷᠥᠯ ᠰᠠᠳᠤᠨ ᠨᠤᠭᠤᠳ ᠨᠢ ᠬᠠᠪᠤᠯ ᠬᠠᠨ ᠤ᠋ ᠥᠰᠢᠶ᠎ᠡ ᠶ᠋ᠢ ᠠᠪᠬᠤ ᠶ᠋ᠢᠨ ᠲᠤᠯᠠᠳᠠ ᠪᠣᠰᠴᠤ ᠢᠷᠡᠨ᠎ᠡ᠃ ᠲᠡᠭᠡᠭᠡᠳ ᠲᠡᠳᠡ ( ᠬᠠᠪᠤᠯ ᠬᠠᠨ ᠤ᠋ ᠬᠢᠨ ᠪᠠ ᠠᠯᠲᠠᠨ ᠬᠠᠨ ᠤ᠋ ᠬᠢᠨ) ᠬᠣᠭᠣᠷᠣᠨᠳᠣ ᠪᠠᠨ ᠤᠳᠠᠭᠠᠨ ᠬᠤᠭᠤᠴᠠᠭᠠᠨ ᠳ᠋ᠤ᠌ ᠳᠠᠢᠰᠤᠩᠨᠠᠯᠴᠠᠨ᠎ᠠ ᠭᠡᠳᠡᠭ ᠢ᠋ ᠤᠬᠠᠭᠠᠷᠠᠨ ᠠᠭᠤᠷ ᠢ᠋ᠶ᠋ᠠᠨ ᠪᠠᠷᠢᠵᠤ᠂ ᠲᠡᠷᠡ ᠶᠠᠪᠤᠳᠠᠯ ᠢ᠋ ᠲᠣᠭᠯᠠᠭᠠᠮ ᠲᠣᠬᠣᠭᠤ᠂ ᠨᠥᠬᠥᠷᠰᠡᠭ  ᠲᠠᠮᠰᠢᠭ᠌ᠯᠠᠯ ᠪᠣᠯᠭᠠᠨ ᠠᠭᠤᠴᠢᠯᠠᠨ ᠥᠩᠭᠡᠷᠡᠭᠦᠯᠵᠡᠢ᠃ ᠢᠩᠭᠢᠭᠡᠳ ᠲᠡᠷᠡ ᠥᠪᠡᠷ ᠦ᠋ᠨ ᠢ᠋ᠶ᠋ᠡᠨ ᠰᠠᠩ ᠠ᠋ᠴᠠ ᠠᠯᠲᠠ ᠂ ᠦᠨᠡᠲᠦ ᠡᠷᠳᠡᠨᠢᠰ ᠦ᠋ᠨ ᠴᠢᠯᠠᠭᠤ᠂ ᠬᠤᠪᠴᠠᠰᠤ ᠬᠤᠨᠠᠷ ᠭᠠᠷᠭᠠᠭᠤᠯᠤᠨ ᠬᠠᠪᠤᠯ ᠬᠠᠨ ᠤ᠋ ᠳᠠᠢᠲᠠᠢ ᠥᠨᠳᠥᠷ ᠣᠪᠣᠭᠠᠯᠠᠵᠤ ᠪᠡᠯᠡᠭᠯᠡᠭᠡᠳ ᠮᠠᠰᠢ ᠡᠶᠡᠯᠳᠡᠭ ᠬᠠᠨᠳᠤᠵᠤ᠂ ᠲᠤᠢᠯ ᠤ᠋ᠨ ᠬᠦᠨᠳᠦᠳᠬᠡᠯ ᠲᠡᠢ ᠪᠤᠴᠠᠭᠠᠵᠠᠢ᠃

  ᠬᠠᠪᠤᠯ ᠬᠠᠨ ᠢ᠋ ᠣᠳᠤᠭᠰᠠᠨ ᠤ᠋ ᠳᠠᠷᠠᠭ᠎ᠠ ᠨᠣᠶᠠᠳ ᠨᠢ ᠠᠯᠲᠠᠨ ᠬᠠᠨ ᠳ᠋ᠤ᠌ ᠠᠮᠢᠨᠴᠢᠯᠠᠨ ᠬᠡᠯᠡᠭᠰᠡᠨ ᠨᠢ: ᠲᠡᠭᠦᠨ ᠤ  ᠠᠷᠠᠨᠰᠢᠨ  ᠢ᠋ ᠦᠯᠦ ᠲᠣᠭᠣᠮᠰᠠᠷᠯᠠᠨ ᠶᠠᠪᠤᠭᠤᠯᠳᠠᠭ ᠨᠢ ᠶᠠᠭᠤ ᠪᠣᠢ? ᠭᠡᠵᠡᠢ᠃ ᠭᠡᠲᠡᠯ᠎ᠡ ᠠᠯᠲᠠᠨ ᠬᠠᠨ ᠲᠡᠭᠦᠨ ᠤ ᠬᠣᠢᠨ᠎ᠠ ᠠ᠋ᠴᠠ ᠡᠯᠴᠢ ᠵᠠᠷᠤᠵᠤ ᠡᠷᠭᠢᠭᠡᠳ ᠢᠷ᠎ᠡ ᠭᠡᠵᠦ ᠲᠡᠭᠦᠨ ᠳ᠋ᠦ᠍ ᠬᠡᠯᠡᠭᠦᠯᠵᠡᠢ᠃ ᠬᠠᠪᠤᠯ ᠬᠠᠨ ᠡᠯᠴᠢᠨ ᠳ᠋ᠦ᠍ᠨᠢ ᠥᠭᠦᠯᠡᠷᠦᠨ: ᠪᠢᠳᠡᠨ ᠤ ᠬᠣᠭᠣᠷᠣᠨᠳᠣ ᠶ᠋ᠢᠨ ᠶᠠᠷᠢᠶ᠎ᠠ ᠵᠥᠪᠯᠡᠯᠭᠡ ᠳᠠᠭᠤᠰᠤᠭᠰᠠᠨ ᠰᠢᠦ ᠲᠠ ᠃ ᠲᠡᠭᠦᠨ ᠤ ᠠᠢᠯᠠᠳᠤᠭᠰᠠᠨ ᠢ᠋ᠶ᠋ᠠᠷ ᠪᠢᠳᠡ ᠰᠠᠯᠵᠠᠭᠠᠭᠰᠠᠨ! ᠴᠢᠩᠭᠢᠭᠡᠳ ᠶᠠᠭᠤ ᠱᠠᠭᠠᠷᠳᠠᠭᠠᠳ ᠪᠠᠢᠭ᠎ᠠ ᠶᠤᠮ ᠪᠣᠢ? ᠭᠡᠳ ᠡᠯᠴᠢ ᠨᠠᠷ ᠤ᠋ᠨ ᠦᠭᠡ ᠶ᠋ᠢ ᠲᠣᠭᠣᠭᠰᠠᠨ ᠦᠭᠡᠢ ᠵᠢᠪᠡᠭᠦᠨ ᠦᠭᠡ ᠬᠡᠯᠡᠭᠡᠳ ᠪᠠᠢᠵᠠᠢ᠃ ᠡᠯᠴᠢ ᠨᠠᠷ ᠨᠢ ᠪᠤᠴᠠᠵᠤ ᠢᠷᠡᠪᠡ᠃ ᠠᠯᠲᠠᠨ ᠬᠠᠨ ᠳᠠᠬᠢᠭᠠᠳ ᠡᠯᠴᠢ ᠶᠠᠪᠤᠭᠤᠯᠵᠠᠢ᠃ ᠭᠡᠲᠡᠯ᠎ᠡ ᠬᠠᠪᠤᠯ ᠬᠠᠨ ᠦᠷᠭᠦᠭᠡᠨ ᠳ᠋ᠡᠭᠡᠨ ᠪᠠᠢᠭᠰᠠᠨ ᠦᠭᠡᠢ᠃ ᠲᠡᠭᠦᠨ ᠤ ᠭᠡᠷᠭᠡᠢ ᠨᠠᠷ ᠨᠢ ᠲᠡᠷᠡ ᠪᠡᠷ ᠬᠥᠪᠡᠭᠦᠳ ᠪᠠ ᠪᠡᠷᠢ ᠨᠦ᠍ᠭᠦᠳ ᠢ᠋ᠶ᠋ᠠᠨ ᠠᠪᠴᠢᠷᠠᠬᠤ ᠪᠠᠷ ᠣᠳᠤᠭᠰᠠᠨ ᠭᠡᠵᠦ ᠡᠯᠴᠢ ᠳ᠋ᠤᠨᠢ ᠬᠡᠯᠡᠵᠡᠢ᠃ ᠡᠯᠴᠢ ᠨᠠᠷ ᠨᠢ ᠡᠷᠭᠢᠵᠦ  ᠬᠠᠷᠢᠪᠠ᠃

  ᠭᠡᠬᠦ ᠳ᠋ᠡᠭᠡᠨ ᠲᠡᠳᠡ ᠵᠠᠮ ᠳ᠋ᠠᠭᠠᠨ ᠬᠠᠪᠤᠯ ᠬᠡᠳᠦᠨ ᠨᠥᠬᠥᠳ ᠴᠡᠷᠢᠭ ᠲᠡᠢ ᠪᠡᠨ ᠳᠣᠪᠲᠣᠯᠤᠨ ᠶᠠᠪᠤᠵᠤ ᠪᠠᠢᠬᠤ ᠶ᠋ᠢ ᠬᠠᠷᠠᠵᠤ ᠲᠠᠨᠢᠭᠠᠳ ᠲᠡᠭᠦᠨ ᠢ᠋ ᠪᠠᠷᠢᠪᠴᠢᠯᠠᠨ ᠠᠪᠴᠤ ᠶᠠᠪᠤᠵᠠᠢ᠃ ᠲᠡᠳᠡᠨ ᠤ ᠵᠠᠮ ᠳ᠋ᠤᠨᠢ ᠬᠠᠪᠤᠯ ᠬᠠᠨ ᠤ᠋ ᠠᠨᠳᠠ ᠰᠠᠯᠵᠢᠭᠤᠲᠠᠢ ᠲᠠᠭᠠᠷᠠᠯᠳᠤᠵᠠᠢ᠃ ᠰᠠᠯᠵᠢᠭᠤᠲᠠᠢ ᠪᠣᠯᠤᠭᠰᠠᠨ ᠶᠠᠪᠤᠳᠠᠯ ᠤ᠋ᠨ ᠤᠴᠢᠷ ᠢ᠋ ᠳᠤᠭᠤᠯᠤᠭᠠᠳ ᠥᠬᠦᠯᠡᠷᠦᠳ : 《 ᠴᠢᠮᠠᠶ᠋ᠢ ᠶᠠᠮᠠᠷ ᠨᠢᠭᠡᠨ ᠰᠠᠢᠨ ᠶᠠᠭᠤᠮ᠎ᠠ ᠬᠢᠬᠦ ᠭᠡᠵᠦ ᠱᠠᠭᠠᠷᠳᠠᠭ᠎ᠠ ᠦᠭᠡᠢ ᠨᠢ ᠯᠠᠪ ᠪᠢᠵᠡ᠃ ᠰᠠᠢᠨ ᠶᠠᠭᠤᠮ᠎ᠠ ᠶᠠᠭᠤ ᠯᠠ ᠪᠠᠢᠬᠤ ᠪᠣᠢ ᠂ ᠴᠢᠨᠦ ᠠᠮᠢ ᠨᠠᠰᠤᠨ ᠳ᠋ᠤ᠌ ᠬᠠᠯᠳᠠᠬᠤ ᠭᠡᠳ ᠪᠠᠢᠭ᠎ᠠ ᠳᠠ 》 ᠭᠡᠪᠡ᠃ ᠲᠡᠭᠡᠭᠡᠳ ᠲᠡᠭᠦᠨ ᠳ᠋ᠦ᠍ ᠬᠤᠷᠳᠤᠨ ᠴᠠᠭᠠᠨ ᠠᠵᠢᠷᠭ᠎ᠠ ᠪᠠᠨ ᠪᠠᠷᠢᠵᠤ ᠤᠨᠤᠭᠤᠯᠤᠭᠠᠳ ᠬᠡᠯᠡᠭᠰᠡᠨ ᠨᠢ: 《ᠡᠪᠲᠡᠢᠬᠡᠨ ᠮᠥᠴᠡ ᠶ᠋ᠢ ᠲᠠᠭᠠᠷᠠᠭᠤᠯᠤᠭᠠᠳ ᠨᠠᠭᠠᠳᠤᠬᠢ ᠶ᠋ᠢ ᠪᠡᠨ ᠲᠠᠰᠢᠭᠤᠷᠳᠠᠭᠠᠳ ᠯᠠ ᠤᠬᠤᠰ ᠬᠢᠴᠢᠬᠡ᠃ ᠡᠭᠦᠨ ᠢ᠋ ᠴᠢ ᠤᠨᠤᠵᠤ ᠶᠠᠪᠤᠭ᠎ᠠ ᠴᠠᠭ ᠲᠤ᠌ ᠴᠠᠭᠠᠳᠤᠭᠤᠯᠠ ᠴᠢᠨᠢ ᠴᠢᠮᠠᠶ᠋ᠢ ᠭᠦᠢᠴᠡᠬᠦ ᠦᠭᠡᠢ 》 ᠭᠡᠵᠡᠢ᠃ ᠨᠢᠭᠡᠨ ᠡᠳᠦᠷ ᠶᠠᠪᠤᠵᠤ ᠪᠠᠢᠭᠠᠳ ᠠᠶᠠᠲᠠᠢᠬᠠᠨ ᠨᠥᠬᠥᠴᠡᠯ ᠲᠣᠬᠢᠶᠠᠯᠳᠤᠬᠤ ᠳ᠋ᠤ᠌ ᠵᠢᠯᠣᠭᠣ ᠪᠠᠨ ᠰᠤᠯᠠᠳᠬᠠᠭᠠᠳ ᠤᠬᠤᠰ ᠬᠢᠵᠦ ᠮᠣᠷᠢ ᠪᠠᠨ ᠲᠠᠰᠢᠭᠤᠷᠳᠠᠨ ᠵᠢᠭᠤᠲᠠᠪᠠ᠃ ᠡᠯᠴᠢ ᠨᠠᠷ ᠲᠡᠭᠦᠨ ᠢ᠋ ᠬᠣᠢᠨ᠎ᠠ ᠠ᠋ᠴᠠ ᠨᠢ ᠬᠥᠭᠡᠭᠡᠭᠡᠳ ᠬᠥᠭᠡᠭᠡᠭᠡᠳ ᠭᠦᠢᠴᠡᠭᠰᠡᠨ ᠦᠭᠡᠢ᠃
  ᠬᠠᠪᠤᠯ ᠬᠠᠨ ᠭᠡᠷ ᠲᠡᠭᠡᠨ ᠢᠷᠡᠯ᠎ᠡ᠃ ᠡᠯᠴᠢ ᠨᠠᠷ ᠨᠢ ᠲᠡᠭᠦᠨ ᠢ᠋ ᠮᠥᠷᠳᠡᠨ ᠶᠠᠪᠤᠭᠰᠠᠭᠠᠷ ᠬᠠᠪᠤᠯ ᠬᠠᠨ ᠤ᠋ ᠭᠡᠷ ᠲᠦ᠍ ᠢᠷᠡᠯ᠎ᠡ᠃ ᠭᠣᠷᠯᠣᠰ ᠠᠢᠮᠠᠭ ᠠ᠋ᠴᠠ ᠠᠪᠴᠤ ᠢᠷᠡᠭᠰᠡᠨ ᠬᠠᠪᠤᠯ ᠬᠠᠨ ᠤ᠋ ᠪᠡᠷᠢ ᠮᠠᠳᠢᠭ᠋ ᠤ᠋ᠨ ᠪᠡᠯᠡᠭᠯᠡᠭᠰᠡᠨ ᠰᠢᠨ᠎ᠡ ᠠᠰᠠᠷ ᠲᠡᠳᠡᠨ ᠤ ᠳ᠋ᠦ᠍ ᠪᠠᠢᠭᠰᠠᠨ ᠲᠤᠯᠠ ᠪᠠᠷᠢᠵᠤ᠂ ᠡᠯᠴᠢ ᠨᠠᠷ ᠢ᠋ ᠪᠠᠢᠷᠢᠯᠠᠭᠤᠯᠪᠠ᠃ ᠡᠨᠡ ᠦᠶ᠎ᠡ ᠳ᠋ᠦ᠍ ᠬᠠᠪᠤᠯ ᠬᠠᠨ ᠤ᠋ ᠬᠥᠪᠡᠭᠦᠳ ᠨᠢ ᠪᠠᠢᠭ᠎ᠠ ᠦᠭᠡᠢ ᠲᠤᠯᠠ ᠲᠡᠷᠡ ᠪᠡᠷ ᠥᠪᠡᠷ ᠦ᠋ᠨ ᠪᠡᠷᠢ᠂ ᠬᠠᠳᠠᠮ (ᠬᠢᠲᠠᠳ᠄ 仆役们,(khadam) ᠦ᠋ᠳ ᠲᠠᠭᠠᠨ ᠬᠠᠨᠳᠤᠵᠤ ᠥᠭᠦᠯᠡᠷᠦᠨ: 《 ᠪᠢ ᠲᠠ ᠨᠠᠷ ᠢ᠋ ᠠᠪᠴᠢᠷᠠᠭᠰᠠᠨ᠂ ᠮᠥᠨ ᠡᠨᠡ ᠣᠯᠠᠨ ᠵᠠᠷᠤᠴᠠ ᠬᠠᠳᠠᠮ ᠤ᠋ᠳ ᠢ᠋ ᠡᠨᠳᠡ ᠪᠠᠢᠯᠭᠠᠵᠤ ᠪᠠᠢᠭ᠎ᠠ ᠶ᠋ᠢᠨ ᠤᠴᠢᠷ ᠪᠣᠯ ᠡᠢᠮᠦ ᠦᠬᠦᠯ ᠦ᠋ᠨ ᠠᠶᠤᠯ ᠤᠴᠠᠷᠠᠭᠰᠠᠨ ᠴᠠᠭ ᠲᠤ᠌ ᠲᠠ ᠨᠠᠷ ᠴᠥᠮ ᠨᠠᠳᠠ ᠲᠠᠢ ᠨᠢᠭᠡᠨ ᠰᠠᠨᠠᠭ᠎ᠠ ᠲᠠᠢ ᠪᠠᠢᠯᠭᠠᠬᠤ ᠶ᠋ᠢᠨ ᠲᠤᠯᠠᠳᠠ ᠪᠢᠯᠡ᠃ ᠪᠢᠳᠡ ᠡᠨᠡ ᠡᠯᠴᠢ ᠨᠠᠷ ᠢ᠋ ᠲᠣᠨᠢᠯᠭᠠᠨ᠎ᠠ᠃ ᠬᠢᠲᠠᠳ ᠤ᠋ᠳ ᠨᠠᠳᠠ ᠤᠷᠤᠭᠤ ᠳᠠᠭᠠᠷᠢᠪᠠᠯ ᠪᠢ ᠠᠮᠢᠳᠤ ᠭᠠᠷᠬᠤ ᠦᠭᠡᠢ᠂ ᠭᠡᠬᠦ ᠳ᠋ᠡᠭᠡᠨ ᠡᠬᠢᠯᠡᠭᠡᠳ ᠪᠢ ᠲᠠ ᠨᠠᠷ ᠢ᠋ ᠪᠡᠨ ᠲᠡᠭᠦᠰᠬᠡᠨ᠎ᠡ᠃ ᠬᠡᠷᠡᠭᠲᠡᠢ ᠴᠠᠭ ᠲᠤ᠌ ᠦᠬᠦᠬᠦ ᠴᠦ᠍ ᠰᠠᠢᠬᠠᠨ ᠭᠡᠳᠡᠭ᠂ ᠰᠢᠦ ᠳᠠ 》 ᠭᠡᠵᠡᠢ᠃ ᠲᠡᠭᠡᠭᠡᠳ ᠲᠡᠳᠡ ᠵᠥᠪᠰᠢᠶᠡᠷᠡᠵᠦ ᠴᠥᠮ ᠢ᠋ᠶ᠋ᠡᠷ ᠢ᠋ᠶ᠋ᠠᠨ ᠠᠯᠲᠠᠨ ᠬᠠᠨ ᠤ᠋ ᠡᠯᠴᠢ ᠨᠠᠷ ᠤᠷᠤᠭᠤ ᠳᠠᠭᠠᠷᠢᠨ ᠣᠷᠣᠵᠤ ᠲᠡᠳᠡᠨ ᠢ᠋ ᠤᠰᠠᠳᠬᠠᠭᠠᠳ᠂ ᠥᠪᠡᠷᠰᠡᠳ ᠢ᠋ᠶ᠋ᠡᠨ ᠡᠨᠡ ᠠᠶᠤᠯ ᠠ᠋ᠴᠠ ᠠᠪᠤᠷᠠᠭᠳᠠᠵᠠᠭᠠᠵᠠᠢ᠃ ᠬᠡᠰᠡᠭ ᠬᠤᠭᠤᠴᠠᠭ᠎ᠠ ᠥᠩᠭᠡᠷᠡᠭᠡᠳ ᠪᠠᠢᠬᠤ ᠳ᠋ᠤ᠌ ᠬᠠᠪᠤᠯ ᠬᠠᠨ ᠡᠪᠡᠳᠴᠢᠯᠡᠵᠦ ᠪᠠᠢᠭᠠᠳ ᠥᠭᠡᠳᠡ ᠪᠣᠯᠵᠠᠢ᠃ ᠪᠣᠯᠭᠣᠭᠠᠨᠳᠤᠨ᠃
  ᠬᠥᠪᠡᠭᠦᠳ ᠦ᠋ᠨ ᠬᠢᠨᠢ ᠲᠤᠬᠠᠢ ᠥᠭᠦᠯᠡᠪᠡᠯ ᠡᠢᠨ ᠪᠤᠶᠤ:
  ᠬᠥᠪᠡᠭᠦᠳ ᠨᠢ ᠴᠥᠮ ᠢ᠋ᠶ᠋ᠠᠷ ᠢ᠋ᠶ᠋ᠠᠨ ᠳᠠᠢᠴᠢᠨ᠂ ᠪᠠᠭᠠᠲᠤᠷ ᠵᠣᠷᠢᠭᠲᠠᠨ ᠨᠤᠭᠤᠳ ᠪᠠᠢᠯ᠎ᠠ᠃ ᠲᠡᠢᠮᠦ ᠡᠴᠡ ᠴᠦ᠍ ᠲᠡᠳᠡ ᠶᠡᠬᠡ ᠠᠴᠢᠶ᠎ᠠ᠂ ᠣᠯᠠᠨ ᠴᠡᠷᠢᠭ ᠡᠴᠡ ᠬᠡᠵᠢᠶ᠎ᠡ ᠴᠦ᠍ ᠪᠤᠴᠠᠵᠤ ᠵᠢᠭᠤᠲᠠᠵᠤ ᠪᠠᠢᠭᠰᠠᠨ ᠦᠭᠡᠢ᠂ ᠶᠠᠮᠠᠷ ᠴᠤ᠌ ᠬᠦᠴᠦᠲᠡᠢ ᠳᠠᠢᠰᠤᠨ ᠥᠭᠡᠳᠡ ᠡᠴᠡ ᠨᠢ ᠪᠠᠢᠯᠳᠤᠬᠤ ᠳ᠋ᠤ᠌ ᠲᠡᠰᠴᠦ ᠲᠣᠭᠲᠠᠵᠤ ᠴᠢᠳᠠᠳᠠᠭ ᠪᠠᠢᠵᠠᠢ᠃ ᠲᠡᠳᠡᠨ ᠤ ᠡᠷᠡᠯᠬᠡᠭ ᠦ᠋ᠨ ᠲᠤᠬᠠᠢ ᠥᠭᠦᠯᠡᠯᠭᠡ ᠦᠯᠡᠮᠵᠢ ᠪᠣᠢ ᠃ ᠡᠳᠡᠨ ᠡᠴᠡ ᠨᠢᠭᠡ ᠶ᠋ᠢ ᠨᠢ ᠳᠣᠣᠷ᠎ᠠ ᠳᠤᠷᠠᠳᠪᠠᠯ᠂ ᠲᠡᠳᠡ ᠮᠠᠰᠢ ᠡᠷᠡᠯᠬᠡᠭ ᠪᠠᠢᠭᠰᠠᠨ ᠤᠴᠢᠷ ᠳᠠᠢᠳᠤᠵᠤ ᠪᠠᠢᠬᠤ ᠳ᠋ᠤ᠌ ᠨᠥᠬᠥᠷ ᠴᠡᠷᠢᠭ ᠡᠴᠡ ᠪᠡᠨ ᠲᠠᠰᠤᠷᠠᠨ᠂ ᠭᠠᠷᠴᠤ ᠬᠠᠵᠠᠭᠤ ᠳ᠋ᠤᠨᠢ ᠨᠢᠭᠤᠭᠳᠠᠵᠤ ᠪᠠᠢᠭᠠᠳ ᠥᠭᠡᠳᠡ ᠡᠴᠡ ᠪᠡᠨ ᠳᠣᠪᠲᠣᠯᠤᠭᠰᠠᠨ ᠳᠠᠢᠰᠤᠨ ᠢ᠋ ᠪᠤᠲᠠ ᠴᠣᠬᠢᠵᠤ᠂ ᠡᠳ᠋ ᠶᠠᠭᠤᠮ᠎ᠠ ᠶ᠋ᠢ ᠂ ᠨᠢ ᠳᠠᠯᠠᠨ ᠠᠪᠴᠤ ᠭᠡᠷ ᠲᠡᠭᠡᠨ ᠢᠷᠡᠳᠡᠭ ᠪᠠᠢᠪᠠ᠃ ᠡᠳᠡ ᠮᠠᠰᠢ ᠵᠣᠷᠢᠭ ᠲᠠᠢ ᠨᠡᠷ᠎ᠡ ᠬᠦᠨᠳᠦᠲᠡᠢ ᠬᠥᠮᠦᠰ ᠪᠢᠯᠡ᠃ ᠲᠡᠳᠡ ᠢᠩᠭᠢᠵᠦ ᠭᠡᠷ ᠲᠡᠭᠡᠨ ᠢᠷᠡᠬᠦ ᠳ᠋ᠦ᠍ ᠡᠬᠡᠨᠡᠷ ᠦ᠋ᠳ ᠨᠢ ᠳᠠᠢᠰᠤᠨ ᠶᠠᠷᠭᠠᠴᠢᠳ ᠠ᠋ᠴᠠ ᠤᠴᠠᠷᠠᠭᠤᠯᠤᠭᠰᠠᠨ ᠦᠬᠦᠯ ᠦ᠋ᠨ ᠠᠶᠤᠯ ᠠ᠋ᠴᠠ ᠪᠣᠯᠵᠤ ᠨᠢᠳᠦ ᠨᠢ ᠪᠤᠯᠴᠠᠢᠨ ᠬᠠᠪᠤᠳᠴᠤ᠂ ᠨᠢᠯᠪᠤᠰᠤ ᠨᠢ ᠬᠠᠲᠠᠭᠰᠠᠨ ᠪᠠᠢᠳᠠᠭ ᠪᠠᠢᠯ᠎ᠠ᠃ ᠭᠡᠪᠡᠳᠴᠦ ᠲᠡᠳᠡ ᠪᠠᠷᠤᠯᠠᠰ ᠠᠢᠮᠠᠭ ᠤ᠋ᠨ ᠢ᠋ᠶ᠋ᠠᠨ ᠲᠤᠭ ᠤ᠋ᠨ ᠳᠡᠷᠭᠡᠳᠡ ᠢᠷᠡᠨ᠎ᠡ᠃
  ᠲᠡᠭᠡᠭᠡᠳ ᠬᠠᠳᠠᠮ ᠪᠠᠭᠠᠲᠤᠷ᠂ ᠬᠣᠲᠠᠯᠠ ᠬᠠᠨ ᠨᠠᠷ ᠭᠣᠷᠯᠣᠰ ᠠᠢᠮᠠᠭ ᠤ᠋ᠨ ᠢ᠋ᠶ᠋ᠠᠨ ᠭᠡᠷ ᠲᠦ᠍ ᠣᠴᠢᠳᠠᠭ ᠪᠠᠢᠪᠠ᠃ ᠲᠤᠷᠤᠩᠺ  ᠺᠣᠯᠲ᠋ᠠᠨ 《 ᠲᠦᠷᠦᠨᠭᠦ ᠬᠤᠯᠳᠠᠨ 》᠂ ᠪᠣᠷᠲᠣᠭᠣ ᠪᠠᠭᠠᠲᠤᠷ ᠨᠠᠷ ᠨᠢ ᠬᠢᠶᠠᠳ ᠭᠣᠷᠯᠣᠰ ᠠᠢᠮᠠᠭ ᠢ᠋ ᠵᠢᠭᠤᠲᠠᠭᠠᠯᠭᠠᠵᠤ ᠵᠠᠩᠰᠢᠵᠠᠢ᠃ ᠡᠭᠦᠨ ᠳ᠋ᠡᠭᠡᠨ ᠲᠡᠳᠡ ᠡᠷᠡᠭᠡ ᠴᠡᠭᠡᠷ ᠢ᠋ᠶ᠋ᠡᠨ ᠪᠠᠷᠠᠭᠠᠳ᠂ ᠭᠣᠷᠯᠣᠰ ᠠᠢᠮᠠᠭ ᠤᠷᠤᠭᠤ ᠭᠡᠨᠡᠳᠲᠡ ᠳᠣᠪᠲᠣᠯᠤᠨ ᠣᠷᠣᠵᠤ ᠳᠠᠢᠳᠤᠳᠠᠭ ᠪᠣᠯᠵᠠᠢ᠃ ᠬᠠᠳᠠᠨ ᠪᠠᠭᠠᠲᠤᠷ ᠲᠠᠭᠠᠷᠠᠯᠳᠤᠭᠰᠠᠨ ᠮᠣᠷᠢ ᠪᠠᠨ ᠤᠨᠤᠵᠤ ᠳᠠᠪᠬᠢᠵᠤ ᠣᠴᠢᠭᠠᠳ᠂ ᠲᠡᠳᠡᠨ ᠤ ᠨᠢᠭᠡ ᠶ᠋ᠢ ᠡᠮᠡᠭᠡᠯ ᠳᠡᠭᠡᠷ᠎ᠡ ᠡᠴᠡ ᠨᠢ ᠲᠠᠲᠠᠵᠤ ᠤᠨᠠᠭᠠᠭᠠᠳ᠂ ᠮᠣᠷᠢ ᠶ᠋ᠢ ᠨᠢ ᠬᠥᠲᠥᠯᠦᠭᠡᠳ ᠢᠷᠡᠳᠡᠭ ᠪᠠᠢᠪᠠ᠃ ᠲᠡᠳᠡ ᠡᠢᠮᠦ ᠪᠠᠭᠠᠲᠤᠷᠯᠢᠭ᠋ ᠶᠠᠪᠤᠳᠠᠯ ᠢ᠋ ᠬᠠᠷᠠᠭᠠᠳ ᠬᠡᠯᠡᠬᠦ ᠳ᠋ᠡᠭᠡᠨ : 《 ᠡᠢᠮᠦ ᠬᠡᠷᠡᠭ ᠬᠢᠵᠦ ᠴᠢᠳᠠᠳᠠᠭ ᠴᠢᠨᠢ ᠶᠠᠮᠠᠷ ᠠᠢᠮᠠᠭ ᠤ᠋ᠨ ᠬᠢᠨ ᠶᠤᠮ ᠪᠣᠢ ? ᠲᠡᠳᠡ ᠴᠢᠨᠢ ᠪᠠᠶᠠᠳ ᠭᠣᠷᠯᠣᠰ ᠤ᠋ᠨ ᠬᠢᠨ ᠪᠤᠰᠤ ᠤᠤ? ᠲᠡᠭᠡᠭᠡᠳ ᠪᠠᠰᠠ ᠲᠡᠳᠡᠨ ᠤ᠂ ᠡᠮᠡᠭᠲᠡᠢᠴᠦᠳ ᠨᠢ ᠳᠠᠢᠰᠤᠨ ᠤ᠋ ᠥᠭᠡᠳᠡ ᠡᠴᠡ ᠨᠢ ᠲᠠᠭᠠᠷᠢᠨ᠎ᠠ ᠭᠡᠳ ᠮᠠᠯᠴᠢᠳ ᠨᠢ ᠴᠦ᠍ ᠪᠠᠰᠠ ᠠᠶᠤᠬᠤ ᠦᠭᠡᠢ ᠪᠡᠷ ᠲᠤᠯᠤᠯᠳᠤᠭᠠᠨ ᠳ᠋ᠤ᠌ ᠣᠷᠣᠳᠠᠭ 》 ᠬᠡᠮᠡᠨ᠎ᠡ᠃
  ᠬᠠᠳᠠᠨ ᠪᠠᠭᠠᠲᠤᠷ: 《 ᠴᠡᠷᠢᠭ ᠴᠤᠭᠯᠠᠷᠠᠨ ᠢᠷᠡᠲᠡᠯ᠎ᠡ ᠭᠣᠷᠯᠣᠰ ᠠᠢᠮᠠᠭ ᠤ᠋ᠨ ᠬᠥᠮᠦᠰ ᠬᠦᠯᠢᠶᠡᠵᠦ ᠪᠠᠢ 》 ᠭᠡᠵᠦ ᠲᠤᠰᠢᠶᠠᠪᠠ᠃ ᠲᠡᠳᠡ ᠳᠠᠬᠢᠭᠠᠳ ᠯᠠ ᠴᠡᠷᠢᠭ ᠥᠭᠡᠳᠡ ᠴᠣᠷᠣᠯᠵᠠᠭᠠᠳ ᠪᠠᠢᠭᠰᠠᠨ ᠨᠢᠭᠡᠨ ᠡᠮᠡᠭᠲᠡᠢ ᠡᠴᠡ ᠂ 《 ᠲᠠ ᠨᠠᠷ ᠴᠢᠨᠢ ᠶᠠᠮᠠᠷ ᠠᠢᠮᠠᠭ ᠤ᠋ᠨ ᠬᠢᠨ ᠶᠤᠮ ᠪᠣᠢ ? 》 ᠭᠡᠵᠦ ᠠᠰᠠᠭᠤᠲᠠᠯ᠎ᠠ᠂ ᠲᠡᠳᠡ ᠬᠠᠷᠢᠭᠤᠯᠤᠭᠰᠠᠨ ᠨᠢ 《 ᠪᠢᠳᠡ ᠤᠬᠠᠯᠠᠳ ( ᠣᠺᠯᠠᠳ᠋)ᠠᠢᠮᠠᠭ ᠤ᠋ᠨ ᠬᠢ ᠪᠢᠯᠡ 》 ᠭᠡᠪᠡ᠃ ᠤᠬᠠᠯᠠᠳ ᠠᠢᠮᠠᠭ ᠭᠡᠳᠡᠭ ᠴᠢᠨᠢ ᠶᠠᠭᠤ ᠰᠠᠨ ᠪᠢᠯᠡ? ᠭᠡᠵᠦ ᠲᠡᠳᠡ ᠭᠠᠢᠬᠠᠵᠠᠭᠠᠪᠠ᠃ ᠴᠡᠷᠢᠭ ᠦ᠋ᠨ ᠬᠢᠨ ᠴᠤᠭᠯᠠᠷᠠᠭᠠᠳ ᠪᠠᠢᠲᠠᠯ᠎ᠠ ᠬᠣᠲᠠᠯᠠ ᠬᠠᠨ᠂ ᠬᠠᠳᠠᠨ ᠪᠠᠭᠠᠲᠤᠷ ᠬᠣᠶᠠᠷ ᠬᠣᠷᠢᠨ ᠨᠥᠬᠥᠷ ᠴᠡᠷᠢᠭ ᠲᠡᠢ ᠪᠡᠨ ᠮᠣᠷᠢᠨ ᠶ᠋ᠢᠳᠠ ᠪᠠᠨ ᠴᠡᠷᠢᠭ ᠦ᠋ᠳ ᠤᠷᠤᠭᠤ ᠬᠠᠷᠠᠭᠤᠯᠤᠨ ᠡᠷᠭᠦᠭᠰᠡᠭᠡᠷ ᠳᠠᠪᠬᠢᠵᠤ ᠢᠷᠡᠯ᠎ᠡ᠃ ᠲᠡᠳᠡᠨ ᠢ᠋ ᠦᠵᠡᠭᠰᠡᠨ ᠴᠡᠷᠢᠭ ᠦ᠋ᠳ ᠨᠢ: 《 ᠢᠩᠭᠢᠵᠦ ᠳᠠᠪᠬᠢᠭᠠᠳ ᠢᠷᠡᠳᠡᠭ ᠡᠢᠮᠦ ᠵᠣᠷᠢᠭ ᠲᠠᠢ ᠬᠥᠮᠦᠰ ᠴᠢᠨᠢ ᠬᠡᠨ ᠪᠠᠢᠳᠠᠭ ᠪᠢᠯᠡ? ᠡᠳᠡᠭᠡᠷ ᠲᠡᠢ ᠪᠠᠢᠯᠳᠤᠨ᠎ᠠ ᠭᠡᠳᠡᠭ ᠴᠢᠨᠢ ᠲᠣᠭᠯᠠᠭᠠᠮ ᠪᠢᠰᠢ ᠳ᠋ᠡᠭ ᠠ᠋ 》 ᠭᠡᠵᠦ ᠳᠣᠲᠣᠷ᠎ᠠ ᠪᠠᠨ ᠪᠣᠳᠣᠴᠠᠭᠠᠵᠤ ᠪᠠᠢᠯ᠎ᠠ᠃ ᠵᠠᠷᠢᠮ ᠨᠢ: 《 ᠡᠨᠡ ᠴᠢᠨᠢ ᠪᠢᠳᠡᠨ ᠳᠡᠭᠡᠷ᠎ᠡ ᠭᠠᠭᠴᠠᠭᠠᠷ ᠢ᠋ᠶ᠋ᠠᠨ ᠳᠠᠪᠬᠢᠵᠤ ᠢᠷᠡᠵᠦ᠂ ᠬᠥᠮᠦᠨ ᠢ᠋ ᠮᠣᠷᠢᠨ ᠳᠡᠭᠡᠷ᠎ᠡ ᠡᠴᠡ ᠨᠢ ᠲᠠᠲᠠᠵᠤ ᠤᠨᠠᠭᠠᠭᠠᠳ᠂ ᠮᠣᠷᠢ᠎ ᠶᠢ ᠨᠢ ᠠᠪᠤᠭᠠᠳ ᠶᠠᠪᠤᠴᠢᠬᠠᠳᠠᠭ ᠤᠯᠤᠰ ᠤ᠋ᠳ ᠪᠠᠢᠨ᠎ᠠ᠃ ᠣᠢᠷᠠᠲᠤᠭᠠᠳ ᠢᠷᠡᠵᠦ ᠪᠠᠢᠭ᠎ᠠ ᠨᠢ ᠲᠡᠷᠡ ᠶᠠᠭ ᠮᠥᠨ 》 ᠭᠡᠵᠡᠭᠡᠨ᠎ᠡ᠃ ᠲᠦᠷᠦᠨᠬᠦ ᠬᠤᠯᠳᠠᠨ᠂ ᠪᠣᠷᠲᠣᠭᠣ ᠪᠠᠭᠠᠲᠤᠷ ᠨᠠᠷ ᠥᠭᠦᠯᠡᠷᠦᠨ: 《 ᠪᠢᠳᠡ ᠵᠣᠷᠢᠭᠲᠠᠨ ᠪᠠᠭᠠᠲᠤᠷ ᠤ᠋ᠳ ᠪᠣᠯᠬᠣᠷ ᠡᠨᠡ ᠮᠢᠩᠭᠠᠨ ᠬᠥᠮᠦᠨ ᠤ ᠳᠣᠲᠣᠭᠤᠷ ᠨᠢ ᠳᠠᠪᠬᠢᠬᠤ ᠬᠡᠷᠡᠭᠲᠡᠢ 》 ᠭᠡᠳ ᠵᠢᠯᠣᠭᠣ ᠲᠡᠳᠡᠨ ᠲᠤᠯᠤᠯᠳᠤᠭᠠᠨ ᠳ᠋ᠤ᠌ ᠣᠷᠣᠯ᠎ᠠ᠃ ᠬᠣᠲᠠᠯᠠ ᠬᠠᠨ ᠲᠦᠷᠦᠨᠬᠦ ᠬᠤᠯᠳᠠᠨ ᠢ᠋ ᠮᠠᠰᠢ ᠬᠦᠴᠦᠲᠡᠢ ᠵᠢᠳᠠᠯᠠᠵᠠᠢ᠃ ᠢᠳᠡ ᠭᠠᠷᠠᠬᠠᠨ ᠬᠤᠶᠠᠭ ᠢ᠋ ᠨᠢ ᠴᠥᠮᠥ ᠴᠣᠬᠢᠵᠤ ᠣᠷᠣᠭᠠᠳ᠂ ᠭᠠᠷ ᠤ᠋ᠨ ᠱᠤ᠌ ᠶ᠋ᠢᠨ  ᠮᠢᠬ᠎ᠠ ᠶᠢ ᠬᠠᠪᠤᠵᠤ ᠭᠠᠷᠤᠭᠠᠳ ᠬᠤᠶᠠᠭ ᠢ᠋ ᠨᠢ  ᠲᠠᠭᠠᠨ ᠶᠠᠪᠤᠵᠤ᠂ ᠬᠥᠯ ᠦ᠋ᠨ ᠬᠢᠨᠢ ᠣᠯᠠᠨ ᠳ᠋ᠤ᠌ ᠣᠴᠢᠵᠤ ᠵᠣᠭᠣᠭᠳᠠᠵᠠᠢ᠃ ᠶᠡᠬᠡ ᠬᠦᠨᠳᠦ ᠰᠢᠷᠬᠠᠳᠤᠭᠰᠠᠨ ᠲᠡᠷᠡ ᠪᠡᠷ ᠮᠣᠷᠢᠨ ᠠ᠋ᠴᠠ ᠪᠠᠨ ᠤᠨᠠᠬᠤ ᠦᠭᠡᠢ ᠶ᠋ᠢᠨ ᠲᠤᠯᠠᠳᠠ ᠪᠦᠬᠦ ᠪᠡᠶ᠎ᠡ ᠪᠡᠨ ᠮᠠᠰᠢ ᠶᠡᠬᠡ ᠴᠢᠩᠭᠠᠯᠠᠵᠤ ᠵᠢᠯᠣᠭᠣ ᠪᠠᠨ ᠲᠡᠩᠬᠡᠭᠡ ᠪᠡᠷ ᠢ᠋ᠶ᠋ᠡᠨ ᠲᠠᠲᠠᠭᠰᠠᠨ ᠤᠴᠢᠷ ᠬᠠᠵᠠᠭᠠᠷ ᠤ᠋ᠨ ᠠᠮᠠᠭᠠᠢ ᠨᠢ ᠮᠣᠷᠢᠨ ᠤ᠋ ᠬᠡᠯᠡ ᠶ᠋ᠢ ᠵᠦᠰᠦᠭᠰᠡᠨ ᠪᠠᠢᠨ᠎ᠠ᠃ ᠭᠡᠰᠡᠨ ᠴᠦ᠍ ᠲᠡᠷᠡ ᠪᠡᠷ ᠥᠪᠡᠷ ᠦ᠋ᠨ ᠡᠷᠬᠡ ᠦᠭᠡᠢ ᠮᠣᠷᠢᠨ ᠠ᠋ᠴᠠ ᠪᠠᠨ ᠤᠨᠠᠵᠠᠢ᠃
  ᠬᠠᠷᠢᠨ ᠲᠡᠭᠦᠨ ᠤ ᠬᠣᠲᠠᠬᠠᠨ ( ᠬᠥᠳᠡᠬᠠᠨ )   (  ᠬᠢᠲᠠᠳ᠄年轻小伙子们 kudakan )  ᠪᠠ ᠬᠣᠢᠨ᠎ᠠ ᠠ᠋ᠴᠠ ᠨᠢ ᠳᠠᠭᠠᠵᠤ ᠶᠠᠪᠤᠭᠰᠠᠨ ᠬᠠᠮᠲᠤᠷᠠᠨ ᠵᠢᠳᠬᠦᠭᠴᠢ ᠨᠠᠷ ᠨᠢ ᠵᠣᠷᠢᠭ ᠲᠠᠢ ᠬᠥᠮᠦᠰ ᠪᠠᠢᠭᠰᠠᠨ ᠤ᠋ ᠠᠴᠢ ᠪᠠᠷ ᠳᠠᠢᠰᠤᠨ ᠤ᠋ ᠴᠡᠷᠢᠭ ᠦ᠋ᠨ ᠳᠣᠲᠣᠷ᠎ᠠ ᠠ᠋ᠴᠠ ᠭᠡᠮᠲᠦᠯ ᠦᠭᠡᠢ ᠭᠠᠷᠴᠠᠢ᠃ ᠲᠦᠷᠦᠡᠭᠦ ᠬᠤᠯᠳᠠᠨ ᠥᠴᠢᠬᠦ ᠳ᠋ᠡᠭᠡᠨ : ᠪᠢ ᠬᠣᠲᠠᠯᠠ ᠬᠠᠨ ᠤ᠋ ᠲᠤᠭᠤᠯᠠᠭᠠᠨ ᠤ᠋ ᠤᠨᠵᠢᠭᠤᠷᠠᠭ᠎ᠠ ᠶ᠋ᠢ ᠭᠠᠢᠬᠠᠨ ᠬᠠᠷᠠᠵᠤ ᠪᠠᠢᠭᠰᠠᠨ ᠴᠢᠨᠢ ᠨᠢᠭᠡ ᠯᠡ ᠮᠡᠳᠡᠬᠦᠨ᠎ᠡ ᠴᠠᠭᠠᠨ ᠮᠣᠷᠢᠨ ᠤ᠋ ᠪᠠᠨ ᠬᠥᠯ ᠤᠷᠤᠭᠤ ᠣᠢᠴᠢᠭᠰᠠᠨ ᠪᠠᠢᠯ᠎ᠠ ᠭᠡᠵᠦ ᠥᠪᠡᠷ ᠢ᠋ ᠪᠡᠨ ᠥᠮᠥᠭᠡᠷᠡᠨ ᠬᠡᠯᠡᠵᠦ ᠪᠠᠢᠪᠠ᠃ ᠲᠡᠭᠦᠨ ᠤ ᠮᠣᠷᠢ᠎ ᠶᠢ ᠴᠠᠭᠠᠨᠴᠢᠨ(   ᠵᠠᠬᠠᠭ᠍ᠴᠢᠨ )   ᠭᠡᠵᠦ ᠨᠡᠷᠡᠯᠡᠳᠡᠭ ᠪᠠᠢᠪᠠ᠃
  ᠳᠠᠬᠢᠭᠠᠳ ᠨᠢᠭᠡ ᠥᠭᠦᠯᠡᠯᠭᠡ ᠬᠡᠯᠡᠶ᠎ᠡ᠃ ᠬᠠᠳᠠᠨ ᠲᠠᠢᠵᠢ ᠮᠡᠷᠭᠢᠳ ᠠᠢᠮᠠᠭ ᠤ᠋ᠨ ᠮᠡᠷᠭᠡᠨ ᠲᠥᠳᠦᠷ ᠪᠢᠯᠢᠭᠦᠨ ᠳ᠋ᠦ᠍ ᠡᠯᠴᠢ ᠵᠠᠷᠤᠵᠤ 《 ᠬᠣᠭᠣᠷᠣᠨᠳᠣ ᠪᠠᠨ ᠬᠣᠯᠪᠣᠭ᠎ᠠ ᠪᠠᠢᠭᠤᠯᠵᠤ᠂ ᠠᠭᠤᠳᠠᠮ ᠥᠨᠳᠥᠷ ᠨᠢᠷᠤᠭᠤᠳ ᠢ᠋ ᠢᠰᠬᠦᠴᠡᠨ᠂᠂ ᠤᠯᠤᠰ  ᠣᠷᠣᠨ ᠤ ᠪᠠᠨ ᠶᠡᠬᠡ ᠵᠠᠮ ᠢ᠋ ᠬᠠᠮᠲᠤ ᠲᠤᠭᠤᠯᠤᠨ ᠂ ᠨᠢᠭᠡ ᠨᠢ ᠨᠥᠬᠥᠭᠡ ᠲᠡᠢ ᠪᠡᠨ ᠨᠢᠭᠡᠳᠦᠨ᠂ ᠠᠰᠢᠳᠠ᠂ ᠮᠥᠩᠬᠡ ᠨᠢᠭᠡᠨ ᠤᠯᠤᠰ ᠪᠣᠯᠤᠶ᠎ᠠ 》 ᠭᠡᠰᠡᠨ ᠬᠡᠯᠡ ᠶᠠᠪᠤᠭᠤᠯᠵᠠᠢ᠃ ᠡᠯᠴᠢ ᠨᠠᠷ ᠡᠨᠡ ᠬᠡᠯᠡ ᠶ᠋ᠢ ᠬᠦᠷᠭᠡᠭᠰᠡᠨ ᠪᠣᠯᠪᠠᠴᠤ ᠲᠦᠳᠦᠷ ᠬᠠᠷᠢᠭᠤ ᠥᠭᠭᠦᠭᠰᠡᠨ ᠦᠭᠡᠢ᠂ ᠬᠠᠷᠢᠨ ᠬᠢᠲᠤᠭ᠎ᠠ ᠪᠠᠨ ᠪᠢᠯᠡᠭᠦᠳᠡᠭᠡᠳ ᠡᠬᠢᠯᠡᠵᠡᠢ᠃ ᠡᠯᠴᠢ ᠨᠠᠷ ᠠᠰᠠᠭᠤᠭᠰᠠᠨ ᠨᠢ: 《 ᠠᠨᠳᠠ ᠨᠣᠶᠠᠨ ᠮᠢᠨᠢ ᠠ᠋᠂ ᠲᠠ ᠪᠢᠳᠡᠨ ᠳ᠋ᠦ᠍ ᠬᠠᠷᠢᠭᠤ ᠬᠡᠯᠡᠬᠦ ᠦᠭᠡᠢ ᠪᠠᠢᠵᠤ ᠬᠢᠲᠤᠭ᠎ᠠ ᠪᠠᠨ ᠪᠢᠯᠡᠭᠦᠳᠡᠭᠡᠳ ᠪᠠᠢᠳᠠᠭ ᠴᠢᠨᠢ ᠶᠠᠭᠤ ᠭᠡᠰᠡᠨ ᠦᠭᠡ ᠪᠣᠢ ? 》 ᠭᠡᠬᠦ ᠳ᠋ᠦ᠍ ᠳᠥᠳᠥᠷ ᠥᠬᠦᠯᠡᠷᠦᠳ : 《 ᠬᠠᠳᠠᠨ ᠠᠨᠳᠠ ᠳ᠋ᠤ᠌ ᠦᠯᠡᠳᠡᠭᠰᠡᠨ ᠭᠠᠭᠴᠠ ᠨᠢᠳᠦ ᠶ᠋ᠢ ᠨᠢ ᠤᠬᠤᠬᠤ ᠭᠡᠵᠦ ᠬᠢᠲᠤᠭ᠎ᠠ ᠪᠠᠨ ᠪᠢᠯᠡᠭᠦᠳᠡᠵᠦ ᠪᠠᠢᠨ᠎ᠠ 》 ᠭᠡᠪᠡ᠃ ᠡᠯᠴᠢ ᠨᠠᠷ ᠡᠷᠭᠢᠵᠦ ᠢᠷᠡᠭᠡᠳ ᠲᠡᠷᠡ ᠬᠡᠯᠡᠭᠰᠡᠨ ᠦᠭᠡ ᠶ᠋ᠢ ᠨᠢ ᠬᠠᠳᠠᠨ ᠪᠠᠭᠠᠲᠤᠷ ᠲᠤ᠌ ᠳᠣᠭᠣᠯᠭᠠᠵᠠᠢ ᠃ ᠬᠠᠳᠠᠨ ᠥᠭᠦᠯᠡᠷᠦᠨ: 《 ᠡᠨᠡ ᠬᠠᠲᠠᠭᠤ ᠦᠭᠡ ᠨᠢ ᠬᠠᠭᠠᠷᠠᠯ ᠤ᠋ᠨ ᠡᠬᠢᠨ ᠪᠣᠯᠤᠭ ᠃ ᠡᠳᠦᠭᠡ ᠪᠣᠯᠲᠠᠯ᠎ᠠ ᠪᠢᠳᠡ ᠳᠠᠢᠳᠤᠬᠤ ᠶ᠋ᠢ ᠪᠣᠳᠣᠭ᠎ᠠ ᠦᠭᠡᠢ᠃ ᠭᠡᠲᠡᠯ᠎ᠡ ᠲᠡᠳᠡ ᠥᠪᠡᠷᠰᠡᠳ ᠢ᠋ᠶ᠋ᠡᠨ ᠡᠬᠢ ᠶ᠋ᠢ ᠲᠠᠯᠪᠢᠯ᠎ᠠ 》 ᠭᠡᠳ  ᠴᠠᠭᠠᠰᠢ ᠨᠢ: 《 ᠬᠡᠷᠪᠡ ᠪᠢ ᠴᠢᠮ᠎ᠠ ᠳ᠋ᠤ᠌ ᠬᠣᠣᠷ ᠤᠤᠭᠤᠯᠭᠠᠭᠰᠠᠨ ᠪᠣᠯᠤᠭᠠᠳ ᠭᠠᠷᠭᠠᠭᠠᠳ ᠲᠠᠯᠪᠢᠴᠢᠬᠠᠪᠠᠯ ᠪᠢ ᠶᠠᠮᠠᠷ ᠬᠥᠮᠦᠨ ᠪᠣᠯᠬᠤ ᠰᠠᠨ ᠪᠣᠯ? (  ᠬᠢᠲᠠᠳ᠄ 如果我在被毒害的形式下使你显示出去 ,我将是个什么人?) 》 ᠭᠡᠵᠦ ᠬᠡᠯᠡᠭᠡᠳ ᠨᠣᠮᠣᠬᠠᠨ ᠮᠣᠷᠢᠨ ᠤ᠋ ᠪᠠᠨ ᠳᠡᠯ ᠢ᠋ ᠵᠠᠰᠠᠵᠤ ᠠᠪᠤᠭᠰᠠᠨ ᠳᠡᠯ ᠢᠶᠠᠨ ᠬᠠᠶᠠᠯ᠎ᠠ᠃ ᠲᠡᠭᠡᠭᠡᠳ ᠲᠡᠷᠡ ᠪᠡᠷ ᠪᠠᠷᠠᠭᠤᠨ᠂ ᠵᠢᠭᠦᠷ ᠲᠦ᠍ ᠪᠠᠢᠭᠰᠠᠨ ᠠᠬ᠎ᠠ ᠪᠠᠨ ᠬᠣᠲᠠᠯᠠ ᠬᠠᠨ ᠤᠷᠤᠭᠤ ᠶᠠᠪᠤᠭᠤᠯᠤᠭᠠᠳ᠂ ᠵᠡᠭᠦᠨ ᠵᠢᠭᠦᠷ ᠲᠦ᠍ ᠪᠠᠢᠭᠰᠠᠨ ᠥᠪᠡᠷ ᠦ᠋ᠨ ᠬᠣᠲᠠ ᠠᠷᠢᠭ᠋ ᠴᠢᠨᠣ᠎ᠠ ᠳ᠋ᠤ᠌ ᠪᠠᠰᠠ ᠮᠡᠳᠡᠭᠳᠡ ᠭᠡᠵᠦ ᠬᠡᠯᠡ ᠶᠠᠪᠤᠭᠤᠯᠵᠠᠢ᠃
  ᠲᠡᠭᠡᠭᠡᠳ ᠳᠥᠳᠥᠷ ᠪᠢᠯᠢᠭᠦᠨ ᠢ᠋ ᠪᠠᠷᠢᠪᠴᠢᠯᠠᠨ ᠠᠪᠴᠠᠢ᠃ ᠲᠡᠭᠦᠨ ᠤ ᠬᠥᠪᠡᠭᠦᠨ ᠳᠣᠭᠲᠣᠭ᠎ᠠ ᠡᠨᠡ ᠲᠡᠢᠨ ᠦ᠌ ᠦᠶ᠎ᠡ ᠳ᠋ᠦ᠍ ᠶᠢᠰᠦ ᠰᠢᠷᠬᠠᠲᠤᠭᠠᠳ᠂ ᠡᠴᠢᠭᠡ ᠶ᠋ᠢᠨ ᠢ᠋ᠶ᠋ᠡᠨ ᠪᠠᠷᠠᠭᠤᠨ ᠵᠢᠭᠦᠷ ᠦ᠋ᠨ ᠵᠢᠭᠤᠲᠠᠵᠤ ᠶᠠᠪᠤᠭᠰᠠᠨ ᠴᠡᠷᠢᠭ ᠲᠡᠢ ᠨᠡᠢᠯᠡᠨ ᠣᠳᠴᠠᠢ᠃ ᠬᠠᠳᠠᠨ ᠲᠠᠢᠵᠢ ᠲᠥᠳᠥᠷ ᠦ᠋ᠨ ᠠᠮᠠ ᠶ᠋ᠢ ᠠᠰᠠᠭᠤᠨ ᠬᠡᠯᠡᠭᠰᠡᠨ ᠨᠢ: 《 ᠠᠨᠳᠠ ᠠ᠋᠂ ᠤᠷᠵᠢᠳᠤᠷ ᠴᠢ ᠮᠢᠨᠦ ᠨᠢᠳᠦ ᠶ᠋ᠢ ᠠᠮᠠ ᠪᠠᠷ ᠣᠬᠣᠭᠰᠠᠨ ᠂ ᠬᠠᠷᠢᠨ ᠪᠢ ᠥᠨᠥᠳᠥᠷ ᠴᠢᠨᠦᠬᠢ ᠶ᠋ᠢ ᠭᠠᠷ ᠢ᠋ᠶ᠋ᠠᠷ ᠢ᠋ᠶ᠋ᠠᠨ ᠣᠬᠤᠣᠶ᠎ᠠ 》 ᠭᠡᠳ ᠨᠢᠳᠦ ᠶ᠋ᠢ ᠨᠢ ᠤᠬᠤᠵᠤ ᠠᠯᠠᠵᠠᠢ᠃ ᠲᠡᠭᠡᠭᠡᠳ ᠲᠡᠭᠦᠨ ᠤ ᠵᠡᠭᠦᠨ ᠵᠢᠭᠦᠷ ᠦ᠋ᠨ ᠴᠡᠷᠢᠭ ᠢ᠋ ᠡᠵᠡᠯᠡᠨ ᠠᠪᠤᠭᠠᠳ ᠲᠡᠷᠡ ᠪᠡᠷ ᠶᠠᠪᠠᠭᠠᠷᠠᠵᠠᠢ  (  ᠬᠢᠲᠠᠳ᠄
他才下了马 )᠃ ᠳᠣᠭᠲᠣᠭ᠎ᠠ ᠰᠢᠷᠬ᠎ᠠ ᠪᠠᠨ ᠡᠳᠡᠭᠡᠭᠡᠵᠦ ᠪᠠᠢᠭᠰᠠᠨ ᠭᠤᠷᠪᠠᠨ᠂ ᠵᠢᠯ ᠦ᠋ᠨ ᠢ᠋ᠶ᠋ᠡᠨ ᠳᠠᠷᠠᠭ᠎ᠠ ᠴᠡᠷᠢᠭ ᠢ᠋ᠶ᠋ᠡᠨ ᠪᠡᠯᠡᠳᠬᠡᠭᠡᠳ᠂ ᠬᠠᠳᠠᠨ ᠳ᠋ᠤ᠌ ᠡᠯᠴᠢ ᠵᠠᠷᠤᠵᠤ ᠬᠡᠯᠡ ᠶᠠᠪᠤᠭᠤᠯᠪᠠ᠃ ᠡᠭᠦᠨ ᠳ᠋ᠦ᠍ ᠮᠣᠩᠭᠣᠯᠴᠤᠳ ᠨᠢ ᠡᠳᠦᠭᠡ ᠦᠶ᠎ᠡ ᠶ᠋ᠢ ᠪᠣᠯᠲᠠᠯ᠎ᠠ ᠪᠠᠢᠯᠳᠤᠬᠤ ᠴᠠᠭ᠂ ᠲᠤᠯᠤᠯᠳᠤᠬᠤ ᠭᠠᠵᠠᠷ ᠢ᠋ᠶ᠋ᠠᠨ ᠤᠷᠢᠳ ᠢ᠋ᠶ᠋ᠠᠷ ᠲᠣᠭᠲᠠᠭᠠᠵᠤ ᠪᠠᠢᠵᠤ ᠳᠠᠢᠳᠤᠳᠠᠭ ᠪᠠᠢᠭᠰᠠᠨ᠃ ᠡᠳᠦᠭᠡ ᠪᠢᠳᠡ ᠡᠨᠡ ᠭᠣᠷᠢᠮ ᠢ᠋ ᠪᠠᠷᠢᠮᠲᠠᠯᠠᠨ ᠪᠠᠢᠯᠳᠤᠨ᠎ᠠ᠃ ᠳᠣᠭᠲᠣᠭ᠎ᠠ ᠶ᠋ᠢᠨ ᠡᠯᠴᠢ ᠨᠠᠷ ᠢ᠋ ᠢᠷᠡᠬᠦ ᠳ᠋ᠦ᠍ ᠬᠠᠳᠠᠨ ᠲᠠᠢᠵᠢ ᠪᠦᠬᠦ ᠨᠣᠶᠠᠳ ᠢ᠋ᠶ᠋ᠠᠨ ᠢᠷᠡᠭᠦᠯᠵᠦ᠂ ᠬᠤᠷᠠᠯᠲᠠᠢ ᠬᠢᠬᠦ ᠳ᠋ᠡᠭᠡᠨ ᠶᠡᠬᠡ ᠠᠢᠷᠠᠭ ᠰᠥᠩᠨᠡᠵᠡᠢ᠃ ᠲᠡᠷᠡ ᠬᠤᠷᠠᠯᠲᠠᠢ ᠳᠡᠭᠡᠷ᠎ᠡ ᠬᠠᠳᠠᠨ ᠠᠢᠯᠠᠳᠬᠤ ᠳ᠋ᠠᠭᠠᠨ: 《 ᠨᠣᠶᠠᠳ ᠠ᠋᠂ ᠰᠠᠢᠲᠤᠷ ᠪᠣᠳᠣᠵᠤ ᠵᠥᠪᠯᠡᠯᠳᠦᠭᠡᠳ ᠡᠯᠴᠢ ᠨᠠᠷ ᠲᠤ᠌ ᠬᠠᠷᠢᠭᠤ ᠥᠭᠭᠦᠭᠲᠦᠨ 》ᠭᠡᠪᠡ᠃ ᠨᠣᠶᠠᠳ ᠠ᠋ᠴᠠ ᠨᠢᠭᠡ ᠨᠢ ᠴᠦ᠍ ᠬᠠᠷᠢᠭᠤ ᠥᠭᠭᠦᠭᠰᠡᠨ ᠦᠭᠡᠢ᠃ ᠡᠢᠮᠦ ᠪᠣᠯᠬᠣᠷ ᠨᠢ ᠬᠠᠳᠠᠨ ᠥᠭᠦᠯᠡᠷᠦᠨ: 《 ᠪᠢ ᠪᠦᠬᠦ ᠤᠨᠠᠭ᠎ᠠ ᠪᠠᠨ ᠪᠠᠷᠢᠵᠤ᠂ ᠭᠡᠭᠦᠦ ᠪᠡᠨ ᠪᠦᠷᠢᠨ ᠰᠠᠭᠠᠭᠠᠳ ᠠᠢᠷᠠᠭ ᠢ᠋ ᠨᠢ ᠲᠠ ᠨᠠᠷ ᠲᠤ᠌ ᠲᠠᠯᠪᠢᠭᠰᠠᠨ᠃ ᠡᠯᠴᠢ ᠨᠠᠷ ᠲᠤ᠌ ᠬᠠᠷᠢᠭᠤ ᠬᠡᠯᠡᠭᠲᠦᠨ! 》ᠭᠡᠪᠡ᠃ ᠭᠡᠲᠡᠯ᠎ᠡ ᠲᠡᠷᠡ ᠨᠢ ᠬᠡᠯᠡᠭᠰᠡᠨ ᠨᠢ  (  ᠬᠢᠲᠠᠳ᠄ 他们仍然不作声。他又用另一些话来表达说 ): 《 ᠥᠭᠡᠷ᠎ᠡ ᠤᠯᠤᠰ ᠠ᠋ᠴᠠ ᠡᠯᠴᠢᠨ ᠨᠦ᠍ᠭᠦᠳ ᠢᠷᠡᠵᠡᠢ᠃ ᠲᠡᠳᠡᠨ ᠳ᠋ᠦ᠍ ᠶᠠᠮᠠᠷ ᠨᠢᠭᠡᠨ ᠲᠣᠳᠣᠷᠬᠠᠢ ᠬᠠᠷᠢᠭᠤ ᠥᠭᠭᠦᠭᠲᠦᠨ᠃ ᠡᠨᠡ ᠬᠤᠷᠠᠯᠲᠠᠢ ᠶ᠋ᠢ ᠪᠢ ᠡᠢᠮᠦ ᠵᠥᠪᠯᠡᠯᠭᠡᠨ ᠥᠭᠦᠯᠡᠬᠦ ᠶ᠋ᠢᠨ ᠲᠥᠯᠥᠭᠡ ᠯᠡ ᠬᠤᠷᠠᠯᠳᠤᠭᠤᠯᠤᠭᠰᠠᠨ ᠶᠤᠮ 》 ᠭᠡᠪᠡ᠃ ᠲᠡᠳᠡ ᠤᠷᠢᠳᠤ ᠶ᠋ᠢᠨ ᠠᠳᠠᠯᠢ ᠶᠠᠭᠤ ᠴᠤ᠌ ᠭᠡᠵᠦ ᠬᠠᠷᠢᠭᠤᠯᠤᠭᠰᠠᠨ ᠦᠭᠡᠢ᠃ ᠬᠠᠳᠠᠨ ᠲᠠᠢᠵᠢ ᠡᠨᠡ ᠪᠠᠢᠳᠠᠯ ᠢ᠋ ᠬᠠᠷᠠᠭᠠᠳ᠂ ᠡᠯᠴᠢ ᠨᠠᠷ ᠲᠤ᠌ ᠬᠡᠯᠡᠭᠰᠡᠨ ᠨᠢ: 《 ᠪᠢ ᠡᠨᠡ᠂ ᠬᠤᠷᠠᠯ ᠢ᠋ ᠬᠤᠷᠠᠭᠤᠯᠤᠭᠰᠠᠨ᠃  ᠡᠨᠳᠡ ᠲᠡᠷᠢᠭᠦᠨ ᠪᠦᠬᠦ ᠨᠣᠶᠠᠳ ᠣᠷᠣᠭᠰᠠᠨ᠃ ᠨᠢᠭᠡᠨᠲᠡ ᠡᠳᠡᠭᠡᠷ ᠨᠢ ᠬᠠᠷᠢᠭᠤᠯᠬᠤ ᠦᠭᠡᠢ ᠪᠠᠢᠭ᠎ᠠ ᠪᠣᠯᠬᠣᠷ ᠲᠠ ᠪᠦᠬᠦᠨ  ᠪᠤᠴᠠᠭᠲᠤᠨ 》 ᠭᠡᠵᠡᠢ᠃
  ᠢᠩᠭᠢᠬᠦ ᠳ᠋ᠤᠨᠢ ᠲᠡᠭᠦᠨ ᠤ ᠠᠬ᠎ᠠ ᠠᠳᠠᠯ ᠭᠠᠨ ᠥᠭᠦᠯᠡᠷᠦᠨ: 《 ᠬᠠᠳᠠᠨ ᠲᠠᠢᠵᠢ ᠠ᠋! ᠴᠢ ᠥᠪᠡᠷ ᠢ᠋ᠶ᠋ᠡᠨ ᠶᠠᠭᠠᠬᠢᠭᠠᠳ ᠡᠯᠴᠢᠨ ᠨᠦ᠍ᠭᠦᠳ ᠲᠦ᠍ ᠬᠠᠷᠢᠭᠤ ᠬᠡᠯᠡᠬᠦ ᠦᠭᠡᠢ᠂ ᠪᠤᠰᠤᠳ ᠲᠤ᠌ ᠳᠠᠭᠠᠳᠬᠠᠭᠠᠳ ᠪᠠᠢᠭ᠎ᠠ ᠶᠤᠮ ᠪᠣᠢ? 》 ᠭᠡᠪᠡ᠃ ᠡᠭᠦᠨ ᠤ ᠳᠠᠷᠠᠭ᠎ᠠ ᠤᠷᠭᠤᠲᠠᠢ ᠠᠢᠮᠠᠭ ᠤ᠋ᠨ ᠪᠠᠷᠳᠠᠢ ᠮᠡᠷᠭᠡᠨ ᠬᠡᠯᠡᠭᠰᠡᠨ ᠨᠢ: 《ᠥ ᠠᠶᠤᠮᠠᠬᠠᠢ ᠪᠢᠯᠳᠠᠴᠢ ᠠᠮᠢᠲᠠᠨ ᠬᠡᠳᠦᠢ ᠪᠣᠯᠲᠠᠯ᠎ᠠ ᠴᠢ ᠢᠩᠭᠢᠵᠦ ᠬᠣᠶᠠᠷ ᠨᠢᠭᠤᠷ ᠭᠠᠷᠭᠠᠵᠤ ᠪᠠᠢᠬᠤ ᠶᠤᠮ ᠪᠣᠢ? ᠴᠢ ᠴᠢᠨᠢ ᠠᠷᠪᠠᠨ ᠭᠤᠷᠪᠠᠨ ᠨᠠᠰᠤᠲᠠᠢ ᠪᠠᠢᠬᠤ ᠳ᠋ᠠᠭᠠᠨ ᠵᠣᠩᠬᠢᠯᠠᠭᠴᠢ ᠪᠠᠯᠢ ᠪᠤᠬ᠎ᠠ ᠨᠠᠷ ᠢ᠋ ᠳ᠋ᠡᠭᠡᠨ ᠲᠠᠲ᠋ᠠᠷ ᠦ᠋ᠳ ᠲᠡᠢ ᠶᠢᠰᠦᠨ ᠤᠳᠠᠭ᠎ᠠ ᠲᠤᠯᠤᠯᠳᠤᠭ᠎ᠠ ᠪᠢᠵᠡ  ᠳ᠋ᠠ᠃ ᠣᠳᠣ ᠴᠤ᠌ ᠭᠡᠰᠡᠨ ᠲᠡᠢᠮᠦᠷᠬᠦᠦ ᠪᠠᠢᠳᠠᠯ ᠲᠠᠢ ᠪᠠᠢᠨ᠎ᠠ᠃ ᠭᠡᠲᠡᠯ᠎ᠡ ᠴᠢ ᠬᠡᠷᠡᠭ ᠰᠢᠢᠳᠬᠦ ᠶ᠋ᠢ ᠠᠬ᠎ᠠ ᠨᠠᠷ ᠲᠠᠭᠠᠨ ᠂ ᠶᠡᠬᠡ ᠬᠥᠮᠦᠰ ᠲᠡᠭᠡᠨ ᠳᠠᠭᠠᠳᠬᠠᠭᠠᠳ ᠪᠠᠢᠳᠠᠭ᠂ ᠲᠡᠳᠡᠨ ᠡᠴᠡ ᠳᠡᠭᠡᠭᠦᠷ ᠰᠠᠢᠨ ᠬᠥᠮᠦᠨ ᠪᠣᠯᠬᠤ ᠭᠡᠳ ᠪᠠᠢᠳᠠᠭ᠃ ᠲᠣᠭᠣᠷᠤᠤ ᠨᠢ ᠬᠡᠳᠦᠢᠪᠡᠷ ᠲᠣᠮᠣ ᠪᠡᠶ᠎ᠡ ᠲᠡᠢ ᠴᠦ᠍ ᠡᠪᠡᠰᠦ᠂ ᠰᠢᠪᠡᠷ ᠢ᠋ᠶ᠋ᠠᠷ ᠬᠣᠭᠣᠯᠠᠯᠠᠳᠠᠭ᠂ ᠬᠠᠨ ᠭᠠᠷᠤᠳᠢ ᠨᠢ ᠵᠢᠵᠢᠭᠬᠡᠨ ᠪᠡᠶ᠎ᠡ ᠲᠡᠢ ᠴᠦ᠍ ᠮᠢᠬ᠎ᠠ ᠲᠣᠰᠣ ᠪᠠᠷ ᠬᠣᠭᠣᠯᠠᠯᠠᠳᠠᠭ ᠢ᠋ ᠴᠦ᠍ ᠦᠵᠡᠬᠦ ᠦᠭᠡᠢ ᠪᠠᠢᠨ᠎ᠠ ᠭᠡᠵᠢ ᠦᠦ᠃ ᠳᠠᠢᠰᠤᠨ ᠤ᠋ ᠪᠠᠢᠳᠠᠯ ᠲᠡᠭᠦᠨ ᠤ ᠢᠯᠠᠭᠳᠠᠭᠰᠠᠨ ᠪᠤᠰᠤᠳ ᠢ᠋ ᠵᠣᠳᠣᠭᠰᠠᠨ ᠲᠤᠬᠠᠢ ᠰᠠᠢᠬᠠᠨ ᠶᠠᠷᠢᠬᠤ ᠨᠢ ᠶᠠᠮᠠᠷ ᠤᠳᠬ᠎ᠠ ᠲᠠᠢ ᠶᠠᠭᠤᠨ ᠳ᠋ᠤ᠌ ᠬᠡᠷᠡᠭᠲᠡᠢ ᠪᠠᠢᠬᠤ ᠪᠢᠯᠡ? 》 ᠭᠡᠪᠡ᠃ ᠬᠠᠳᠠᠨ ᠡᠨᠡ ᠦᠭᠡ ᠶ᠋ᠢ ᠳᠤᠭᠤᠯᠤᠭᠠᠳ ᠡᠯᠴᠢ ᠨᠠᠷ ᠲᠤ᠌ ᠬᠡᠯᠡᠭᠰᠡᠨ ᠨᠢ: 《 ᠳᠣᠭᠲᠣᠭ᠎ᠠ ᠳ᠋ᠤ᠌ ᠢᠩᠭᠢᠵᠦ ᠬᠡᠯᠡᠭᠡᠷᠡᠢ᠃ ᠬᠣᠶᠠᠷ ᠬᠤᠴᠠ ᠮᠥᠷᠭᠥᠯᠳᠦᠬᠦ ᠪᠡᠷ ᠢ᠋ᠶ᠋ᠡᠨ ᠨᠢᠭᠡ ᠨᠢ ᠰᠢᠷᠬᠠᠲᠤᠵᠤ ᠢᠯᠠᠭᠳᠠᠬᠤ ᠠ᠋ᠴᠠ ᠨᠠᠭᠠᠰᠢ ᠰᠠᠯᠬᠤ ᠦᠭᠡᠢ᠂ ᠡᠭᠦᠨ ᠡᠴᠡ ᠬᠣᠢᠰᠢ ᠬᠡᠷᠪᠡ ᠲᠡᠳᠡ ᠳᠠᠬᠢᠭᠠᠳ ᠳᠠᠭᠠᠷᠢᠪᠠᠯ ᠳᠠᠬᠢᠭᠠᠳ ᠯᠠ ᠡᠪᠡᠷ ᠢ᠋ᠶ᠋ᠡᠷ ᠢ᠋ᠶ᠋ᠡᠨ ᠵᠠᠭᠤᠷᠠᠯᠳᠤᠭᠠᠳ ᠠᠯᠢ ᠨᠢᠭᠡ ᠨᠢ ᠰᠢᠷᠬᠠᠲᠤᠬᠤ ᠠ᠋ᠴᠠ ᠨᠠᠭᠠᠰᠢ ᠰᠠᠯᠬᠤ ᠦᠭᠡᠢ ᠪᠠᠢᠳᠠᠭ ᠰᠢᠭ᠋ ᠴᠢᠨᠦ ᠪᠠᠢᠳᠠᠯ ᠶᠠᠭ ᠲᠡᠢᠮᠦ ᠪᠣᠯᠤᠭᠠᠳ ᠪᠠᠢᠨ᠎ᠠ᠃ ᠴᠢ ᠡᠴᠢᠭᠡ ᠶ᠋ᠢᠨ ᠢ᠋ᠶ᠋ᠡᠨ ᠥᠰᠢᠶ᠎ᠡ ᠶᠢ ᠠᠪᠬᠤ ᠭᠡᠳ ᠪᠠᠢᠨ᠎ᠠ᠃ ᠵᠠ ᠶᠠᠭᠠᠬᠢᠬᠤ ᠪᠣᠢ᠂ ᠴᠢ ᠶᠠᠭᠤ ᠬᠢᠵᠦ ᠴᠢᠳᠠᠬᠤ ᠶᠤᠮ ᠪᠣᠢ? ᠮᠢᠨᠦ ᠵᠡᠭᠦᠨ ᠵᠢᠭᠦᠷ ᠲᠦ᠍ ᠮᠢᠨᠦ ᠠᠬ᠎ᠠ ᠪᠠᠭᠠᠲᠤᠷ ᠪᠣᠢ᠃ ᠲᠡᠷᠡ ᠭᠠᠢᠬᠠᠯ ᠤ᠋ᠨ ᠲᠡᠨᠳᠡ ᠣᠷᠣᠰᠢᠳᠠᠭ ᠭᠣᠷᠣᠳᠠᠰ ᠭᠡᠳᠡᠭ ᠭᠠᠵᠠᠷ ᠠ᠋ᠴᠠ ᠢᠷᠡᠭᠰᠡᠨ ᠬᠣᠲᠠᠯᠠ ᠬᠠᠨ ᠶᠤᠮ᠃ ᠲᠡᠭᠦᠨ ᠤ ᠳᠤᠤᠭᠠᠷᠬᠤ ᠳᠠᠭᠤᠨ ᠤ᠋ ᠳᠡᠷᠭᠡᠳᠡ ᠥᠨᠳᠥᠷ ᠠᠭᠤᠯᠠᠰ ᠤ᠋ᠨ ᠴᠤᠤᠷᠢᠶ᠎ᠠ ᠴᠤ᠌ ᠶᠠᠭᠤ ᠴᠤ᠌ ᠪᠢᠰᠢ᠂ ᠭᠠᠷ ᠤ᠋ᠨ ᠲᠡᠩᠬᠡᠭᠡ ᠨᠢ ᠭᠤᠷᠪᠠᠨ ᠨᠠᠰᠤᠲᠠᠢ ᠪᠠᠭᠠᠪᠠᠭᠠᠢ ᠶ᠋ᠢᠨ ᠰᠠᠪᠠᠷ ᠠ᠋ᠴᠠ ᠬᠦᠴᠦᠲᠡᠢ᠂ ᠲᠡᠭᠦᠨ ᠤ ᠳᠠᠭᠠᠷᠢᠨ ᠣᠷᠣᠭᠰᠠᠨ ᠡᠷᠴᠢᠨ ᠳ᠋ᠦ᠍ ᠭᠤᠷᠪᠠᠨ ᠮᠥᠷᠡᠨ ᠤ ᠤᠰᠤ ᠴᠠᠯᠭᠢᠵᠤ ᠡᠬᠢᠯᠡᠨ᠎ᠡ᠃ ᠬᠣᠲᠠᠯᠠ ᠶ᠋ᠢᠨ ᠴᠣᠬᠢᠭᠰᠠᠨ ᠠ᠋ᠴᠠ ᠣᠯᠤᠭᠰᠠᠨ ᠰᠢᠷᠬ᠎ᠠ ᠨᠢ ᠭᠤᠷᠪᠠᠨ ᠡᠬᠡ ᠶ᠋ᠢᠨ ᠬᠥᠪᠡᠭᠦᠳ ᠢ᠋ ᠣᠬᠢᠯᠠᠭᠤᠯᠤᠨ᠎ᠠ᠃ ᠵᠡᠭᠦᠨ ᠵᠢᠭᠦᠷ ᠲᠦ᠍ ᠮᠢᠨᠢ᠂ ᠮᠢᠨᠦ ᠬᠣᠲᠠ ᠠᠷᠢᠭ᠋ 
ᠴᠢᠨᠣ᠎ᠠ ᠪᠣᠢ ᠃ ᠲᠡᠷᠡ ᠪᠡᠷ ᠶᠡᠬᠡ ᠣᠢ ᠳ᠋ᠤ᠌ ᠠᠩ ᠬᠢᠵᠦ ᠶᠠᠪᠤᠬᠤ ᠳ᠋ᠠᠭᠠᠨ ᠰᠠᠭᠠᠷᠠᠯ ᠴᠢᠨᠦ᠎ᠠᠶ᠋ᠢ ᠲᠠᠪᠠᠬᠠᠢᠳᠠᠵᠤ ᠠᠪᠤᠭᠠᠳ ᠯᠠ ᠭᠠᠵᠠᠷ ᠰᠠᠪᠠᠴᠢᠬᠠᠳᠠᠭ ᠶᠤᠮ᠃ ᠢᠷᠪᠢᠰ ᠦ᠋ᠨ ᠲᠣᠯᠣᠭᠠᠢ ᠬᠥᠯ ᠢ᠋ ᠲᠠᠰᠤ ᠲᠠᠲᠠᠭᠠᠳ ᠯᠠ ᠬᠠᠶᠠᠳᠠᠭ ᠪᠠᠷᠰ ᠤ᠋ᠨ ᠲᠣᠯᠣᠭᠠᠢ ᠶᠢ ᠬᠠᠬ᠎ᠠ ᠲᠠᠲᠠᠵᠤ ᠬᠦᠵᠦᠭᠦᠦ ᠶᠢ ᠨᠢ ᠮᠤᠰᠬᠢᠳᠠᠭ ᠶᠤᠮ᠃ ᠲᠡᠷᠡ ᠮᠥᠨᠥᠬᠢ ᠭᠠᠢᠬᠠᠯ ᠤ᠋ᠨ ᠣᠷᠣᠰᠢᠳᠠᠭ᠂ ᠠᠲᠠᠷ ᠵᠤᠪᠤᠷ  ᠣᠷᠣᠨ ᠤ ᠣᠪᠣᠭ ᠠ᠋ᠴᠠ ᠭᠠᠷᠤᠯ ᠲᠠᠢ ᠶᠤᠮ᠃ ᠮᠢᠨᠦ ᠴᠡᠷᠢᠭ ᠦ᠋ᠳ ᠦ᠋ᠨ ᠭᠣᠣᠯ ᠳ᠋ᠤᠨᠢ ᠬᠠᠳᠠᠨ ᠲᠠᠢᠰᠢ ᠭᠡᠳᠡᠭ ᠬᠥᠮᠥᠨ ᠪᠣᠢ᠃ ᠲᠡᠷᠡ ᠪᠡᠷ ᠬᠡᠷᠪᠡ ᠬᠡᠴᠡ ᠭᠠᠵᠠᠷ ᠪᠣᠯᠤᠨ ᠠᠭᠤᠯᠠᠨ ᠳ᠋ᠤ᠌ ᠠᠪᠠᠷᠢᠬᠤ ᠳ᠋ᠤ᠌ ᠬᠦᠷᠪᠡᠯ ᠲᠡᠭᠦᠨ ᠤ ᠭᠠᠷ ᠨᠢ ᠠᠯᠳᠠᠬᠤ ᠭᠡᠵᠦ ᠪᠠᠢᠳᠠᠭ ᠦᠭᠡᠢ᠂ ᠬᠥᠯ ᠨᠢ ᠤᠬᠤᠷᠢᠬᠤ ᠶ᠋ᠢ ᠮᠡᠳᠡᠳᠡᠭ ᠦᠭᠡᠢ  ᠶᠤᠮ᠃ ᠪᠢᠳᠡ ᠭᠤᠷᠪᠠᠭᠤᠯᠠ ᠪᠠᠨ ᠴᠤᠭᠯᠠᠷᠠᠭᠰᠠᠨ ᠴᠠᠭ ᠲᠤ᠌ ᠳᠣᠭᠲᠣᠭ᠎ᠠ ᠶ᠋ᠢ ᠨᠤᠲᠤᠭ ᠣᠷᠣᠨ ᠠ᠋ᠴᠠ ᠨᠢ ᠭᠠᠷᠭᠠᠭᠠᠳ᠂ ᠭᠡᠷ ᠣᠷᠣᠨ ᠤ᠋ ᠬᠢᠨᠢ ᠵᠠᠷᠤᠴᠠ ᠠᠯᠪᠠᠲᠤ ᠠ᠋ᠴᠠ ᠨᠢ ᠰᠠᠯᠭᠠᠭᠠᠳ ᠬᠠᠶᠠᠴᠢᠬᠠᠨ᠎ᠠ᠃ ᠮᠢᠨᠦ ᠦᠭᠡ ᠰᠤᠨᠵᠢᠷᠠᠴᠢᠬᠠᠯ᠎ᠠ᠃ ᠭᠡᠰᠡᠨ ᠴᠦ᠍ ᠳᠠᠷᠠᠭᠠᠬᠢ ᠵᠦᠢᠯ ᠢ᠋ ᠨᠡᠮᠡᠶ᠎ᠡ᠃ ᠬᠥᠪᠡᠭᠦᠳ ᠲᠠ ᠨᠠᠷ ᠢ᠋ ᠡᠯᠴᠢ ᠪᠣᠯᠭᠠᠵᠤ ᠨᠠᠭᠠᠰᠢ ᠨᠢ ᠶᠠᠪᠤᠭᠤᠯᠤᠭᠰᠠᠨ ᠤ᠋ ᠤᠴᠢᠷ ᠪᠣᠯ ᠲᠠ ᠨᠠᠷ ᠴᠢᠨᠢ ᠤᠯᠤᠰ ᠤ᠋ᠨ ᠢ᠋ᠶ᠋ᠠᠨ ᠬᠠᠮᠤᠭ ᠤ᠋ᠨ ᠠᠯᠳᠠᠷᠲᠠᠢ ᠠᠪᠬᠠᠯᠵᠢ ᠲᠠᠢ ᠬᠥᠮᠦᠰ ᠨᠢ  ᠶᠤᠮ᠃ ᠲᠠ ᠨᠠᠷ ᠡᠨᠡ ᠦᠭᠡ ᠶ᠋ᠢ ᠮᠠᠷᠲᠠᠬᠤ᠂ ᠦᠭᠡᠢ ᠪᠠᠢᠵᠤ ᠶᠠᠪᠤᠭᠤᠯᠤᠭᠰᠠᠨ ᠬᠥᠮᠦᠰ ᠲᠡᠭᠡᠨ ᠬᠡᠯᠡᠵᠦ ᠥᠭᠬᠦ ᠬᠡᠷᠡᠭᠲᠡᠢ᠃ ᠣᠳᠣ ᠪᠢᠳᠡ ᠴᠣᠬᠣᠮ ᠯᠠ ᠬᠡᠯᠡᠭᠰᠡᠨ ᠢ᠋ᠶ᠋ᠡᠷ ᠢ᠋ᠶ᠋ᠡᠨ ᠬᠢᠵᠦ ᠪᠠᠢᠯᠳᠤᠬᠤ ᠪᠣᠯᠤᠨ᠎ᠠ 》 ᠭᠡᠵᠡᠢ᠃
  ᠢᠩᠭᠢᠭᠡᠳ ᠡᠯᠴᠢ ᠨᠠᠷ ᠢ᠋ ᠶᠠᠪᠤᠭᠤᠯᠤᠭᠠᠳ ᠬᠠᠳᠠᠨ ᠲᠠᠢᠵᠢ ᠬᠡᠯᠡᠭᠰᠡᠨ ᠨᠢ: 《 ᠨᠣᠶᠠᠨ ᠲᠠ ᠨᠠᠷ ᠤ᠋ᠨ ᠢ᠋ᠶ᠋ᠠᠨ ᠣᠯᠠᠨ ᠲᠣᠭ᠎ᠠ ᠲᠠᠢ ᠳ᠋ᠤ᠌ ᠴᠢᠨᠢ ᠪᠠᠲᠤ ᠲᠦᠰᠢᠭᠯᠡᠨ ᠴᠢᠬᠤᠯᠠ ᠦᠭᠡ ᠬᠡᠯᠡᠭᠰᠡᠨ  ᠶᠤᠮ ᠃ ᠮᠢᠨᠦ ᠲᠡᠳᠡᠨ ᠳ᠋ᠦ᠍ ᠶᠠᠪᠤᠭᠤᠯᠤᠭᠰᠠᠨ ᠬᠠᠷᠢᠭᠤ ᠨᠢ ᠵᠥᠪ ᠪᠣᠯᠬᠤ ᠰᠢᠭ᠋᠂ ᠡᠰᠡᠬᠦᠯ᠎ᠡ ᠲᠡᠷᠡ ᠨᠢ ᠠᠯᠳᠠᠭ᠎ᠠ ᠪᠣᠯᠪᠠ ᠤᠤ? 》 ᠭᠡᠬᠦ ᠳ᠋ᠦ᠍ ᠤᠷᠭᠤᠲᠠᠢ ᠪᠠᠷᠳᠠᠢ ᠰᠡᠴᠡᠨ ᠳᠠᠬᠢᠨ ᠥᠭᠦᠯᠡᠭᠰᠡᠨ ᠨᠢ: 《 ᠬᠥᠮᠦᠨ  ᠵᠠᠮ ᠦᠭᠡᠢ ᠪᠠᠷᠲᠠᠭ᠎ᠠ ᠲᠠᠢ ᠳᠠᠪᠠᠬ᠎ᠠ ᠪᠠᠷ ᠳᠠᠪᠠᠬᠤ ᠵᠠᠮ ᠢ᠋ ᠣᠯᠵᠤ ᠴᠢᠳᠠᠳᠠᠭ ᠲᠠᠢ ᠠᠳᠠᠯᠢ᠂ ᠥᠷᠭᠡᠨ ᠭᠦᠨᠵᠡᠭᠡᠢ ᠮᠥᠷᠡᠨ ᠢ᠋ ᠭᠠᠲᠤᠯᠬᠤ ᠭᠠᠷᠠᠮ ᠢ᠋ ᠣᠯᠳᠠᠭ ᠲᠠᠢ ᠠᠳᠠᠯᠢ᠂ ᠴᠢ ᠴᠦ᠍ ᠪᠠ ᠠᠯᠳᠠᠭᠰᠠᠨ ᠦᠭᠡᠢ᠂ ᠴᠣᠬᠣᠮ ᠬᠦ᠌ ᠬᠡᠯᠡᠪᠡᠯ ᠬᠡᠷᠬᠢᠬᠦ ᠶ᠋ᠢ ᠨᠡᠯᠢᠶᠡᠳ ᠵᠥᠪ ᠬᠡᠯᠡᠪᠡ 》 ᠭᠡᠵᠡᠢ  (  ᠬᠢᠲᠠᠳ᠄ 这时,合丹太师说道:「乘敌人还没来占据[我们的]门口之前,[我们]应当先去占据敌人的门口! 」一些年轻的厨子司饮回答道:「只要他们从他们的营地哈刺——薛灵哥[河]来到我们的营地哈刺——斡难时,我们就敲碎他们的脑袋,杀死他们! 」 )᠃
  ᠲᠡᠭᠡᠬᠦ ᠳ᠋ᠦ᠍ ᠬᠠᠳᠠᠨ ᠲᠠᠢᠵᠢ ᠰᠤᠷᠭᠠᠵᠤ ᠬᠡᠯᠡᠭᠰᠡᠨ ᠨᠢ: 《 ᠲᠡᠳᠡ ᠬᠡᠳᠦᠢᠪᠡᠷ ᠵᠦᠢᠷᠯᠡᠬᠦ ᠪᠡᠷ ᠦᠭᠡᠢ ᠰᠤᠯᠠ ᠳᠣᠷᠣᠢ ᠴᠤ᠌ ᠭᠡᠰᠡᠨ ᠲᠤᠯᠤᠯᠳᠤᠭᠠᠨ ᠳ᠋ᠤ᠌ ᠣᠷᠣᠵᠤ ᠪᠠᠢᠬᠤ ᠳ᠋ᠠᠭᠠᠨ ᠶᠡᠬᠡ ᠦᠭᠡ ᠬᠡᠯᠡᠬᠦ ᠬᠡᠷᠡᠭ ᠦᠭᠡᠢ᠂ ᠥᠪᠡᠷ ᠦ᠋ᠨ ᠢ᠋ᠶ᠋ᠡᠨ ᠬᠢᠷᠢ ᠡᠴᠡ ᠬᠡᠲᠦᠷᠡᠵᠦ ᠪᠣᠯᠬᠤ ᠦᠭᠡᠢ ᠭᠡᠰᠡᠨ ᠰᠢᠦ! ᠲᠠ ᠨᠠᠷ ᠶᠡᠬᠡ ᠦᠭᠡ ᠬᠡᠯᠡᠵᠦ ᠪᠠᠢᠨ᠎ᠠ᠃ ᠭᠡᠬᠦ ᠳ᠋ᠡᠭᠡᠨ ᠭᠠᠷ ᠴᠤ᠌ ᠦᠭᠡᠢ᠂ ᠬᠥᠯ ᠴᠦ᠍ ᠦᠭᠡᠢ ᠪᠠᠢᠵᠤ ᠰᠣᠷᠣᠨ ᠲᠠᠰᠢᠭᠤᠷ ᠰᠢᠭ᠋ ᠮᠣᠭᠠᠢ ᠶ᠋ᠢᠨ ᠲᠣᠯᠣᠭᠠᠢ ᠪᠤᠲᠠ ᠴᠣᠬᠢᠵᠤ ᠪᠣᠯᠬᠤ ᠤᠤ ᠳᠠ? ᠭᠠᠷ ᠲᠠᠢ ᠴᠤ᠌ ᠬᠥᠯ ᠲᠡᠢ ᠴᠦ᠍ ᠳᠠᠢᠰᠤᠨ ᠪᠢᠳᠡᠨ ᠢ᠋ᠶ᠋ᠡᠷ ᠲᠣᠯᠣᠭᠠᠢ ᠪᠠᠨ ᠪᠢᠴᠠ ᠴᠣᠬᠢᠭᠤᠯᠤᠭᠠᠳ ᠪᠠᠢᠨ᠎ᠠ ᠭᠡᠵᠢ ᠦᠦ? ᠲᠠ ᠨᠠᠷ ᠤ᠋ᠨ ᠬᠡᠯᠡᠭᠰᠡᠨ ᠢ᠋ᠶ᠋ᠡᠷ ᠲᠡᠳᠡᠨ ᠢ᠋ ᠡᠨᠳᠡ ᠢᠷᠡᠭᠦᠯᠴᠢᠬᠡᠭᠡᠳ ᠪᠢᠳᠡ ᠶᠠᠭᠠᠬᠢᠵᠤ ᠲᠤᠯᠤᠯᠳᠤᠬᠤ ᠶᠤᠮ᠂ ᠪᠣᠢ? ᠶᠢᠷᠲᠢᠨᠴᠦ ᠶ᠋ᠢᠨ ᠰᠠᠢᠬᠠᠨ ᠶᠠᠭᠤᠮᠠᠨ ᠳ᠋ᠤ᠌ ᠴᠠᠳᠴᠢᠬᠠᠭᠰᠠᠨ ᠬᠥᠮᠦᠨ ᠴᠠᠭᠠᠰᠤ᠎ᠠ ᠴᠣᠭᠣ ᠴᠣᠬᠢᠵᠤ ᠴᠢᠳᠠᠬᠤ ᠠ᠋ᠴᠠ᠂ ᠪᠤᠰᠤ᠂ ᠲᠡᠭᠦᠨ ᠡᠴᠡ ᠬᠦᠴᠦᠲᠡᠢ ᠴᠣᠬᠢᠵᠤ ᠴᠢᠳᠠᠬᠤ ᠦᠭᠡᠢ᠃ ᠲᠡᠭᠦᠨᠴᠢᠯᠡᠨ ᠲᠠᠷᠭᠤᠯᠠᠴᠢᠬᠠᠭᠰᠠᠨ ᠮᠣᠷᠢ ᠬᠥᠪᠡᠭᠡ ᠶ᠋ᠢ ᠲᠣᠭᠣᠷᠢᠨ ᠳᠠᠪᠬᠢᠵᠤ ᠴᠢᠳᠠᠬᠤ ᠠ᠋ᠴᠠ ᠪᠤᠰᠤ᠂ ᠲᠡᠭᠦᠨ ᠤ ᠣᠷᠣᠢ ᠪᠠᠷ ᠨᠢ ᠳᠠᠪᠬᠢᠨ ᠭᠠᠷᠴᠤ ᠴᠢᠳᠠᠬᠤ ᠦᠭᠡᠢ ᠰᠢᠦ ᠲᠠ᠃ ᠣᠳᠣ ᠴᠣᠬᠣᠮ ᠶᠠᠭᠠᠬᠢᠪᠠᠯ ᠣᠨᠣᠴᠠᠲᠠᠢ ᠪᠣᠢ ᠭᠡᠪᠡᠯ᠂ ᠲᠡᠨᠳᠡᠬᠢ ᠶ᠋ᠢᠨ ᠰᠢᠮ᠎ᠡ ᠲᠡᠢ ᠡᠪᠡᠰᠦ ᠶ᠋ᠢ ᠢᠳᠡᠬᠦ ᠭᠡᠵᠦ ᠲᠡᠮᠡᠦᠯᠦᠭᠡᠳ ᠪᠠᠢᠭ᠎ᠠ ᠮᠠᠨ ᠤ᠋ ᠮᠣᠷᠢᠳ ᠢ᠋ ᠪᠢᠳᠡ ᠲᠠᠢᠰᠢ ᠨᠢ ᠬᠥᠭᠡᠭᠡᠵᠦ ᠣᠷᠣᠭᠤᠯᠬᠤ᠂ ᠲᠡᠳᠡᠭᠡᠷ ᠦ᠋ᠨ ᠬᠡᠰᠢᠭ ᠮᠢᠬᠠᠨ ᠠ᠋ᠴᠠ ᠢᠳᠡᠬᠦ ᠪᠠᠢᠭ᠎ᠠ ᠪᠠᠨᠳᠢ ᠨᠠᠷ ᠢ᠋ ᠳᠠᠭᠠᠭᠤᠯᠤᠭᠠᠳ ᠣᠴᠢᠬᠤ ᠬᠡᠷᠡᠭᠲᠡᠢ᠃ ᠤᠴᠢᠷ ᠨᠢ ᠳᠠᠢᠰᠤᠨ ᠡᠨᠳᠡ ᠢᠷᠡᠴᠢᠬᠡᠪᠡᠯ ᠳᠠᠢᠳᠤᠵᠤ ᠪᠠᠢᠬᠤ ᠳ᠋ᠠᠭᠠᠨ ᠲᠠ ᠨᠠᠷ ᠤ᠋ᠨ ᠲᠣᠯᠣᠭᠠᠢ ᠴᠢᠨᠢ ᠭᠡᠷ ᠣᠷᠣᠨ᠂ ᠠᠵᠤ ᠠᠬᠤᠢ᠂ ᠡᠬᠡᠨᠡᠷ ᠬᠡᠦᠬᠡᠳ ᠦ᠋ᠨ ᠢ᠋ᠶ᠋ᠡᠨ ᠲᠤᠬᠠᠢ ᠪᠣᠳᠣᠯ ᠢ᠋ᠶ᠋ᠠᠷ ᠳᠦᠭᠦᠷᠦᠭᠡᠳ᠂᠂ ᠲᠡᠷᠡ ᠪᠣᠳᠣᠯ ᠴᠢᠨᠢ ᠲᠠ ᠨᠠᠷ ᠤ᠋ᠨ ᠰᠡᠳᠬᠢᠯ ᠢ᠋ ᠴᠢᠨᠢ ᠵᠣᠪᠠᠭᠠᠭᠠᠳ ᠤᠯᠠᠮ ᠢ᠋ᠶ᠋ᠠᠷ ᠰᠢᠢᠳᠮᠡᠬᠡᠢ ᠪᠤᠰᠤ ᠪᠣᠯᠭᠠᠨ᠎ᠠ᠃ ᠮᠢᠨᠦ ᠠᠪᠤ ᠠᠮᠪᠠᠭᠠᠢ ᠬᠠᠨ ᠨᠠᠮᠠᠶᠢ ᠲᠠ ᠨᠠᠷ ᠤ᠋ᠨ ᠲᠣᠯᠣᠭᠠᠢ ᠳ᠋ᠤ᠌ ᠲᠠᠯᠪᠢᠵᠤ᠂ ᠲᠡᠷᠢᠭᠦᠯᠡᠭᠴᠢ ᠴᠢᠨᠢ ᠪᠣᠯᠭᠠᠭᠰᠠᠨ ᠢ᠋ ᠪᠦᠭᠦᠳᠡ ᠮᠡᠳᠡᠨ᠎ᠡ᠃ ᠲᠡᠢᠮᠦ ᠤᠴᠢᠷ ᠠ᠋ᠴᠠ ᠪᠢ ᠮᠣᠷᠢ ᠪᠠᠨ ᠤᠨᠤᠭᠠᠳ ᠲᠡᠷᠲᠡᠭᠡ ᠲᠠᠯ᠎ᠠ ᠶ᠋ᠢᠨ ᠡᠰᠡᠷᠭᠦ ᠳᠠᠢᠳᠤᠬᠤ ᠪᠠᠷ ᠶᠠᠪᠤᠬᠤ ᠳ᠋ᠤ᠌ ᠲᠠ ᠨᠠᠷ ᠮᠢᠨᠦ ᠠᠷᠤ ᠳ᠋ᠤ᠌ ᠬᠣᠴᠣᠷᠬᠤ ᠪᠤᠶᠤ ᠨᠠᠳᠠ ᠲᠠᠢ ᠲᠡᠷᠰᠯᠡᠯᠳᠦᠪᠡᠯ ᠬᠠᠳᠠᠨ ᠲᠠᠢᠵᠢ ᠨᠠᠳᠠ ᠳ᠋ᠤ᠌ ᠬᠣᠣᠷ ᠬᠦᠷᠭᠡᠨ᠎ᠡ᠃ ᠨᠠᠮᠠᠶᠢ᠂ ᠬᠣᠣᠷᠯᠠᠭᠰᠠᠨ ᠲᠡᠷᠡ ᠬᠣᠣᠷ ᠴᠢᠨᠢ᠂ ᠤᠯᠠᠮ ᠢ᠋ᠶ᠋ᠠᠷ ᠪᠦᠬᠦ ᠲᠠᠢᠴᠢᠭᠤᠳ᠂ ᠠᠢᠮᠠᠭ ᠤ᠋ᠨ ᠬᠢᠨ ᠳ᠋ᠦ᠍ ᠬᠣᠣᠷ ᠬᠦᠷᠭᠡᠨ᠎ᠡ᠃ 》 ᠢᠩᠭᠢᠭᠡᠳ ᠲᠡᠷᠡ ᠪᠡᠷ ᠡᠳᠦᠷ ᠲᠡᠭᠡᠨ ᠣᠷᠴᠢᠨ ᠲᠣᠭᠣᠷᠢᠨ ᠠ᠋ᠴᠠ ᠪᠠᠨ ᠬᠥᠮᠦᠰ ᠬᠤᠷᠠᠯᠳᠤᠭᠤᠯᠵᠤ᠂ ᠴᠡᠷᠢᠭ ᠢ᠋ᠶ᠋ᠡᠨ ᠮᠣᠷᠳᠠᠭᠤᠯᠤᠭᠠᠳ ᠭᠠᠷᠴᠤ ᠣᠳᠴᠠᠢ᠃ ᠳᠣᠭᠲᠣᠭ᠎ᠠ ᠶ᠋ᠢᠨ ᠡᠯᠴᠢ ᠨᠠᠷ ᠲᠡᠭᠦᠨ ᠳ᠋ᠦ᠍ ᠬᠠᠳᠠᠨ ᠲᠠᠢᠵᠢ ᠶ᠋ᠢᠨ ᠮᠡᠳᠡᠭᠡ ᠶ᠋ᠢ ᠬᠦᠷᠭᠡᠭᠰᠡᠨ ᠳ᠋ᠦ᠍ ᠲᠡᠷᠡ ᠪᠡᠷ ᠲᠣᠭᠲᠠᠭᠰᠠᠨ ᠵᠠᠩᠰᠢᠯ ᠤ᠋ᠨ ᠢ᠋ᠶ᠋ᠠᠨ ᠳᠠᠭᠠᠤ ᠲᠤᠭ ᠢ᠋ᠶ᠋ᠠᠨ ᠲᠣᠰᠣᠯᠠᠭᠠᠳ ᠂ ᠴᠡᠷᠢᠭ ᠢ᠋ᠶ᠋ᠡᠨ ᠮᠣᠷᠳᠠᠭᠤᠯᠤᠨ ᠳᠠᠢᠰᠤᠨ ᠤ᠋ ᠥᠭᠡᠳᠡ ᠡᠴᠡ ᠨᠢ ᠶᠡᠬᠡ ᠯᠡ ᠴᠢᠳᠠᠮᠠᠭᠠᠢ ᠪᠠᠷ ᠳᠣᠪᠲᠣᠯᠵᠤ ᠡᠬᠢᠯᠡᠪᠡ᠃ ᠢᠩᠭᠢᠭᠡᠳ ᠲᠡᠳᠡ ᠳᠠᠢᠳᠤᠵᠤ ᠪᠠᠢᠯ᠎ᠠ᠃ ᠳᠣᠭᠲᠣᠭ᠎ᠠ ᠪᠡᠬᠢ ᠳᠣᠯᠣᠭ᠎ᠠ ᠰᠢᠷᠬᠠᠳᠤᠭᠠᠳ ᠵᠢᠭᠤᠲᠠᠨ ᠣᠳᠤᠯ᠎ᠠ ᠃ ᠲᠡᠷᠡ ᠪᠡᠷ ᠪᠠᠷᠠᠭᠤᠨ ᠵᠢᠭᠦᠷ ᠦ᠋ᠨ ᠢ᠋ᠶ᠋ᠡᠨ ᠴᠡᠷᠢᠭ ᠲᠡᠢ ᠰᠡᠯᠡᠩᠭᠡ ᠮᠥᠷᠡᠨ ᠢ᠋ ᠥᠭᠰᠥᠨ ᠪᠤᠷᠤᠭᠤᠯᠠᠪᠠ᠃ ᠬᠠᠳᠠᠨ ᠲᠠᠢᠵᠢ ᠲᠡᠭᠦᠨ ᠢ᠋ ᠨᠡᠬᠡᠨ ᠳᠣᠪᠲᠣᠯᠪᠠ᠃ ᠬᠠᠳᠠᠨ ᠨᠢᠭᠡᠨᠲᠡ ᠳᠣᠭᠲᠣᠭ᠎ᠠ ᠶ᠋ᠢ ᠭᠦᠢᠴᠡᠭᠡ ᠦᠭᠡᠢ ᠪᠣᠯᠬᠣᠷ ᠴᠡᠷᠢᠭ ᠳᠡᠭᠡᠷ᠎ᠡ ᠪᠡᠨ ᠡᠷᠭᠢᠵᠦ ᠢᠷᠡᠭᠡᠳ᠂ ᠲᠡᠭᠦᠨ ᠤ ᠵᠡᠭᠦᠨ ᠵᠢᠭᠦᠷ ᠦ᠋ᠨ ᠪᠠ ᠭᠣᠣᠯ ᠤ᠋ᠨ ᠬᠢᠨᠢ ᠴᠡᠷᠢᠭ ᠢ᠋ ᠡᠷᠬᠡᠰᠢᠶᠡᠯ ᠳ᠋ᠡᠭᠡᠨ ᠣᠷᠣᠭᠤᠯᠤᠨ ᠠᠪᠤᠭᠠᠳ ᠵᠣᠭᠰᠣᠯ᠎ᠠ᠃
  ᠲᠣᠪᠴᠢ ᠪᠠᠷ ᠥᠭᠦᠯᠡᠪᠡᠯ ᠵᠢᠷᠭᠤᠭᠠᠨ ᠬᠥᠪᠡᠭᠦᠨ ᠪᠦᠭᠦᠳᠡ ᠨᠢᠭᠡᠨ ᠡᠬᠡ ᠶ᠋ᠢᠨ ᠬᠢ ᠃ ᠲᠡᠭᠦᠨ ᠤ ᠨᠡᠷ᠎ᠡ ᠨᠢ ᠭᠤᠸ᠎ᠠ ᠬᠦᠯᠦᠭ ( ᠭᠤᠸ᠎ᠠ ᠬᠥᠯᠦᠭᠦ   )᠂ ᠡᠨᠡ ᠪᠣᠯ ᠬᠣᠩᠭᠢᠷᠠᠳ ᠠᠢᠮᠠᠭ ᠠ᠋ᠴᠠ ᠠᠪᠤᠭᠰᠠᠨ ᠡᠬᠡᠨᠡᠷ ᠨᠢ ᠪᠢᠯᠡ᠃ ᠡᠨᠡ ᠬᠡᠦᠬᠡᠨ ᠰᠠᠢᠨ ᠳᠢᠬᠢᠨ ᠭᠡᠳᠡᠭ ᠳᠡᠭᠦᠦ ᠲᠡᠢ ᠃ ᠬᠠᠳᠠᠨ ᠪᠠᠭᠠᠲᠤᠷ ᠤ᠋ᠨ ᠲᠥᠯᠥᠭᠡ ᠲᠡᠷᠡ ᠪᠡᠷ ᠲᠠᠷᠭᠤᠲᠠᠢ ᠲᠠᠢ ᠣᠯᠠᠨᠲᠠ ᠪᠠᠢᠯᠳᠤᠭᠰᠠᠨ ᠠᠵᠤᠭᠤ᠃ ᠤᠤᠯ ᠬᠡᠷᠡᠭ ᠢᠩᠭᠢᠵᠦ ᠡᠭᠦᠰᠦᠭᠰᠡᠨ᠃ ᠨᠢᠭᠡᠨ ᠤᠳᠠᠭ᠎ᠠ ᠰᠠᠢᠨ ᠳᠢᠬᠢᠨ ᠤ ᠪᠡᠶ᠎ᠡ ᠮᠠᠭᠤᠳᠠᠭᠰᠠᠨ ᠤᠴᠢᠷ ᠲᠠᠲ᠋ᠠᠷ ᠠᠢᠮᠠᠭ ᠠ᠋ᠴᠠ ᠪᠥᠬᠡ ᠵᠠᠯᠠᠵᠠᠢ᠃ ᠪᠥᠬᠡ ᠶ᠋ᠢᠨ ᠨᠡᠷ᠎ᠡ ᠨᠢ ᠴᠠᠷᠭᠢᠯ ᠨᠢᠳᠦᠨ ᠭᠡᠳᠡᠭ ᠪᠠᠢᠵᠠᠢ᠃ ᠲᠡᠷᠡ ᠪᠡᠷ ᠪᠥᠬᠡ ᠪᠠᠭᠤᠭᠰᠠᠨ ᠪᠣᠯᠪᠠᠴᠤ ᠰᠠᠢᠨ ᠳᠢᠭᠢᠨ ᠨᠠᠰᠤ ᠪᠠᠷᠠᠵᠠᠢ᠃ ᠭᠡᠪᠡᠴᠦ ᠪᠥᠬᠡ ᠳ᠋ᠦ᠍ ᠡᠷᠭᠦᠯ ᠪᠠᠷᠢᠴᠠ ᠪᠠᠷᠢᠭᠠᠳ ᠪᠤᠴᠠᠭᠠᠵᠠᠢ᠃ ᠭᠡᠲᠡᠯ᠎ᠡ ᠰᠠᠢᠨ ᠳᠢᠬᠢᠨ ᠤ ᠠᠬ᠎ᠠ ᠳᠡᠭᠦᠦ  ( ᠠᠺᠠ ᠸᠠ ᠢᠨᠢ )  ᠬᠣᠶᠠᠷ ᠨᠢ ᠪᠥᠬᠡ ᠶ᠋ᠢᠨ ᠬᠣᠢᠨ᠎ᠠ ᠠ᠋ᠴᠠ ᠬᠥᠭᠡᠭᠡᠵᠦ ᠣᠴᠢᠭᠠᠳ ᠬᠥᠨᠥᠭᠡᠵᠡᠢ᠃ ᠭᠠᠪᠣᠯ ᠬᠠᠨ ᠤ᠋ ᠬᠥᠪᠡᠭᠦᠳ ᠨᠢ ᠢᠩᠭᠢᠭᠡᠳ ᠰᠠᠢᠨ ᠳᠢᠬᠢᠨ ᠤ ᠤᠯᠠᠮ ᠠ᠋ᠴᠠ ᠲᠠᠲ᠋ᠠᠷ ᠠᠢᠮᠠᠭ ᠤ᠋ᠨ ᠬᠢᠨ ᠲᠡᠢ ᠪᠠᠢᠯᠳᠤᠵᠤ ᠡᠬᠢᠯᠡᠵᠡᠢ᠃ ᠲᠡᠳᠡ ᠰᠡᠩᠬᠢᠳᠡᠨ ᠭᠡᠳᠡᠭ ᠨᠡᠷ᠎ᠡ ᠲᠡᠢ ᠭᠠᠵᠠᠷ ᠲᠤᠯᠤᠯᠳᠤᠵᠠᠢ᠃ ᠬᠠᠳᠠᠨ ᠪᠠᠭᠠᠲᠤᠷ ᠪᠠ ᠲᠠᠲ᠋ᠠᠷ ᠤ᠋ᠨ ᠮᠠᠨᠠᠨ ᠪᠠᠭᠠᠲᠤᠷ ᠬᠣᠶᠠᠷ ᠪᠡᠶᠡᠰ ᠢ᠋ᠶ᠋ᠡᠨ ᠬᠠᠷᠠᠨ᠂ ᠬᠠᠷᠪᠤᠭᠰᠠᠨ ᠰᠤᠮᠤ ᠲᠤᠰᠬᠤ ᠵᠠᠢ ᠲᠠᠢ ᠵᠣᠭᠰᠣᠨ ᠴᠡᠷᠢᠭ ᠦ᠋ᠳ ᠴᠢᠨᠢ ᠬᠠᠮᠢᠭ᠎ᠠ
ᠪᠠᠢᠨ᠎ᠠ ᠭᠡᠮᠡᠨ ᠬᠠᠰᠬᠢᠷᠤᠯᠳᠤᠵᠤ ᠪᠠᠢᠪᠠ᠃ ᠲᠡᠭᠡᠭᠡᠳ ᠬᠠᠳᠠᠨ ᠪᠠᠭᠠᠲᠤᠷ ᠶ᠋ᠢᠳᠡ ᠪᠡᠨ ᠡᠷᠭᠦᠭᠡᠳ ᠮᠠᠨᠠᠨ ᠤ᠋ ᠬᠠᠯᠵᠠ ᠥᠭᠡᠳᠡ ᠡᠴᠡ ᠨᠢ ᠳᠣᠪᠲᠣᠯᠤᠨ ᠣᠴᠢᠭᠠᠳ ᠵᠢᠳᠠ ᠪᠠᠨ ᠮᠠᠰᠢ ᠬᠦᠴᠦᠲᠡᠢ ᠰᠢᠳᠡᠲᠡᠯ᠎ᠡ ᠲᠡᠷᠡ ᠨᠢ ᠮᠠᠨᠠᠨ ᠤ᠋ ᠪᠡᠶ᠎ᠡ ᠶ᠋ᠢ ᠨᠡᠪᠲᠡᠯᠦᠭᠡᠳ᠂ ᠡᠮᠡᠭᠡᠯ ᠦ᠋ᠨ ᠰᠠᠭᠤᠳᠠᠯ ᠢ᠋ ᠴᠥᠮᠥ ᠴᠣᠬᠢᠵᠤ ᠤᠯᠠᠮ ᠢ᠋ᠶ᠋ᠠᠷ ᠮᠣᠷᠢ᠎ ᠶᠢ ᠨᠢ ᠪᠠᠰᠠ ᠰᠢᠷᠬᠠᠲᠤᠭᠤᠯᠤᠭᠰᠠᠨ ᠤᠴᠢᠷ ᠮᠣᠷᠢ ᠲᠠᠢ ᠪᠠᠨ ᠤᠨᠠᠵᠠᠢ᠃ ᠮᠠᠨᠠᠨ ᠡᠨᠡ ᠰᠢᠷᠬᠠᠨ ᠠ᠋ᠴᠠ ᠪᠣᠯᠵᠤ ᠵᠢᠯ ᠦ᠋ᠨ ᠲᠣᠷᠰᠢ ᠲᠠᠷᠴᠢᠯᠠᠵᠠᠢ᠃ ᠮᠠᠨᠠᠨ ᠤ᠋ ᠡᠳᠡᠭᠡᠷᠡᠭᠰᠡᠨ ᠤ ᠳᠠᠷᠠᠭ᠎ᠠ ᠲᠡᠳᠡ ᠭᠡᠳᠡᠭ ᠭᠠᠵᠠᠷ ᠳᠠᠬᠢᠨ ᠪᠠᠢᠯᠳᠤᠵᠤ᠂ ᠲᠡᠷᠡ ᠬᠣᠶᠠᠷ ᠳᠠᠬᠢᠭᠠᠳ ᠯᠠ ᠬᠠᠯᠵᠠ ᠲᠤᠯᠤᠯᠳᠤᠵᠠᠢ᠃ ᠡᠨᠡ ᠤᠳᠠᠭ᠎ᠠ ᠳ᠋ᠤ᠌ ᠬᠠᠳᠠᠨ ᠪᠠᠭᠠᠲᠤᠷ ᠮᠠᠨᠠᠨ ᠤ᠋ ᠨᠢᠷᠤᠭᠤ ᠤᠷᠤᠭᠤ ᠬᠦᠴᠦᠲᠡᠢ ᠵᠢᠳᠠᠯᠠᠭᠰᠠᠨ ᠳ᠋ᠤ᠌ ᠲᠡᠭᠦᠨ ᠤ ᠵᠢᠳᠠ ᠮᠠᠨᠠᠨ ᠤ᠋ ᠨᠢᠷᠤᠭᠤ ᠶ᠋ᠢ ᠨᠡᠪᠲᠡ ᠴᠣᠬᠢᠵᠤ ᠭᠡᠳᠡᠰᠦ ᠪᠡᠷ ᠨᠢ ᠭᠠᠷᠤᠭᠰᠠᠨ ᠤᠴᠢᠷ᠂ ᠲᠡᠷᠡ ᠳᠣᠣᠷ᠎ᠠ ᠪᠠᠨ ᠦᠬᠦᠵᠡᠢ᠃ ᠡᠨᠡ ᠪᠠᠢᠯᠳᠤᠭᠠᠨ ᠤ᠋ ᠦᠶ᠎ᠡ ᠳ᠋ᠦ᠍ ᠬᠠᠳᠠᠨ ᠪᠠᠭᠠᠲᠤᠷ ᠤ᠋ᠨ ᠲᠠᠯ᠎ᠠ ᠳ᠋ᠤ᠌ ᠪᠠᠢᠯᠳᠤᠵᠤ ᠶᠠᠪᠤᠭᠰᠠᠨ ᠬᠤᠰᠤᠨ᠂ ᠡᠪᠦᠭᠡᠨ   ( ᠬᠤᠰᠤᠨ ᠠᠪᠤᠭᠠᠨ )  ᠤ᠋ ᠡᠴᠢᠭᠡ ᠲᠡᠢᠨ ᠮᠠᠨᠠᠨ ᠤ᠋ ᠮᠣᠷᠢ ᠶᠢ ᠬᠦᠵᠦᠭᠦᠦ ᠪᠡᠷ ᠨᠢ ᠰᠢᠷᠬᠠᠲᠤᠭᠤᠯᠤᠨ ᠠᠯᠠᠭᠰᠠᠨ ᠤᠴᠢᠷ ᠲᠡᠷᠡ ᠵᠠᠪᠠᠭᠠᠨ ᠶᠠᠪᠤᠵᠤ ᠪᠠᠢᠲᠠᠯ᠎ᠠ᠂ ᠮᠣᠷᠢᠨ ᠶ᠋ᠢᠳᠠ ᠲᠠᠢ ᠠᠷᠪᠠᠨ ᠬᠥᠮᠦᠨ ᠭᠦᠢᠴᠡᠭᠡᠳ ᠢᠷᠡᠬᠦ ᠪᠡᠷ ᠨᠢ ᠲᠡᠷᠡ ᠪᠡᠷ ᠡᠷᠭᠢᠨ ᠣᠴᠢᠵᠤ᠂ ᠲᠡᠳᠡᠨ ᠲᠡᠢ ᠢᠯᠳᠦ ᠪᠡᠷ ᠢ᠋ᠶ᠋ᠠᠨ ᠪᠠᠢᠯᠳᠤᠵᠤ ᠴᠥᠮ ᠢ᠋ ᠨᠢ ᠵᠢᠭᠤᠲᠠᠭᠠᠯᠭᠠᠵᠠᠢ᠃ ᠳᠠᠢᠰᠤᠨ ᠤ᠋ ᠳᠣᠲᠣᠷ᠎ᠠ ᠠ᠋ᠴᠠ ᠢᠯᠠᠭᠤᠯᠤᠭᠰᠠᠨ ᠢᠯᠠᠭᠴᠢ ᠪᠣᠯᠤᠨ ᠭᠠᠷᠴᠤ ᠢᠷᠡᠵᠡᠢ᠃
  ᠡᠨᠡ ᠪᠠᠢᠯᠳᠤᠭᠠᠨ ᠠ᠋ᠴᠠ ᠬᠣᠢᠰᠢ ᠬᠠᠪᠤᠯ ᠬᠠᠨ ᠤ᠋ ᠬᠥᠪᠡᠭᠦᠳ ᠨᠢ ᠲᠠᠲ᠋ᠠᠷ ᠦ᠋ᠳ ᠲᠡᠢ ᠬᠡᠳᠦ ᠬᠡᠳᠦᠨ ᠤᠳᠠᠭ᠎ᠠ ᠪᠠᠢᠯᠳᠤᠵᠠᠢ᠃ ᠡᠨᠡ ᠥᠭᠦᠯᠡᠯᠭᠡ ᠨᠦ᠍ᠭᠦᠳ ᠪᠣᠯᠤᠨ ᠲᠡᠳᠡᠭᠡᠷ ᠦ᠋ᠨ ᠬᠢᠭᠰᠡᠨ ᠪᠤᠰᠤᠳ ᠵᠣᠷᠢᠮᠠᠭ ᠦᠢᠯᠡᠳᠦᠯ ᠦ᠋ᠨ ᠲᠤᠬᠠᠢ ᠳᠤᠷᠠᠰᠤᠮᠴᠢᠶ᠋ᠢ ᠡᠭᠦᠨ ᠲᠡᠢ ᠵᠠᠯᠭᠠᠨ ᠥᠭᠦᠯᠡᠨ᠎ᠡ᠃
  ᠬᠠᠪᠤᠯ ᠬᠠᠨ ᠤ᠋ ᠵᠢᠷᠭᠤᠭᠠᠨ ᠬᠥᠪᠡᠭᠦᠳ ᠡᠴᠡ ᠬᠣᠲᠠᠯᠠ ᠬᠠᠨ ᠯᠠ ᠡᠵᠡᠨᠲᠡᠨ ᠪᠣᠯᠤᠭᠰᠠᠨ ᠪᠢᠯᠡ᠃ ᠲᠡᠷᠡ ᠪᠡᠷ ᠬᠡᠰᠡᠭ ᠦᠶ᠎ᠡ ᠳ᠋ᠦ᠍ ᠭᠠᠨ ᠰᠠᠭᠤᠭᠰᠠᠨ ᠪᠢᠯᠡ᠃ ᠬᠡᠳᠦᠢᠪᠡᠷ ᠲᠡᠭᠦᠨ ᠤ ᠠᠬᠠᠨ ᠲᠡᠭᠦᠰ ᠨᠢ ᠴᠥᠮ ᠪᠠᠭᠠᠲᠤᠷ ᠤ᠋ᠳ ᠪᠠᠢᠭᠰᠠᠨ ᠪᠣᠯᠪᠠᠴᠤ ᠲᠡᠷᠡ ᠪᠡᠷ ᠵᠣᠷᠢᠭ ᠬᠦᠴᠦ ᠪᠡᠷ ᠢ᠋ᠶ᠋ᠡᠨ ᠪᠤᠰᠤᠳ ᠠ᠋ᠴᠠ ᠢᠯᠡᠭᠦᠦ ᠪᠠᠢᠯ᠎ᠠ᠃ ᠮᠣᠩᠭᠣᠯ ᠤ᠋ᠨ ᠢᠷᠠᠭᠤ ᠨᠠᠢᠷᠭᠠᠴᠢᠳ ᠲᠡᠭᠦᠨ ᠤ ᠡᠷᠡᠯᠬᠡᠭ ᠵᠣᠷᠢᠭ ᠢ᠋ ᠳᠦᠷᠰᠦᠯᠡᠭᠰᠡᠨ ᠵᠣᠬᠢᠶᠠᠯ᠂ ᠮᠠᠭᠲᠠᠭᠰᠠᠨ ᠰᠢᠯᠦᠭ ᠣᠯᠠᠨ ᠢ᠋ ᠲᠤᠭᠤᠷᠪᠢᠵᠠᠢ᠃ ᠲᠡᠳᠡ ᠪᠢᠴᠢᠬᠦ ᠳ᠋ᠡᠭᠡᠨ ᠬᠣᠲᠠᠯᠠ ᠬᠠᠨ ᠶᠡᠬᠡ ᠲᠣᠮᠣ ᠳᠠᠭᠤ ᠲᠠᠢ ᠪᠠᠢᠭᠰᠠᠨ ᠤᠴᠢᠷ ᠲᠡᠭᠦᠨ - ᠤ ᠬᠠᠰᠬᠢᠷᠬᠤ ᠳᠠᠭᠤᠨ ᠨᠢ ᠳᠣᠯᠣᠭᠠᠨ ᠳᠠᠪᠠᠭᠠᠨ ᠤ᠋ ᠴᠠᠭᠠᠨ᠎ᠠ ᠲᠤᠭᠤᠯᠳᠠᠳᠠᠭ ᠃ ᠡᠨᠡ ᠨᠢ ᠨᠥᠬᠥᠭᠡ ᠲᠠᠯ᠎ᠠ ᠶ᠋ᠢᠨ ᠠᠭᠤᠯᠠ ᠶ᠋ᠢᠨ ᠴᠤᠤᠷᠢᠶ᠎ᠠ ᠰᠢᠭ᠋ ᠰᠠᠨᠠᠭᠳᠠᠳᠠᠭ ᠭᠡᠵᠡᠭᠡᠨ᠎ᠡ᠃ ᠲᠡᠭᠦᠨ ᠤ ᠭᠠᠷ ᠨᠢ ᠪᠠᠭᠠᠪᠠᠭᠠᠢ ᠶ᠋ᠢᠨ ᠰᠠᠷᠪᠠᠭᠤ ᠰᠢᠭ᠋ ᠪᠠᠢᠳᠠᠭ᠃ ᠲᠡᠷᠡ ᠪᠡᠷ ᠬᠥᠮᠦᠨ ᠢ᠋ ᠬᠣᠶᠠᠷ ᠭᠠᠷ ᠢ᠋ᠶ᠋ᠠᠷ ᠢ᠋ᠶ᠋ᠠᠨ ᠪᠠᠷᠢᠭᠠᠳ ᠯᠠ ᠠᠪᠤᠪᠠᠯ ᠲᠠᠯᠪᠢᠨ᠎ᠠ ᠭᠡᠵᠦ ᠪᠠᠢᠬᠤ ᠦᠭᠡᠢ᠂ ᠬᠠᠷᠢᠨ ᠲᠡᠭᠦᠨ ᠢ᠋ ᠨᠠᠷᠢᠨ ᠮᠣᠳᠣᠨ ᠰᠤᠮᠤ ᠬᠤᠭᠤᠯᠵᠤ ᠪᠠᠢᠭ᠎ᠠ ᠶᠤᠮ ᠰᠢᠨ ᠳᠣᠣᠷ᠎ᠠ ᠨᠢ ᠯᠡ ᠨᠤᠭᠤ ᠲᠡᠳᠡᠨ ᠨᠢᠷᠤᠭᠤ ᠶ᠋ᠢ ᠨᠢ ᠬᠤᠭᠤᠯᠳᠠᠭ ᠪᠠᠢᠵᠠᠢ᠃ ᠡᠪᠦᠯ ᠦ᠋ᠨ ᠰᠥᠨᠢ ᠭᠠᠯ ᠠᠰᠠᠭᠠᠭᠠᠳ ᠪᠦᠲᠦᠨ ᠮᠣᠳᠣ ᠬᠤᠭᠤᠯᠤᠨ ᠠᠪᠴᠤ ᠲᠡᠭᠦᠨ ᠢ᠋ ᠬᠠᠭᠠᠯᠤᠯ ᠦᠭᠡᠢ ᠭᠠᠯ ᠳᠡᠭᠡᠷ᠎ᠡ ᠡᠴᠡ ᠲᠠᠯᠪᠢᠭᠠᠳ ᠯᠠ ᠳᠡᠷᠭᠡᠳᠡ ᠨᠢ ᠤᠨᠲᠠᠭᠠᠳ ᠥᠭᠳᠡᠭ  ᠶᠤᠮ ᠭᠡᠵᠡᠭᠡᠨ᠎ᠡ᠃ ᠳᠥᠷᠷᠡᠯᠴᠡᠵᠦ ᠪᠠᠢᠭ᠎ᠠ ᠭᠠᠯ ᠠ᠋ᠴᠠ ᠲᠡᠭᠦᠨ ᠤ ᠪᠠᠶᠠᠨ ᠳᠡᠭᠡᠷ᠎ᠡ ᠨᠢ ᠣᠴᠢ ᠦᠰᠦᠷᠦᠨ ᠲᠦᠯᠡᠵᠦ ᠪᠠᠢᠬᠤ ᠳ᠋ᠤ᠌ ᠮᠡᠳᠡᠭᠡ ᠴᠦ᠍ ᠦᠭᠡᠢ  ᠶᠤᠮ ᠰᠢᠭ ᠯᠡ ᠪᠠᠢᠳᠠᠭ ᠭᠡᠨ᠎ᠡ᠃ ᠲᠡᠭᠡᠭᠡᠳ ᠰᠡᠷᠡᠭᠰᠡᠨ ᠪᠣᠯ ᠲᠡᠭᠦᠨ ᠢ᠋ᠶ᠋ᠡᠨ ᠪᠥᠭᠡᠰᠦ ᠬᠠᠵᠠᠵᠤ ᠪᠠᠢᠨ᠎ᠠ ᠭᠡᠵᠦ ᠪᠣᠳᠣᠳᠠᠭ ᠶᠤᠮ ᠤᠤ᠂  ᠮᠠᠭᠠᠵᠢᠴᠢᠬᠠᠭᠠᠳ ᠯᠠ ᠤᠨᠲᠠᠭᠠᠳ ᠥᠭᠳᠡᠭ ᠶᠤᠮ ᠭᠡᠨ᠎ᠡ᠃ ᠲᠡᠷᠡ ᠪᠡᠷ ᠬᠣᠭᠣᠯᠠᠯᠠᠬᠤ ᠪᠦᠷᠢ ᠳ᠋ᠡᠭᠡᠨ ᠰᠢᠳᠦᠯᠡᠩ ᠢᠷᠭᠡᠨ ᠤ ᠮᠢᠬ᠎ᠠ ᠶ᠋ᠢ ᠪᠦᠭᠦᠳᠡ ᠶ᠋ᠢ ᠢᠳᠡᠭᠡᠳ᠂ ᠡᠪᠦᠳᠦᠭ ᠬᠤᠯᠤ ᠠᠢᠷᠠᠭ ᠤᠤᠭᠤᠳᠠᠭ ᠮᠥᠷᠲᠡᠭᠡᠨ ᠪᠠᠰᠠ ᠴᠤ᠌ ᠲᠡᠢᠮᠦ ᠶᠡᠬᠡ ᠴᠠᠳᠤᠭᠰᠠᠨ ᠪᠠᠢᠳᠠᠯ ᠦᠭᠡᠢ ᠪᠠᠢᠳᠠᠭ ᠠᠵᠤᠭᠤ᠃
  ᠨᠢᠭᠡᠨᠲᠡ ᠲᠠᠲ᠋ᠠᠷ ᠦ᠋ᠳ ᠲᠡᠭᠦᠨ ᠤ᠂ ᠠᠬ᠎ᠠ ᠥᠬᠢᠨ ᠪᠠᠷᠠᠬᠠᠨ᠂ ᠡᠴᠢᠭᠡ ᠶ᠋ᠢᠨ ᠬᠢᠨᠢ ᠦᠶᠡᠯᠢ ᠠᠬ᠎ᠠ ᠴᠢᠷᠬᠠᠢ ᠯᠢᠩᠭᠦᠮ ᠦ᠋ᠨ ᠠᠴᠢ ᠠᠮᠪᠠᠭᠠᠢ ᠬᠠᠨ ᠢ᠋ ᠪᠠᠷᠢᠪᠴᠢᠯᠠᠵᠤ᠂ ᠠᠯᠲᠠᠨ ᠬᠠᠨ ᠳ᠋ᠤ᠌ ᠬᠦᠷᠭᠡᠭᠦᠯᠦᠭᠰᠡᠨ ᠂ ᠲᠡᠷᠡ ᠨᠢ ᠲᠡᠳᠡᠨ ᠢ᠋ ᠳᠡᠭᠡᠷ᠎ᠡ ᠥᠭᠦᠯᠡᠭᠰᠡᠨ ᠢ᠋ᠶ᠋ᠡᠷ ᠬᠣᠷᠣᠭᠠᠭᠰᠠᠨ ᠪᠣᠯᠬᠣᠷ ᠬᠣᠲᠠᠯᠠ ᠬᠠᠨ ᠴᠡᠷᠢᠭ ᠠᠪᠴᠤ ᠳᠣᠪᠲᠣᠯᠤᠨ ᠠᠯᠲᠠᠨ ᠬᠠᠨ ᠤ᠋ ᠴᠡᠷᠢᠭ᠂ ᠠᠢᠮᠠᠭ ᠤ᠋ᠳ ᠲᠠᠢ ᠪᠠᠢᠯᠳᠤᠵᠤ᠂ ᠲᠡᠭᠦᠨ ᠤ ᠮᠣᠵᠢ ᠨᠤᠭᠤᠳ ᠤ᠋ᠨ ᠬᠡᠰᠡᠭ ᠢ᠋ ᠳᠠᠯᠠᠨ ᠳᠡᠭᠡᠷᠡᠮᠳᠡᠭᠰᠡᠨ ᠪᠢᠯᠡ᠃ ᠴᠢᠩᠭᠢᠰ ᠬᠠᠭᠠᠨ ᠠᠯᠲᠠᠨ ᠬᠠᠨ ᠤ᠋ ᠡᠰᠡᠷᠭᠦ ᠳᠠᠢᠳᠤᠬᠤ ᠪᠠᠷ ᠤᠮᠠᠷᠠᠲᠤ᠂ ᠬᠢᠲᠠᠳ ᠤᠷᠤᠭᠤ ᠳᠣᠪᠲᠣᠯᠬᠤ ᠳ᠋ᠠᠭᠠᠨ ᠲᠡᠷᠡ ᠪᠡᠷ ᠮᠥᠩᠬᠡ ᠲᠡᠭᠷᠢ ᠳ᠋ᠦ᠍ ᠰᠥᠭᠥᠳᠴᠦ ᠠᠪᠤᠷᠠᠯ ᠢᠪᠡᠭᠡᠯ ᠡᠷᠢᠨ ᠥᠭᠦᠯᠡᠭᠰᠡᠨ ᠨᠢ: 《 ᠬᠢᠲᠠᠳ ᠤ᠋ᠨ ᠡᠵᠡᠨᠲᠡᠨ ᠨᠦ᠍ᠭᠦᠳ ᠨᠢ ᠮᠢᠨᠦ ᠲᠥᠷᠥᠯ ᠠᠭᠠᠰ ᠳᠡᠭᠡᠳᠦᠰ ᠠᠮᠪᠠᠭᠠᠢ ᠬᠠᠨ᠂ ᠥᠬᠢᠨ ᠪᠠᠷᠠᠬᠠᠨ ᠪᠠ ᠬᠠᠳᠠᠨ ᠪᠠᠭᠠᠲᠤᠷ ᠨᠠᠷ ᠢ᠋ ᠬᠡᠷᠴᠡᠭᠡᠢ ᠪᠡᠷ ᠬᠥᠨᠥᠭᠡᠭᠰᠡᠨ ᠲᠤᠯᠠ ᠪᠢ ᠲᠡᠳᠡᠨ ᠤ ᠪᠡᠨ ᠥᠰᠢᠶ᠎ᠡ ᠶ᠋ᠢ ᠠᠪᠬᠤ ᠪᠠᠷ ᠶᠠᠪᠤᠨ᠎ᠠ᠃ ᠠᠦᠭ᠎ᠠ ᠶᠡᠬᠡ ᠮᠥᠩᠬᠡ ᠲᠡᠭᠷᠢ ᠮᠢᠨᠢ ᠲᠠ ᠠᠪᠤᠷᠠᠯ ᠢᠪᠡᠭᠡᠯ ᠢ᠋ᠶ᠋ᠡᠨ ᠬᠠᠢᠷᠠᠯᠠᠨ᠎ᠠ ᠤᠤ ᠭᠡᠮᠡᠨ ᠮᠡᠬᠦᠢᠴᠦ ᠪᠠᠢᠨ᠎ᠠ 》ᠭᠡᠵᠦ ᠳᠠᠭᠠᠳᠬᠠᠭᠠᠳ ᠮᠣᠷᠢᠨ ᠳ᠋ᠠᠭᠠᠨ ᠮᠣᠷᠳᠠᠨ ᠶᠠᠪᠤᠯ᠎ᠠ᠃ ᠪᠣᠯᠭᠣᠭᠠᠨᠳᠤᠨ᠃