ᠵᠢᠷᠮᠦᠰᠦᠨ ᠮᠠᠨᠠᠨ 〈 6 〉 - ᠲ ᠂ ᠭᠣᠮᠪᠣᠵᠠᠪ Жирэмсэн манан 〈 6 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠮᠦᠰᠦᠨ ᠮᠠᠨᠠᠨ 〈 6 〉 - ᠲ ᠂ ᠭᠣᠮᠪᠣᠵᠠᠪ Жирэмсэн манан 〈 6 〉 - Т ᠂ Гомбожав

ᠵᠢᠷᠮᠦᠰᠦᠨ ᠮᠠᠨᠠᠨ 〈 6 〉 - ᠲ ᠂ ᠭᠣᠮᠪᠣᠵᠠᠪ Жирэмсэн манан 〈 6 〉 - Т ᠂ Гомбожав

2023-05-29

226

ᠵᠢᠷᠮᠦᠰᠦᠨ ᠮᠠᠨᠠᠨ - 6


         ᠥᠴᠥᠭᠡᠳᠦᠷ ᠦᠨ ᠪᠣᠷᠣᠭᠠᠨ  

 ᠥᠨᠥᠳᠥᠷ ᠦᠨ ᠬᠠᠶ᠋ᠢᠷ᠎ᠠ ᠶᠢ ᠠᠷᠭᠠᠳᠠᠬᠤ ᠭᠡᠵᠤ  
 ᠥᠴᠥᠭᠡᠳᠦᠷ ᠦᠨ ᠪᠣᠷᠣᠭᠠᠨ ᠢᠴᠢᠮᠡᠲᠡᠬᠡᠢ ᠱᠠᠭᠢᠨ᠎ᠠ 
 ᠨᠢᠮᠬᠡᠨ ᠳ᠋ᠡᠭᠡᠨ ᠢᠴᠢᠵᠤ ᠴᠢᠳᠠᠬᠤ 
 ᠡᠭᠦᠯᠡᠰ᠂ ᠥᠨᠳᠥᠷ ᠳᠡᠰᠢ ᠠᠨᠢᠪᠴᠢᠨ  
 ᠨᠢᠯᠪᠤᠰᠤ ᠪᠠᠨ ᠨᠢᠭᠤᠵᠤ ᠴᠢᠳᠠᠬᠤ ᠦᠭᠡᠢ  
 ᠡᠪᠦᠭᠡᠳ ᠦᠨ ᠴᠢᠷᠠᠢ ᠤᠶᠠᠬᠠᠨ ᠵᠦᠰᠡᠷᠡᠨ᠎ᠡ  
 ᠠᠷᠭᠠᠳᠠᠯ ᠳᠠᠭᠠᠭᠠᠭ᠎ᠠ ᠦᠭᠡᠢ ᠵᠥᠭᠡᠯᠡᠬᠡᠨ ᠮᠤᠷᠤᠶ᠋ᠢᠭᠰᠠᠨ
 ᠦᠬᠡᠷ ᠦᠨ ᠡᠪᠡᠷ 
 ᠥᠪᠡᠷ ᠦᠨ ᠡᠰᠡᠷᠤ᠎ᠡ ᠭᠢᠬᠡᠳ 
 ᠨᠠᠳᠠ ᠤᠷᠤᠭᠤ ᠰᠢᠪᠦᠭᠡᠷᠡᠵᠤ ᠢᠷᠡᠨ᠎ᠡ
 ᠬᠣᠯᠠ ᠶᠢᠨ ᠵᠡᠷᠭᠡᠯᠭᠡᠨ ᠠᠵᠢᠵᠤ 
 ᠬᠤᠩᠭᠤᠷ ‍ᠢᠶ᠋ᠠᠨ ᠦᠯᠦᠰᠭᠦᠯᠡᠩ ᠥᠳᠡᠭᠰᠡᠨ ᠪᠥᠰᠡᠬᠥᠢ
 ᠬᠣᠨᠣᠭ ᠪᠣᠯᠭᠠᠨ ᠮᠢᠨᠤ ᠵᠢᠷᠦᠬᠡ ᠪᠡᠷ ᠤᠬᠢᠯᠠᠨ᠎ᠠ 
 ᠶᠠᠰᠤ ᠶᠠᠰᠤ ᠪᠠᠨ ᠠᠳᠬᠤᠵᠤ ᠤᠨᠠᠭᠰᠠᠨ ᠬᠣᠶᠠᠷ ᠡᠷ᠎ᠡ ᠶᠢᠨ
 ᠶᠠᠮᠠᠷ ᠴᠦ᠍ ᠭᠡᠷᠢᠶᠡᠰ ᠦᠭᠡᠢ 
       ᠬᠡᠭᠦᠷ ᠢ ᠮᠠᠨᠠᠬᠤ ᠦᠭᠡᠢ ᠭᠡᠵᠤ 
 ᠨᠠᠳᠠ ᠤᠷᠤᠭᠤ ᠳᠤᠲᠠᠭᠠᠬᠤ ᠭᠡᠤᠭᠡᠳ 
 ᠲᠡᠮᠡᠭᠡᠨ ᠲᠠᠪᠠᠭ ᠰᠢᠲᠠᠵᠤ ᠤᠨᠠᠬᠤ 
 ᠲᠡᠤᠬᠡ ᠶᠢᠨ ᠭᠠᠩ ᠲᠠᠢ ᠢᠷᠡᠨ᠎ᠡ  
 ᠥᠴᠥᠭᠡᠳᠦᠷ ᠦᠨ ᠪᠣᠷᠣᠭᠠᠨ᠂  ᠨᠠᠮᠠᠢ᠍ᠢ
 ᠦᠷᠭᠡᠨ ᠰᠠᠬᠠᠷᠠ ᠶᠢᠨ ᠡᠯᠡᠰᠦ ᠤᠷᠤᠭᠤ 
 ᠡᠳᠦᠷᠵᠢᠨ ᠴᠦᠯᠡᠵᠤ ᠱᠠᠭᠢᠨ᠎ᠠ ᠡ 

       ᠲᠠᠨᠢᠯ ᠳᠠᠰᠤᠯ ᠤᠴᠢᠷ ᠤᠳ 

 ᠲᠠᠨᠢᠯ ᠪᠤᠰᠤ ᠤᠴᠢᠷ ᠤᠨ ᠴᠠᠭᠠᠨ᠎ᠠ 
 ᠲᠠᠯ᠎ᠠ ᠨᠢ 
 ᠲᠠᠨᠢᠯ ᠳᠠᠰᠤᠯ ᠵᠢᠰᠦ ᠴᠢᠷᠠᠢ ᠶᠤᠮ 
 ᠮᠢᠨᠤ ᠨᠢᠳᠦᠨ ᠦ 
 ᠲᠠᠷᠢᠬᠢ ᠪᠠᠨ ᠬᠠᠷᠠᠭᠰᠠᠨ ᠭᠡᠰᠡᠭ ᠨᠢ ᠪᠣᠯ 
 ᠬᠣᠯᠠ ᠶᠢ ᠠᠵᠢᠬᠤ ᠳᠤᠷᠠᠨ ᠪᠢᠯᠡ 
 ᠥᠨᠳᠥᠷ ᠲᠡᠰᠢ ᠦᠭᠰᠦᠭᠡᠨ ᠬᠠᠯᠢᠰᠬᠠᠭᠰᠠᠨ ᠮᠢᠨᠤ 
 ᠥᠷᠥᠭᠡᠰᠦᠨ ᠭᠦᠬᠡ ᠴᠢᠯᠠᠭᠤ ᠶᠢ 
 ᠦᠢ ᠤᠯᠠᠨ ᠮᠠᠭᠠᠳ ᠦᠭᠡᠢ ᠳᠠᠲᠠᠵᠤ ᠤᠨᠠᠭᠠᠬᠤ 
 ᠡᠨᠡ ᠪᠣᠯ 
 ᠡᠬᠡ ᠭᠠᠵᠠᠷ ᠤᠨ ᠳᠠᠲᠠᠬᠤ ᠭᠥᠴᠥᠨ ᠦ ᠳᠠᠰᠤᠯᠬᠠᠨ ᠡᠨᠳᠡᠭᠦᠷᠡᠯ ᠶᠤᠮ 
 ᠥᠷᠥᠭᠡᠯ ᠤᠷᠤᠭᠤ 
 ᠡᠪᠦᠷ ᠠᠭᠤᠲᠠᠯᠤᠨ ᠡᠶᠡᠯᠰᠡᠭ ᠨᠢᠰᠬᠡᠭᠰᠡᠨ ᠮᠢᠨᠤ ᠳᠠᠭᠲᠠᠭᠠᠳ ᠢ 
 ᠡᠬᠡᠭᠥᠯᠥᠯ ᠦᠭᠡᠢ ᠠᠯᠠᠵᠤ᠂ ᠱᠥᠯᠥ᠍ ᠶᠢ ᠨᠢ ᠤᠤᠭᠤᠬᠤ ᠪᠤᠶᠤ
 ᠵᠠᠬ᠎ᠠ ᠳᠡᠯᠭᠢᠭᠥᠷ ᠲᠦ ᠠᠪᠠᠴᠢᠵᠤ 
 ᠥᠨᠳᠥᠷ ᠦᠨ᠎ᠡ ᠪᠡᠷ ᠠᠷᠠᠯᠵᠢᠬᠤ ᠪᠣᠯ 
 ᠲᠠᠷᠭᠤᠯᠠᠬᠤ ᠳᠤᠳᠤᠮ  ‍ᠢᠶ᠋ᠠᠨ ᠬᠣᠪᠳᠣᠭᠰᠢᠬᠤ ᠨᠠᠢᠵᠢ ᠶᠤᠮ 
 ᠡᠷ᠎ᠡ ᠬᠠᠳᠠᠨ ᠪᠡᠶ᠎ᠡ ᠶᠢᠨ ᠮᠢᠨᠢ ᠰᠡᠭᠦᠳᠡᠷ ᠢ 
 ᠡᠷᠬᠡ ᠮᠡᠳᠡᠭᠦᠯᠦᠯ ᠦᠭᠡᠢ 
 ᠳᠡᠭᠡᠭᠦᠷ ᠬᠠᠷᠠᠭᠰᠠᠨ ᠳ᠋ᠸᠩ ᠦᠳ ᠦᠨ ᠭᠡᠷᠡᠯ 
 ᠬᠠᠶᠠ ᠬᠠᠶᠠ ᠡᠪᠬᠡᠵᠤ ᠵᠢᠵᠢᠭᠷᠡᠭᠦᠯᠦᠨ 
 ᠬᠠᠶᠠ ᠬᠠᠶᠠ ᠲᠡᠯᠡᠵᠤ ᠤᠷᠳᠤᠰᠬᠠᠨ 
 ᠥᠴᠥᠬᠡᠨ ᠤᠢᠳᠬᠠᠷ  ‍ᠢᠶ᠋ᠠᠨ ᠠᠷᠭᠠᠳᠠᠬᠤ ᠳᠤ 
 ᠮᠢᠨᠤ ᠰᠢᠷᠪᠦᠰᠦ 
 ᠶᠣᠣᠯᠠᠵᠤ ᠴᠢᠳᠠᠬᠤ ᠦᠭᠡᠢ ᠡᠪᠡᠳᠬᠦ ᠶᠤᠮ

          ᠠᠯᠳᠠᠭ᠎ᠠ
      1 
 ᠴᠢᠨᠤ ᠭᠠᠷ ᠰᠤᠨᠵᠤ ᠢᠷᠡᠬᠦ ᠳ᠋ᠡᠭᠡᠨ
 ᠪᠡᠭᠡᠯᠡᠢ ᠲᠠᠢ ᠪᠠᠢᠭᠰᠠᠨ ᠪᠣᠯᠬᠣᠷ 
 ᠪᠢ ᠳᠤᠲᠠᠭᠠᠭᠰᠠᠨ ᠶᠤᠮ 
 ᠪᠡᠭᠡᠯᠡᠢ ᠪᠣᠯ ᠴᠢᠨᠤ ᠠᠯᠳᠠᠭ᠎ᠠ 
 ᠪᠡᠶ᠎ᠡ ᠶᠢ ᠮᠢᠨᠢ ᠳᠤᠲᠠᠭᠠᠯᠭᠠᠵᠤ ᠴᠢᠳᠠᠭᠰᠠᠨ 
 ᠲᠡᠷᠡ ᠡᠭᠦᠳᠡ 
 ᠮᠢᠨᠤ ᠠᠯᠳᠠᠭ᠎ᠠ ᠪᠠᠶ᠋ᠢᠵᠠᠢ
      2 
 ᠦᠳᠡᠰᠢ ᠪᠣᠯᠭᠠᠨ ᠤ ᠬᠠᠪᠢᠷᠭᠠᠨ ᠰᠠᠷᠠ 
 ᠴᠢᠨᠤ 
 ᠨᠣᠶ᠋ᠢᠷ ᠠᠯᠳᠠᠬᠤ ᠵᠢᠰᠦ 
 ᠥᠷᠯᠥᠭᠡ ᠪᠥᠬᠥᠨ ᠦ ᠴᠡᠩᠬᠡᠷ ᠤᠳᠤᠭ᠎ᠠ 
 ᠮᠢᠨᠤ 
 ᠦᠯᠦᠰᠭᠦᠯᠡᠩ ᠬᠣᠨᠣᠭᠰᠠᠨ ᠭᠤᠨᠢᠭ 
 ᠰᠢᠮᠡᠬᠦ ᠳᠤᠳᠤᠮ ‍ᠢᠶ᠋ᠠᠨ ᠮᠠᠨ ᠤ ᠠᠯᠳᠠᠭ᠎ᠠ 
 ᠰᠢᠬᠢᠷ ᠪᠣᠯᠵᠤ ᠴᠢᠳᠠᠭᠰᠠᠨ ᠦᠭᠡᠢ ᠡ
      3 
 ᠡᠴᠦᠰ ᠲᠡᠬᠡᠨ ᠲᠠᠶ᠋ᠢᠯᠵᠤ ᠴᠢᠳᠠᠭᠰᠠᠨ ᠴᠢᠨᠤ ᠪᠡᠭᠡᠯᠡᠢ 
 ᠡᠷᠭᠢᠵᠤ ᠬᠠᠷᠠᠬᠤ ᠳᠤ 
 ᠡᠷᠢᠶᠡᠨ ᠴᠡᠩᠬᠡᠷ ᠠᠯᠴᠢᠭᠤᠷ ᠪᠠᠶ᠋ᠢᠯ᠎ᠠ 
 ᠡᠭᠦᠷᠢᠳᠡ ᠬᠠᠭᠠᠯᠳᠠᠳᠠᠢ ᠲᠡᠷᠡ ᠡᠭᠦᠳᠡ 
 ᠡᠪᠬᠡᠭᠡᠳ ᠢᠷᠡᠬᠦ ᠳᠦ 
 ᠡᠮᠵᠢᠭ ᠴᠠᠭᠠᠨ ᠪᠥᠱᠥᠭᠦᠷᠬᠡᠯ ᠪᠠᠶ᠋ᠢᠯ᠎ᠠ
      4 
 ᠭᠠᠭᠴᠠᠬᠦ᠂ ᠲᠡᠷᠡᠬᠦ ᠠᠯᠳᠠᠭ᠎ᠠ ᠪᠣᠯ 
 ᠬᠣᠶᠠᠷ ᠠᠭᠤᠯᠠ ᠶᠢᠨ ᠵᠠᠶ᠋ᠢᠴᠢᠯᠠᠵᠤ ᠳᠣᠭᠳᠣᠯᠬᠤ
 ᠪᠣᠢ ᠪᠦᠬᠦᠢ ᠠᠭᠤᠯᠭ᠎ᠠ 
 ᠬᠠᠷᠢᠵᠤ ᠡᠰᠡ ᠴᠢᠳᠠᠬᠤ ᠣᠨᠢᠰᠤ ᠲᠠᠢ ᠡᠭᠦᠳᠡ ᠪᠢᠯᠡ
 
        ᠪᠠᠳᠢᠷᠴᠢᠨ 
 ᠵᠠᠮ ᠳᠤᠩ ᠬᠣᠯᠠ 
 ᠭᠡᠲᠡᠯ᠎ᠡ᠂ ᠡᠭᠦᠳᠡ ᠪᠥᠬᠥᠨ 
 ᠴᠢᠮ᠎ᠠ ᠳᠤ ᠴᠣᠣᠵᠢ ᠲᠠᠢ ᠡ 
 ᠥᠷᠲᠡᠭᠡᠨ ᠳᠣᠲᠣᠨ᠎ᠠ 
 ᠭᠥᠰᠡᠯ ᠦᠨ ᠬᠠᠩᠰᠢ ᠱᠠᠲᠤ ᠦᠭᠰᠦᠨ ᠥᠨᠳᠥᠷᠯᠡᠨ᠎ᠡ 
 ᠴᠢ 
 ᠪᠢᠯᠸᠲ ᠠᠪᠬᠤ ᠵᠣᠭᠣᠰ ᠦᠭᠡᠢ ᠳ᠋ᠡᠭᠡᠨ ᠳᠤᠭᠤᠭᠰᠢ ᠭᠤᠯᠭᠤᠯ᠎ᠠ 
 ᠤᠯᠠᠨ ᠦᠩᠭᠡ ᠶᠢᠨ ᠨᠢᠳᠦ 
 ᠴᠢᠮ᠎ᠠ ᠶᠢ 
 ᠴᠢᠩᠭ᠎ᠠ ᠬᠥᠨᠳᠡᠢ ᠤᠩᠰᠢᠨ᠎ᠠ 
 ᠡᠨᠡ᠂ ᠤᠷᠴᠢᠯᠠᠩ ᠲᠠᠨᠢᠬᠤ ᠴᠤᠩᠬᠤ ᠨᠤᠭᠤᠳ ‍ᠢᠶ᠋ᠠᠷ 
 ᠴᠢ᠂ ᠡᠴᠦᠰ ᠲᠡᠬᠡᠨ 
 ᠡᠷᠢᠶᠡᠨ ᠬᠤᠷᠤ᠎ᠠ ᠶᠢ ᠨᠢᠴᠦᠭᠦᠨ ᠲᠠᠨᠢᠭᠠᠳ 
 ᠡᠷᠭᠢᠮ ᠳᠡᠭᠡᠳᠦ ᠪᠥᠱᠥᠭᠥᠷᠬᠡᠯ᠎ᠡ 
 ᠲᠡᠭᠡᠭᠡᠳ 
 ᠭᠡᠨ ᠳᠦ ᠴᠦ᠍ ᠡᠷᠢᠶ᠎ᠡ ᠦᠭᠡᠢ ᠶᠠᠷᠢᠬᠤ ᠰᠡᠳᠬᠢᠯ ᠦᠨ ᠥᠭᠡ ᠴᠢᠨᠢ ᠭᠡᠯᠲᠡᠷᠡᠵᠤ 
 ᠴᠢ᠂  ᠡᠭᠴᠡᠬᠡᠨ ᠤᠷᠭᠤᠬᠤ ᠤᠴᠢᠷ ᠲᠠᠢ 
 ᠨᠡᠷ᠎ᠡ ᠪᠡᠷ  ‍ᠢᠶ᠋ᠠᠨ 
 ᠡᠭᠦᠳᠡ ᠳᠠᠷᠠᠭᠠᠯᠠᠨ ᠵᠠᠮ ᠳᠤᠭᠰᠢᠵᠤ ᠶᠠᠪᠤᠯ᠎ᠠ ᠠ

  ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ᠄  ᠴᠣᠯᠮᠣᠨᠲᠤᠶᠠᠭ᠎ᠠ 
          ᠬᠢᠨᠠᠭᠴᠢ ᠄   ᠲᠤᠭᠴᠢ ᠰᠠᠷᠠᠨ᠎ᠠ
               2023 ᠂ 5 ᠂ 25  ᠪ ᠡᠲᠦᠷ