3-37-39ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠳᠣᠭᠣᠳᠣᠨ ᠡᠪᠡᠳᠴᠢᠨ᠂ ᠭᠡᠳᠡᠰᠦᠨ ᠡᠪᠡᠳᠴᠢᠨ᠂ ᠣᠯᠣᠭᠠᠢ ᠶ᠋ᠢᠨ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-37-39ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠳᠣᠭᠣᠳᠣᠨ ᠡᠪᠡᠳᠴᠢᠨ᠂ ᠭᠡᠳᠡᠰᠦᠨ ᠡᠪᠡᠳᠴᠢᠨ᠂ ᠣᠯᠣᠭᠠᠢ ᠶ᠋ᠢᠨ ᠡᠪᠡᠳᠴᠢᠨ ᠊ᠢ ᠵᠠᠰᠠᠬᠤ

3-37-39ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠣᠳᠣᠭᠣᠳᠣᠨ ᠡᠪᠡᠳᠴᠢᠨ᠂ ᠭᠡᠳᠡᠰᠦᠨ ᠡᠪᠡᠳᠴᠢᠨ᠂ ᠣᠯᠣᠭᠠᠢ ᠶ᠋ᠢᠨ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-29

288

ᠬᠣᠳᠣᠭᠣᠳᠣᠨ ᠡᠪᠡᠳᠴᠢᠨ ᠊ᠢ ᠵᠠᠰᠠᠬᠤ

   ᠬᠣᠳᠣᠭᠣᠳᠣᠨ ᠡᠪᠡᠳᠴᠢᠨ ᠢᠨᠤ ᠢᠳᠡᠭᠡᠨ ᠤᠮᠳᠠᠭᠠᠨ ᠊ᠢ ᠶᠡᠬᠡᠳᠡ ᠬᠡᠲᠦᠷᠡᠭᠦᠯᠦᠭᠰᠡᠨ ᠪᠠ ᠡᠰᠡ ᠰᠢᠩᠭᠡᠬᠦ᠂ ᠬᠦᠢᠲᠡᠨ ᠴᠢᠭᠢᠭ ᠲᠡᠷᠢᠭᠦᠲᠡᠨ ᠡᠴᠡ ᠡᠭᠦᠰᠦᠮᠦᠢ᠃ ᠲᠡᠭᠦᠨ ᠳ᠋ᠦ᠍ ᠰᠠᠭᠤᠯᠭᠠᠬᠤ᠂ ᠪᠥᠭᠡᠯᠵᠢᠬᠦ᠂ ᠭᠡᠭᠡᠷᠡᠬᠦ ᠲᠡᠶ᠋ᠢᠨ ᠪᠠᠶ᠋ᠢᠲᠠᠯ ᠳᠣᠯᠣᠭᠠᠨ ᠵᠦᠢᠯ ᠪᠠᠶ᠋ᠢᠮᠤᠢ᠃ ᠶᠡᠷᠦ ᠶ᠋ᠢᠨ ᠡᠮ᠂ ᠵᠠ ᠭᠠ᠂ ᠪᠢᠪᠢᠯᠢᠩ᠂ ᠫᠣᠸᠠᠷᠢ᠂ ᠰᠢᠩᠭᠦᠨ᠂ ᠰᠢᠩᠼᠠ᠂ ᠰᠦᠭᠮᠸᠯ ᠵᠠᠮᠼᠤᠸᠨ ᠺᠡᠷᠤᠼᠤᠸᠠ᠂ ᠭᠦᠷᠭᠦᠮ᠂ ᠵᠣᠩᠰᠢ᠂ ᠮᠥᠰᠥᠨ ᠰᠢᠬᠢᠷ᠂ ᠪᠤᠷᠠᠮ ᠊ᠢ ᠬᠤᠪᠢ ᠲᠠᠭᠰᠢ ᠨᠠᠶ᠋ᠢᠷᠠᠭᠤᠯᠤᠭᠰᠠᠨ ᠭᠠᠯᠠᠪ ᠤ᠋ᠨ ᠭᠠᠯ ᠬᠦᠷᠳᠦ ᠪᠡᠷ ᠬᠣᠳᠣᠭᠣᠳᠣᠨ ᠡᠪᠡᠳᠴᠢᠨ ᠪᠦᠬᠦᠨ ᠊ᠢ ᠳᠠᠷᠤᠭᠴᠢ ᠡᠮ ᠦ᠋ᠨ ᠳᠡᠭᠡᠳᠦ ᠪᠣᠯᠠᠢ᠃ ᠪᠠᠰᠠ ᠬᠣᠳᠣᠭᠣᠳᠣᠨ ᠬᠡᠢ ᠳ᠋ᠦ᠍ ᠰᠸᠪᠦ᠋ᠷᠦ —ᠴᠦ᠍ ᠲᠤᠰᠠᠲᠠᠢ᠃ ᠬᠠᠯᠠᠭᠤᠨ ᠳ᠋ᠤ᠌ ᠪᠠᠷᠬᠠᠱᠦ᠋ᠨ —9 ᠪᠤᠶᠤ ᠳᠣᠭᠣᠯᠭᠠᠬᠤ ᠡᠮ ᠢ᠋ᠶ᠋ᠡᠷ ᠰᠤᠳᠤᠯᠭ᠎ᠠ 

ᠭᠡᠳᠡᠰᠦᠨ ᠡᠪᠡᠳᠴᠢᠨ ᠊ᠢ ᠵᠠᠰᠠᠬᠤ

   ᠭᠡᠳᠡᠰᠦᠨ ᠲᠠᠪᠤᠨ ᠡᠪᠡᠳᠴᠢᠨ ᠢᠨᠤ ᠵᠢᠮᠢᠰ᠂ ᠲᠦᠭᠦᠬᠡᠢ ᠢᠯᠵᠢᠷᠡᠭᠰᠡᠨ ᠢᠳᠡᠭᠡᠨ᠂ ᠡᠰᠡ ᠰᠢᠩᠭᠡᠬᠦ ᠶ᠋ᠢᠨ ᠨᠥᠬᠥᠴᠡᠯ ᠢ᠋ᠶ᠋ᠡᠷ ᠡᠭᠦᠰᠬᠦ ᠬᠠᠯᠠᠭᠤᠨ ᠬᠦᠢᠲᠡᠨ ᠬᠣᠶᠠᠷ ᠪᠣᠢ᠃ ᠬᠠᠯᠠᠭᠤᠨ ᠳ᠋ᠤ᠌ ᠪᠠᠷᠬᠠᠱᠦ᠋ᠨ᠂ ᠭᠦᠷᠭᠦᠮ᠂ ᠰᠥᠭᠮᠸᠯ ᠳ᠋ᠤᠮᠷᡁᠢ  ᠯᠢᠭᠠᠲᠤᠷ᠂ ᠮᠠᠨᠴᠢᠨ᠂ ᠷᠦᠳᠠ᠂ ᠬᠠᠷ᠎ᠠ ᠱᠣᠳᠠᠭ᠂ ᠠᠷᠤᠷ᠎ᠠ᠂ ᠪᠡᠷᠢᠶᠡᠩᠭᠦ᠂ ᠫᠣᠸᠠᠷᠢ᠂ ᠵᠠᠮᠼᠤᠸᠨ ᠥᠰᠦ᠋ ᠶ᠋ᠢ ᠬᠤᠪᠢ ᠲᠠᠭᠰᠢ ᠫᠠᠭᠲ᠋ᠠᠯ ᠊ᠢ ᠪᠣᠯᠭᠠᠵᠤ᠂ ᠯᠠᠷᠽᠢ ᠦᠨᠦᠷᠲᠦᠬᠦ ᠶ᠋ᠢᠨ ᠲᠡᠳᠦᠢ ᠨᠠᠶ᠋ᠢᠷᠠᠭᠤᠯᠤᠭᠰᠠᠨ ᠴᠠᠭᠠᠨ ᠠᠷᠰᠯᠠᠨ —15 ᠪᠠᠷ ᠰᠠᠭᠤᠯᠭᠠᠬᠤ ᠡᠪᠡᠳᠴᠢᠨ ᠊ᠢ ᠵᠠᠰᠠᠨ᠎ᠠ᠃ ᠭᠡᠳᠡᠰᠦ᠂ ᠣᠯᠣᠭᠠᠢ᠂ ᠬᠣᠳᠣᠭᠣᠳᠣᠨ ᠡᠪᠡᠳᠴᠢᠨ ᠪᠦᠬᠦᠨ ᠳ᠋ᠦ᠍ ᠳᠠᠷᠤᠬᠤ ᠶ᠋ᠢᠨ ᠳᠡᠭᠡᠳᠦ᠃
ᠬᠡᠢ ᠬᠢᠭᠡᠳ ᠬᠦᠢᠲᠡᠨ ᠳ᠋ᠦ᠍ ᠰᠢᠵᠢᠳ —6 ᠬᠢᠭᠡᠳ ᠬᠤᠷᠠᠭ ᠲᠤ᠌ ( ᠭᠡᠳᠡᠰᠦᠨ ᠦ᠌ ᠬᠠᠭᠤᠴᠢᠷᠠᠭᠰᠠᠨ ᠡᠪᠡᠳᠴᠢᠨ ) ᠳ᠋ᠠᠭᠪᠤ ᠶ᠋ᠢᠨ ᠬᠠᠷ᠎ᠠ ᠡᠮ ᠳᠡᠭᠡᠳᠦ ᠰᠠᠢᠨ
ᠢᠳᠡᠭᠡᠨ ᠦᠯᠦ ᠵᠣᠬᠢᠯᠳᠤᠬᠤ ᠳ᠋ᠤ᠌ ᠠᠯᠢ ᠬᠠᠷᠰᠢᠭᠰᠠᠨ ᠢᠳᠡᠭᠡᠨ ᠊ᠢ ᠲᠦᠯᠡᠭᠡᠳ ᠦᠨᠡᠰᠦ ᠶ᠋ᠢ ᠨᠢ ᠡᠮ ᠯᠤᠭᠡ ᠬᠣᠯᠢᠬᠤ ᠪᠤᠶᠤ ᠢᠳᠡᠭᠡᠨ ᠳ᠋ᠦ᠍ᠨᠢ ᠬᠢᠪᠡᠰᠦ ᠰᠠᠢᠨ


ᠣᠯᠣᠭᠠᠢ ᠶ᠋ᠢᠨ ᠡᠪᠡᠳᠴᠢᠨ ᠊ᠢ ᠵᠠᠰᠠᠬᠤ

   ᠣᠯᠣᠭᠠᠢ ᠶ᠋ᠢᠨ ᠡᠪᠡᠳᠴᠢᠨ ᠢᠨᠤ ᠢᠳᠡᠭᠡᠨ ᠶᠠᠪᠤᠳᠠᠯ ᠬᠡᠲᠦᠷᠡᠬᠦ ᠬᠢᠭᠡᠳ ᠡᠰᠡ ᠰᠢᠩᠭᠡᠬᠦ᠂ ᠶᠡᠬᠡᠳᠡ ᠬᠠᠭᠤᠴᠢᠷᠠᠭᠰᠠᠨ ᠮᠢᠬ᠎ᠠ᠂ ᠠᠮᠲᠠ ᠰᠢᠮᠳᠠ ᠲᠠᠢ ᠢᠳᠡᠭᠡᠨ ᠊ᠢ ᠦᠯᠡᠮᠵᠢ ᠰᠢᠲᠦᠭᠰᠡᠨ ᠡᠴᠡ ᠡᠭᠦᠰᠬᠦ ᠣᠯᠠᠨ᠃ ᠰᠢᠨᠵᠢ ᠳ᠋ᠦ᠍ ᠦᠷᠭᠦᠯᠵᠢ ᠰᠠᠭᠤᠯᠭᠠᠬᠤ ᠪᠠ ᠭᠡᠭᠡᠷᠡᠬᠦ᠂ ᠬᠣᠷᠴᠢᠭᠢᠨᠠᠵᠤ ᠬᠦᠢᠰᠦᠨ ᠵᠠᠬ᠎ᠠ ᠳ᠋ᠤ᠌ ᠡᠪᠡᠳᠬᠦ ᠴᠠᠳᠬᠤ ᠥᠯᠥᠰᠬᠦ ᠨᠢ ᠬᠢᠯᠪᠠᠷ᠃ ᠡᠮ ᠨᠢ᠄ ᠰᠸᠪᠦ᠋ᠷᠦ —13 ᠳ᠋ᠸᠵᠢᠳᠨᠢᠶᠦᠮᠳᠡ᠂ ᠵᠣᠩᠰᠢ ᠶ᠋ᠢᠨ ᠦᠨᠡᠰᠦᠨ ᠡᠮ ᠦ᠋ᠨ ᠵᠦᠢᠯ ᠦ᠋ᠳ ᠊ᠢ ᠥᠭᠪᠡᠰᠦ ᠲᠤᠰᠠᠯᠠᠬᠤ ᠭᠡᠮᠡᠨ ᠠᠶ᠋ᠢᠯᠠᠤᠠᠪᠠᠢ
ᠶᠡᠷᠦ ᠳ᠋ᠦ᠍ ᠲᠣᠭᠣᠯᠭᠠᠨ ᠰᠤᠳᠤᠯᠵᠤ ᠤᠳᠠᠪᠠᠰᠤ ᠠᠮᠤᠷ ᠰᠠᠭᠤᠭᠰᠠᠭᠠᠷ ᠦᠬᠦᠯ ᠦ᠋ᠨ ᠡᠵᠡᠨ ᠳ᠋ᠦ᠍ ᠵᠡᠷᠭᠡᠮᠵᠢ ᠪᠡᠷ ᠬᠥᠲᠥᠯᠦᠭᠲᠡᠮᠦᠢ

   ᠦᠰᠦᠭ ᠠᠮᠢᠯᠠᠭᠤᠯᠤᠭᠴᠢ᠄ ᠱᠠᠭᠰᠠᠯ
   ᠬᠢᠨᠠᠭᠴᠢ᠄ ᠣᠤᠠᠬᠠᠨᠰᠣ ‍ᠠ᠋