ᠲᠡᠦᠬᠡ ᠶ᠋ᠢᠨ ᠠᠰᠠᠭᠤᠯᠲᠠ ᠬᠠᠷᠢᠭᠤᠯᠲᠠТүүхийн асуулт хариулт ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠦᠬᠡ ᠶ᠋ᠢᠨ ᠠᠰᠠᠭᠤᠯᠲᠠ ᠬᠠᠷᠢᠭᠤᠯᠲᠠТүүхийн асуулт хариулт

ᠲᠡᠦᠬᠡ ᠶ᠋ᠢᠨ ᠠᠰᠠᠭᠤᠯᠲᠠ ᠬᠠᠷᠢᠭᠤᠯᠲᠠТүүхийн асуулт хариулт

ᠲᠡᠦᠬᠡ ᠶ᠋ᠢᠨ ᠠᠰᠠᠭᠤᠯᠲᠠ ᠬᠠᠷᠢᠭᠤᠯᠲᠠ

ᠲᠡᠦᠬᠡ ᠶ᠋ᠢᠨ ᠠᠰᠠᠭᠤᠯᠲᠠ ᠬᠠᠷᠢᠭᠤᠯᠲᠠ

 

ᠪᠠᠭᠰᠢ ᠄ ᠠᠯᠤᠩᠭᠤᠸ᠋᠎ᠠ ᠬᠡᠳᠦᠨ ᠬᠦᠦ ᠲᠡᠢ ᠪᠣᠢ ?

ᠰᠤᠷᠤᠭᠴᠢ ᠄ ᠲᠠᠪᠤᠨ ᠬᠦᠦ ᠲᠡᠢ ᠃

ᠪᠠᠭᠰᠢ ᠄ ᠲᠠᠭᠠᠷᠠᠭᠰᠠᠨ!

ᠪᠠᠭᠰᠢ ᠄ ᠳᠣᠪᠣ ᠮᠡᠷᠭᠡᠨ ᠦ᠌ ᠠᠬ᠎ᠠ ᠨᠢ ᠬᠡᠨ ᠪᠣᠢ ?

ᠰᠤᠷᠤᠭᠴᠢ ᠄ ᠳᠤᠸᠠ ᠰᠣᠬᠣᠷ ᠃

ᠪᠠᠭᠰᠢ ᠄ ᠲᠠᠭᠠᠷᠠᠭᠰᠠᠨ!

ᠪᠠᠭᠰᠢ ᠄ ᠶᠢᠰᠦᠭᠡᠢ ᠪᠠᠭᠠᠲᠤᠷ ᠤ᠋ᠨ ᠠᠪᠤ ᠨᠢ ᠬᠡᠨ ᠪᠣᠢ ?

ᠰᠤᠷᠤᠭᠴᠢ ᠄ ᠪᠠᠷᠳᠠᠨ ᠪᠠᠭᠠᠲᠤᠷ ᠃

ᠪᠠᠭᠰᠢ ᠄ ᠲᠠᠭᠠᠷᠠᠭᠰᠠᠨ!

ᠪᠠᠭᠰᠢ ᠄ ᠳᠣᠪᠣ ᠮᠡᠷᠭᠡᠨ ᠦ᠌ ᠬᠠᠲᠤᠨ ᠨᠢ ᠬᠡᠨ ᠪᠣᠢ ?

ᠰᠤᠷᠤᠭᠴᠢ ᠄ ᠠᠯᠤᠩᠭᠤᠸ᠋᠎ᠠ ᠃

ᠪᠠᠭᠰᠢ ᠄ ᠲᠠᠭᠠᠷᠠᠭᠰᠠᠨ!

ᠪᠠᠭᠰᠢ ᠄ ᠬᠠᠪᠤᠯ ᠬᠠᠭᠠᠨ ᠬᠡᠳᠦᠨ ᠬᠦᠦ ᠲᠡᠢ ᠪᠣᠢ ?

ᠰᠤᠷᠤᠭᠴᠢ ᠄ ᠲᠠᠪᠤᠨ ᠬᠦᠦ ᠲᠡᠢ ᠃

ᠪᠠᠭᠰᠢ ᠄ ᠲᠠᠭᠠᠷᠠᠭᠰᠠᠨ!

ᠪᠠᠭᠰᠢ ᠄ ᠴᠢᠩᠭᠢᠰ ᠬᠠᠭᠠᠨ ᠤ᠋ ᠪᠠᠭ᠎ᠠ ᠶ᠋ᠢᠨ ᠨᠡᠷ᠎ᠡ ᠨᠢ ᠬᠡᠨ ᠪᠢᠯᠡ ?

ᠰᠤᠷᠤᠭᠴᠢ ᠄ ᠲᠡᠮᠦᠵᠢᠨ ᠃

ᠪᠠᠭᠰᠢ ᠄ ᠲᠠᠭᠠᠷᠠᠭᠰᠠᠨ!

ᠪᠠᠭᠰᠢ ᠄ ᠥᠭᠡᠯᠦᠨ ᠥᠵᠢᠨ ᠬᠡᠨ ᠦ᠌ ᠬᠠᠲᠤᠨ ᠪᠣᠢ ?

ᠰᠤᠷᠤᠭᠴᠢ ᠄ ᠶᠢᠰᠦᠭᠡᠢ ᠪᠠᠭᠠᠲᠤᠷ ᠃

ᠪᠠᠭᠰᠢ ᠄ ᠲᠠᠭᠠᠷᠠᠭᠰᠠᠨ! ᠪᠠᠭᠰᠢ ᠄ ᠵᠠᠮᠤᠬ᠎ᠠ ᠲᠡᠮᠦᠵᠢᠨ ᠬᠣᠶᠠᠷ ᠬᠡᠳᠦ ᠤᠳᠠᠭ᠎ᠠ ᠠᠨᠳᠠ ᠪᠠᠷᠢᠯᠳᠤᠭᠰᠠᠨ ᠪᠢᠯᠡ ?

ᠰᠤᠷᠤᠭᠴᠢ ᠄ ᠭᠤᠷᠪᠠ ᠤᠳᠠᠭ᠎ᠠ ᠃

ᠪᠠᠭᠰᠢ ᠄ ᠲᠠᠭᠠᠷᠠᠭᠰᠠᠨ!

ᠪᠠᠭᠰᠢ ᠄ ᠬᠡᠷᠡᠶ᠋ᠢᠳ ᠦ᠋ᠨ ᠲᠤᠭᠤᠷᠢᠯ ᠬᠠᠨ ᠊ᠢ ᠰᠡᠭᠦᠯ ᠳ᠋ᠦ᠍ᠨᠢ ᠶᠠᠮᠠᠷ ᠬᠠᠨ ᠭᠡᠳᠡᠭ ᠪᠢᠯᠡ ?

ᠰᠤᠷᠤᠭᠴᠢ ᠄ ᠸᠠᠩ ᠬᠠᠨ ᠃

ᠪᠠᠭᠰᠢ ᠄ ᠲᠠᠭᠠᠷᠠᠭᠰᠠᠨ!

ᠪᠠᠭᠰᠢ ᠄ ᠲᠡᠮᠦᠵᠢᠨ ᠊ᠢ ᠪᠠᠷᠢᠵᠤ ᠠᠪᠠᠴᠢᠭᠰᠠᠨ ᠨᠢ ᠠᠯᠢ ᠠᠶ᠋ᠢᠮᠠᠭ ᠤ᠋ᠨ ᠬᠢ ᠪᠢᠯᠡ ?

ᠰᠤᠷᠤᠭᠴᠢ ᠄ ᠲᠠᠶ᠋ᠢᠴᠢᠭᠤᠳ ᠠᠶ᠋ᠢᠮᠠᠭ ᠃

ᠪᠠᠭᠰᠢ ᠄ ᠲᠠᠭᠠᠷᠠᠭᠰᠠᠨ!

ᠪᠠᠭᠰᠢ ᠄ ᠪᠥᠷᠲᠡ ᠥᠵᠢᠨ ᠦ᠌ ᠠᠪᠤ ᠨᠢ ᠬᠡᠨ ᠭᠡᠳᠡᠭ ᠪᠢᠯᠡ ? ᠰᠤᠷᠤᠭᠴᠢ ᠄ ᠁???

ᠪᠠᠭᠰᠢ ᠄ ᠰᠠᠢᠬᠠᠨ ᠪᠣᠳᠣᠵᠤ ᠦᠵᠡ!

ᠰᠤᠷᠤᠭᠴᠢ ᠄ ᠁?

ᠪᠠᠭᠰᠢ ᠄ ᠲᠠᠢ ᠰᠡᠴᠡᠨ ᠪᠢᠵᠡ ᠳᠡ! ᠠ᠋ ᠂ ᠵᠠ ᠂ ᠶᠠᠪᠤ!

ᠪᠠᠭᠰᠢ ᠄ ᠪᠥᠷᠲᠡ ᠦᠵᠢᠨ ᠠᠯᠢ ᠠᠶ᠋ᠢᠮᠠᠭ ᠲᠤ᠌ ᠪᠤᠯᠢᠶᠠᠭᠳᠠᠵᠤ ᠣᠴᠢᠭᠰᠠᠨ ᠪᠢᠯᠡ?

ᠰᠤᠷᠤᠭᠴᠢ ᠄ ᠭᠤᠷᠪᠠᠨ ᠮᠡᠷᠭᠢᠳ ᠃

ᠪᠠᠭᠰᠢ ᠄ ᠲᠠᠭᠠᠷᠠᠭᠰᠠᠨ!

ᠪᠠᠭᠰᠢ ᠄ ᠲᠡᠮᠦᠵᠢᠨ ᠨᠠᠢ᠍ᠮᠠᠨ ᠰᠢᠷᠭ᠎ᠠ ᠪᠠᠨ ᠠᠯᠳᠠᠭᠠᠳ ᠡᠷᠢᠵᠦ ᠶᠠᠪᠤᠬᠤ ᠳ᠋ᠤ᠌ ᠪᠠᠨ ᠬᠡᠨ ᠲᠡᠢ ᠲᠠᠭᠠᠷᠠᠯᠳᠤᠭᠰᠠᠨ ᠪᠢᠯᠡ ?

ᠰᠤᠷᠤᠭᠴᠢ ᠄ ᠪᠣᠭᠣᠷᠴᠤ ᠃

ᠪᠠᠭᠰᠢ ᠄ ᠲᠠᠭᠠᠷᠠᠭᠰᠠᠨ!

ᠪᠠᠭᠰᠢ ᠄ ᠪᠣᠭᠣᠷᠴᠤ ᠶ᠋ᠢᠨ ᠠᠪᠤ ᠨᠢ ᠬᠡᠨ ᠭᠡᠳᠡᠭ ᠪᠢᠯᠡ ?

ᠰᠤᠷᠤᠭᠴᠢ ᠄ ᠨᠠᠬᠤ ᠪᠠᠶᠠᠨ ᠃

ᠪᠠᠭᠰᠢ ᠄ ᠲᠠᠭᠠᠷᠠᠭᠰᠠᠨ!

ᠪᠠᠭᠰᠢ ᠄ ᠬᠦᠢᠲᠡᠨ ᠦ᠌ ᠪᠠᠶ᠋ᠢᠯᠲᠤᠭᠠᠨ ᠳ᠋ᠤ᠌ ᠬᠡᠨ ᠴᠢᠩᠭᠢᠰ ᠬᠠᠭᠠᠨ ᠤ᠋ ᠬᠦᠵᠦᠭᠦᠨ ᠰᠤᠳᠠᠰᠤ ᠶ᠋ᠢ ᠬᠠᠷᠪᠤᠭᠰᠠᠨ ᠪᠢᠯᠡ ?

ᠰᠤᠷᠤᠭᠴᠢ ᠄ ᠵᠡᠪᠡ ᠃

ᠪᠠᠭᠰᠢ ᠄ ᠵᠡᠪᠡ ᠶ᠋ᠢᠨ ᠤᠤᠯ ᠤ᠋ᠨ ᠨᠡᠷ᠎ᠡ ᠨᠢ ᠬᠡᠨ ᠭᠡᠳᠡᠭ ᠪᠢᠯᠡ ?

ᠰᠤᠷᠤᠭᠴᠢ ᠄ ᠵᠢᠷᠭᠤᠭᠠᠲᠠᠢ ᠃

ᠪᠠᠭᠰᠢ ᠄ ᠰᠦᠷᠡᠬᠡᠢ!

ᠪᠠᠭᠰᠢ ᠄ ᠴᠢᠩᠭᠢᠰ ᠬᠠᠭᠠᠨ ᠬᠡᠷᠡᠶ᠋ᠢᠳ ᠦ᠋ᠨ ᠸᠠᠩ ᠬᠠᠨ ᠪᠣᠯᠤᠨ ᠨᠠᠢ᠍ᠮᠠᠨ ᠤ᠋ ᠳᠠᠶᠠᠩ ᠬᠠᠨ ᠲᠠᠢ ᠪᠠᠶ᠋ᠢᠯᠲᠤᠬᠤ ᠳ᠋ᠤ᠌ ᠲᠡᠮᠦᠵᠢᠨ ᠊ᠢ ᠬᠠᠪᠰᠤᠷᠴᠤ ᠲᠡᠳᠡᠨ ᠊ᠢ ᠦᠭᠡ ᠪᠡᠷ ᠠᠶᠤᠯᠭᠠᠭᠰᠠᠨ ᠴᠢᠨᠢ ᠬᠡᠨ ᠪᠢᠯᠡ ?

ᠰᠤᠷᠤᠭᠴᠢ ᠄ ᠵᠠᠮᠤᠬ᠎ᠠ ᠃

ᠪᠠᠭᠰᠢ ᠄ ᠠ ᠂ ᠲᠠᠭᠠᠷᠠᠭᠰᠠᠨ!

ᠪᠠᠭᠰᠢ ᠄ ᠴᠢᠩᠭᠢᠰ ᠬᠠᠭᠠᠨ ᠤ᠋ ᠳᠥᠷᠪᠡᠨ ᠬᠦᠯᠦᠭ ᠊ᠢ ᠬᠡᠨ ᠬᠡᠨ ᠭᠡᠳᠡᠭ ᠪᠢᠯᠡ ?

ᠰᠤᠷᠤᠭᠴᠢ ᠄ ᠪᠣᠭᠣᠷᠴᠤ ᠂ ᠮᠤᠬᠤᠯᠠᠢ ᠂ ᠪᠣᠷᠤᠬᠤᠯ ᠂ ᠴᠢᠯᠠᠭᠤᠨ ᠃

ᠪᠠᠭᠰᠢ ᠄ ᠶᠠ ᠂ ᠰᠦᠷᠡᠬᠡᠢ ᠂ ᠵᠠ !

ᠪᠠᠭᠰᠢ ᠄ ᠴᠢᠩᠭᠢᠰ ᠬᠠᠭᠠᠨ ᠤ᠋ ᠲᠥᠷᠥᠭᠰᠡᠨ ᠣᠨ ᠨᠢ ᠬᠡᠳᠦᠢ ᠪᠢᠯᠡ ?

ᠰᠤᠷᠤᠭᠴᠢ ᠄ ᠨᠢᠭᠡ ᠮᠢᠩᠭ᠎ᠠ ᠨᠢᠭᠡ ᠵᠠᠭᠤ ᠵᠢᠷᠠᠨ ᠬᠣᠶᠠᠷ ᠃

ᠪᠠᠭᠰᠢ ᠄ ᠲᠠᠭᠠᠷᠠᠭᠰᠠᠨ!

ᠪᠠᠭᠰᠢ ᠄ ᠴᠢᠩᠭᠢᠰ ᠬᠠᠭᠠᠨ ᠤ᠋ ᠡᠵᠢ ᠨᠢ ᠬᠡᠨ ᠪᠢᠯᠡ ?

ᠰᠤᠷᠤᠭᠴᠢ ᠄ ᠥᠭᠡᠯᠦᠨ ᠡᠵᠢ ᠃

ᠪᠠᠭᠰᠢ ᠄ ᠲᠠᠭᠠᠷᠠᠭᠰᠠᠨ!

ᠪᠠᠭᠰᠢ ᠄ ᠶᠢᠰᠦᠭᠡᠢ ᠪᠠᠭᠠᠲᠤᠷ ᠠᠯᠢ ᠠᠶ᠋ᠢᠮᠠᠭ ᠲᠤ᠌ ᠬᠣᠣᠷᠯᠠᠭᠳᠠᠭᠰᠠᠨ ᠪᠢᠯᠡ ?

ᠰᠤᠷᠤᠭᠴᠢ ᠄ ᠲᠠᠲ᠋ᠠᠷ ᠠᠶ᠋ᠢᠮᠠᠭ ᠃

ᠪᠠᠭᠰᠢ ᠄ ᠲᠠᠭᠠᠷᠠᠭᠰᠠᠨ!

ᠪᠠᠭᠰᠢ ᠄ ᠲᠡᠮᠦᠵᠢᠨ ᠊ᠢ ᠲᠠᠶ᠋ᠢᠴᠢᠭᠤᠳ ᠲᠤ᠌ ᠪᠠᠷᠢᠭᠳᠠᠭᠰᠠᠨ ᠦᠶ᠎ᠡ ᠳ᠋ᠦ᠍ ᠲᠡᠭᠦᠨ ᠊ᠢ ᠠᠪᠤᠷᠠᠭᠰᠠᠨ ᠨᠢ ᠬᠡᠨ ᠪᠢᠯᠡ ?

ᠰᠤᠷᠤᠭᠴᠢ ᠄ ᠰᠤᠷᠬᠠᠨ ᠰᠢᠷ᠎ᠠ ᠃

ᠪᠠᠭᠰᠢ ᠄ ᠲᠠᠭᠠᠷᠠᠭᠰᠠᠨ!

ᠪᠠᠭᠰᠢ ᠄ ᠴᠢᠩᠭᠢᠰ ᠬᠠᠭᠠᠨ ᠤ᠋ ᠶᠡᠬᠡ ᠬᠦᠦ ᠨᠢ ᠶᠠᠮᠠᠷ ᠨᠡᠷ᠎ᠡ ᠲᠡᠢ ᠪᠢᠯᠡ ?

ᠰᠤᠷᠤᠭᠴᠢ ᠄ ᠵᠥᠴᠢ ᠃

ᠪᠠᠭᠰᠢ ᠄ ᠲᠠᠭᠠᠷᠠᠭᠰᠠᠨ!

ᠪᠠᠭᠰᠢ ᠄ ᠪᠡᠯᠭᠦᠳᠡᠢ ᠶ᠋ᠢᠨ ᠮᠥᠷᠥ ᠶ᠋ᠢ ᠲᠠᠰᠤ ᠴᠠᠪᠴᠢᠭᠰᠠᠨ ᠨᠢ ᠬᠡᠨ ᠪᠢᠯᠡ ?

ᠰᠤᠷᠤᠭᠴᠢ ᠄ ᠪᠦᠷᠢ ᠪᠥᠬᠡ ᠃

ᠪᠠᠭᠰᠢ ᠄ ᠬᠡᠨ ᠂ ᠠ᠋ ?

ᠰᠤᠷᠤᠭᠴᠢ ᠄ ᠪᠦᠷᠢ ᠪᠥᠬᠡ ᠃

ᠪᠠᠭᠰᠢ ᠄ ᠣ ᠂ ᠲᠠᠭᠠᠷᠠᠭᠰᠠᠨ!

ᠪᠠᠭᠰᠢ ᠄ ᠬᠥᠷ ᠬᠠᠨ ᠭᠡᠵᠦ ᠬᠡᠨ ᠪᠢᠯᠡ ?

ᠰᠤᠷᠤᠭᠴᠢ ᠄ ᠵᠠᠮᠤᠬ᠎ᠠ ᠃

ᠪᠠᠭᠰᠢ ᠄ ᠲᠠᠭᠠᠷᠠᠭᠰᠠᠨ!

ᠪᠠᠭᠰᠢ ᠄ ᠥᠭᠡᠯᠦᠨ ᠦᠵᠢᠨ ᠦ᠌ ᠡᠷᠭᠦᠭᠰᠡᠨ ᠳᠥᠷᠪᠡᠨ ᠬᠦᠦ ᠴᠢᠨᠢ ᠬᠡᠨ ᠬᠡᠨ ᠪᠠᠶ᠋ᠢᠲᠠᠭ ᠪᠢᠯᠡ ?

ᠰᠤᠷᠤᠭᠴᠢ ᠄ ᠬᠦᠴᠦ ᠂ ᠬᠥᠭᠡᠴᠦ ᠂ ᠰᠢᠭᠢᠬᠤᠲᠤᠭ ᠂ ᠪᠣᠷᠤᠬᠤᠯ ᠃

ᠪᠠᠭᠰᠢ ᠄ ᠲᠠᠭᠠᠷᠠᠭᠰᠠᠨ!

 

   ᠦᠰᠦᠭ ᠠᠮᠢᠯᠠᠭᠤᠯᠤᠭᠴᠢ ᠄ ᠮᠥᠩᠬᠡ ᠭᠠᠯ

   ᠦᠰᠦᠭ ᠬᠠᠲᠠᠭᠴᠢ ᠄ ᠮᠥᠩᠬᠡ ᠭᠠᠯ

   ᠬᠢᠨᠠᠭᠴᠢ ᠄ ᠪᠠᠶᠠᠷᠴᠡᠴᠡᠭ