3-34-36ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠳᠡᠯᠢᠭᠦᠨ ᠡᠪᠡᠳᠴᠢᠨ᠂ ᠪᠥᠭᠡᠷᠡᠨ ᠡᠪᠡᠳᠴᠢᠨ᠂ ᠢᠮ ᠬᠠᠪᠤᠳᠬᠤ ᠶ᠋ᠢ ᠵᠠᠰᠠᠬᠤ
ᠭᠤᠴᠢᠨ ᠳᠥᠷᠪᠡ᠂ ᠳᠡᠯᠢᠭᠦᠨ ᠡᠪᠡᠳᠴᠢᠨ ᠊ᠢ ᠵᠠᠰᠠᠬᠤ
ᠭᠤᠴᠢᠨ ᠲᠠᠪᠤ᠂ ᠪᠥᠭᠡᠷᠡᠨ ᠡᠪᠡᠳᠴᠢᠨ ᠊ᠢ ᠵᠠᠰᠠᠬᠤ
ᠪᠥᠭᠡᠷᠡᠨ ᠡᠪᠡᠳᠴᠢᠨ ᠢᠨᠤ ᠬᠦᠰᠡᠯ ᠲᠠᠴᠢᠶᠠᠩᠭᠤᠢ ᠶ᠋ᠢ ᠬᠠᠲᠠᠭᠤ ᠡᠲᠯᠡᠭᠰᠡᠨ᠂ ᠬᠦᠢᠲᠡᠨ ᠨᠣᠶ᠋ᠢᠲᠠᠨ᠂ ᠪᠤᠵᠠᠷ ᠰᠡᠷᠢᠭᠦᠨ ᠵᠢᠪᠠᠷ ᠲᠤᠰᠤᠭᠰᠠᠨ ᠠ᠋ᠴᠠ ᠪᠣᠯᠤᠮᠤᠢ᠃ ᠴᠥᠪ ᠴᠠᠭ ᠤ᠋ᠨ ᠪᠥᠭᠡᠷᠡᠨ ᠡᠪᠡᠳᠴᠢᠲᠡᠨ ᠦ᠌ ᠶᠡᠬᠡ ᠣᠯᠠᠩᠬᠢ ᠨᠢ ᠬᠥᠷᠥᠭᠰᠡᠨ ᠣᠯᠠᠨ᠃ ᠭᠣᠶᠣᠣ᠂ ᠰᠸᠪᠦᠢ᠍ᠷᠦ᠂ ᠰᠢᠩᠽᠠ᠂ ᠰᠦᠭᠮᠸᠯ᠂ ᠷᠠᠨᠢ᠂ ᠨᠢᠰᠢᠩ᠂ ᠵᠠᠸ᠋ᠠ᠂ ᠪᠠᠰᠪᠦᠢ᠍ᠷᠦ᠂ ᠵᠠᠮᠪᠠ᠂ ᠦᠰᠦ᠋᠂ ᠳ᠋ᠢᠭᠰᠸᠷᠢᠨ᠂ ᠰᠸᠮ᠎ᠠ᠂ ᠪᠢᠪᠢᠯᠢᠩ᠂ ᠭᠦᠷᠭᠦᠮ᠂ ᠪᠤᠷᠠᠮ ᠊ᠢ ᠬᠤᠪᠢ ᠳᠠᠭᠱᠠ ᠨᠠᠶ᠋ᠢᠷᠠᠭᠤᠯᠤᠬᠰᠠᠨ ᠶᠡᠬᠡ ᠵᠠᠭᠠᠨ —15 ᠪᠣᠯ ᠪᠥᠭᠡᠷᠡᠨ ᠡᠪᠡᠳᠴᠢᠨ ᠪᠦᠬᠦᠨ ᠳ᠋ᠦ᠍ ᠮᠠᠰᠢ ᠭᠠᠶ᠋ᠢᠬᠠᠮᠰᠢᠬ᠃ ᠡᠭᠦᠨ ᠢ᠋ᠶ᠋ᠡᠷ ᠪᠦᠬᠦᠨ ᠊ᠢ ᠴᠢᠳᠠᠬᠤ ᠶ᠋ᠢ ᠮᠠᠭᠠᠳᠯᠠᠪᠠᠢ᠃ ᠨᠠᠳᠠ ᠳ᠋ᠤ᠌ ᠡᠭᠦᠨ ᠡᠴᠡ ᠦᠯᠡᠮᠵᠢ ᠡᠮ ᠰᠠᠨᠠᠭᠠᠨ ᠳ᠋ᠤ᠌ ᠦᠭᠡᠢ᠃ ᠪᠥᠭᠡᠷᠡᠨ ᠡᠪᠡᠳᠴᠢᠨ ᠢ᠋ᠶ᠋ᠡᠷ ᠬᠠᠯᠠᠭᠤᠷᠠᠪᠠᠰᠤ ᠠᠷᠤᠷ᠎ᠠ —10 ᠵᠣᠬᠢᠮᠤᠢ᠃ ᠲᠠᠷᠬᠠᠭᠰᠠᠨ ᠪᠠ ᠬᠡᠷᠦᠯᠭᠡ ᠳ᠋ᠦ᠍ ᠭᠣᠶᠣᠣ —7 ᠬᠢᠭᠡᠳ ᠤᠷᠢᠳᠤᠬᠢ15 ᠡᠮ ᠊ᠢ ᠰᠦ ᠶ᠋ᠢᠨ ᠠᠷᠢᠬᠢ ᠪᠠᠷ ᠳᠠᠷᠤᠭᠤᠯᠪᠠᠰᠤ ᠳᠡᠭᠡᠳᠦ᠃
ᠪᠥᠭᠡᠷᠡᠨ ᠡᠪᠡᠳᠴᠢᠨ ᠢ᠋ᠶ᠋ᠡᠷ ᠳᠤᠰᠤᠯ ᠴᠤᠪᠤᠷᠢᠪᠠᠰᠤ ᠭᠠᠷᠤᠳᠢ —5 ᠬᠤᠪᠢ ᠲᠡᠭᠦᠯᠳᠡᠷ ᠦ᠋ᠨ ᠳᠡᠭᠡᠷ᠎ᠡ ᠬᠠᠯᠠᠭᠤᠨ ᠪᠥᠭᠡᠰᠦ ᠠᠷᠤᠷ᠎ᠠ —10᠂ ᠬᠦᠢᠲᠡᠨ ᠪᠥᠭᠡᠰᠦ ᠤᠷᠢᠳᠤᠬᠢ ᠬᠣᠶᠠᠷ ᠡᠮ ᠦ᠋ᠨ ᠠᠯᠢᠨ ᠊ᠢ ᠨᠡᠮᠡᠭᠰᠡᠨ ᠴᠦ᠍ ᠦᠯᠦ ᠪᠣᠯᠬᠤ ᠪᠠᠷ ᠦᠭᠡᠢ᠃ ᠡᠨᠳᠡ ᠪᠡᠷ ᠴᠤᠪᠤᠷᠠᠭᠰᠠᠨ ᠪᠣᠯ ᠲᠤᠰᠠᠯᠠᠬᠤ ᠨᠢ ᠴᠥᠭᠡᠨ ᠊ᠢ ᠬᠠᠯᠠᠭᠤᠨ ᠬᠦᠢᠲᠡᠨ ᠦᠭᠡᠢ ᠪᠥᠭᠡᠳ ᠲᠠᠴᠢᠶᠠᠬᠤ ᠮᠠᠭᠤ ᠠᠪᠢᠶᠠᠰ ᠠ᠋ᠴᠠ ᠪᠣᠯᠤᠮᠤᠢ᠃ ᠸᠠᠩᠯᠠᠭ᠂ ᠬᠠᠯᠮᠠᠭᠣᠶᠤᠤ᠂ ᠬᠠᠷ᠎ᠠ ᠬᠥᠬᠥᠯ᠂ ᠳᠡᠭᠡᠳᠦ ᠲᠠᠷᠨᠢᠴᠢ ᠶ᠋ᠢᠨ ᠶᠡᠬᠡ ᠦᠨᠦᠷᠲᠦ᠂ ᠳ᠋ᠣᠮᠷᡁᠢ᠂ ᠶᠦᠩᠸ᠋᠎ᠠ᠂ ᠵᠦᠷᠦᠷ᠎ᠠ᠂ ᠽᠠᠳᠢ᠂ ᠷᠠᠨᠢ ᠨᠤᠭᠤᠳ ᠊ᠢ ᠬᠤᠪᠢ ᠲᠠᠭᠰᠢ ᠨᠠᠶ᠋ᠢᠷᠠᠭᠤᠯᠵᠤ ᠬᠣᠨᠢᠨ ᠰᠦ ᠪᠡᠷ ᠳᠠᠷᠤᠭᠤᠯᠵᠤ ᠥᠭ᠃ ᠲᠠᠴᠢᠶᠠᠯ ᠬᠤᠷᠢᠴᠠᠯ ᠊ᠢ ᠴᠡᠭᠡᠷᠯᠡᠨ᠎ᠡ᠃
ᠭᠤᠴᠢᠨ ᠵᠢᠷᠭᠤᠭ᠎ᠠ ᠂ ᠢᠮ ᠬᠠᠪᠤᠳᠬᠤ ᠶ᠋ᠢ ᠵᠠᠰᠠᠬᠤ
ᠪᠥᠭᠡᠷ᠎ᠡ ᠬᠠᠳᠬᠤᠯᠠᠪᠠᠰᠤ᠂ ᠤᠷᠢᠳ ᠤ᠋ᠨ ᠡᠮ ᠠᠯᠢ ᠵᠣᠬᠢᠰᠲᠠᠢ ᠶ᠋ᠢᠨ ᠳᠡᠭᠡᠷ᠎ᠡ ᠬᠠᠷ᠎ᠠ ᠬᠥᠬᠥᠯ᠂ ᠠᠵᠠᠬᠰᠸᠷᠵᠤᠮ ᠊ᠢ ᠨᠡᠮᠡᠪᠡᠰᠦ ᠴᠢᠳᠠᠮᠤᠢ᠃ ᠭᠠᠯ ᠬᠤᠮᠠᠬᠠ᠂ ᠬᠠᠯᠠᠭᠤᠨ ᠳᠡᠪᠲᠦᠭᠡᠯᠭᠡ ᠲᠡᠷᠢᠭᠦᠲᠡᠨ ᠊ᠢ ᠤᠬᠠᠭᠠᠨ ᠢ᠋ᠶ᠋ᠠᠷ ᠰᠢᠨᠵᠢᠯᠡᠭᠲᠦᠨ᠃
ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ
ᠬᠢᠨᠠᠭᠰᠠᠨ ᠨᠢ᠄ ᠰᠡᠬᠡᠭᠡᠷᠡᠯ᠂ᠣᠤᠠᠬᠠᠨᠰᠣ ᠠ᠋
