ᠰᠠᠯᠬᠢᠨ ᠬᠦᠯᠦᠭ - ᠪᠥᠬᠡᠳᠡᠯᠭᠡᠷ Салхин хүлэг - Бөхдэлгэр
ᠰᠠᠯᠬᠢᠨ ᠬᠦᠯᠦᠭ
ᠰᠢᠭᠤᠷᠭᠠᠨ ᠨᠠᠢᠵᠢ
ᠪᠤᠷᠠᠬᠤ ᠰᠢᠭᠤᠷᠭ᠎ᠠ ᠮᠥᠩᠭᠥᠨ ᠴᠡᠴᠡᠭ ᠢ᠋ᠶ᠋ᠡᠨ ᠡᠷᠭᠦᠭᠰᠡᠭᠡᠷ ᠂ ᠪᠣᠷᠣ ᠰᠢᠷᠲᠡᠢ ᠬᠠᠢᠯᠠᠰᠤᠨ ᠬᠠᠭᠠᠯᠭ᠎ᠠ ᠶ᠋ᠢ ᠲᠣᠭᠰᠢᠵᠤ ᠂ ᠪᠤᠲᠠᠷᠠᠬᠤ ᠴᠠᠰᠤ ᠬᠠᠰ ᠤ᠋ᠨ ᠨᠠᠪᠴᠢᠰ ᠢ᠋ᠶ᠋ᠠᠨ ᠪᠦᠵᠢᠭᠯᠡᠭᠦᠯᠦᠭᠰᠡᠭᠡᠷ ᠂ ᠪᠣᠯᠣᠷ ᠰᠢᠯ ᠲᠡᠢ ᠮᠠᠢᠯᠠᠰᠤᠨ ᠴᠣᠩᠬᠣ ᠪᠠᠷ ᠱᠠᠭᠠᠢᠵᠤ ᠂ ᠥᠪᠡᠷᠦᠨ ᠨᠠᠢᠵᠢ — ᠡᠪᠦᠭᠡᠨ ᠮᠠᠨᠠᠭᠠᠴᠢᠨ ᠢ᠋ᠶ᠋ᠠᠨ ᠂ ᠥᠨᠢᠷ ᠰᠦᠷᠦᠭ ᠦ᠋ᠨ ᠢ᠋ᠶ᠋ᠡᠨ ᠬᠠᠵᠠᠭᠤ ᠳ᠋ᠤ᠌ ᠢᠷᠡᠬᠦ ᠶ᠋ᠢ ᠬᠦᠯᠢᠶᠡᠨ᠎ᠡ ᠃
ᠡᠪᠦᠯ ᠡᠪᠦᠯ ᠬᠠᠮᠲᠤ ᠲᠡᠨᠳᠡ ᠰᠡᠯᠡᠭᠦᠴᠡᠵᠦ ᠂ ᠥᠷᠥᠴᠡᠨ ᠦ᠌ ᠦᠭᠡ ᠪᠡᠨ ᠤᠤᠭᠢᠨ ᠱᠤᠤᠭᠢᠨ ᠶᠠᠷᠢᠯᠴᠠᠳᠠᠭ ; ᠦᠳᠡᠰᠢ ᠦᠳᠡᠰᠢ ᠬᠠᠮᠲᠤ ᠲᠡᠨᠳᠡ ᠵᠤᠭᠠᠴᠠᠵᠤ ᠂ ᠦᠷ ᠦ᠋ᠨ ᠲᠤᠶᠠᠭ᠎ᠠ ᠶ᠋ᠢ ᠢᠨᠢᠶᠡᠨ ᠪᠠᠶᠠᠷᠯᠠᠨ ᠤᠭᠲᠤᠳᠠᠭ ᠃ ᠡᠪᠦᠭᠡᠨ ᠦ᠌ ᠳᠠᠭᠤᠨ ᠢ᠋ ᠰᠢᠭᠤᠷᠭ᠎ᠠ ᠨᠠᠢᠵᠢ ᠨᠢ ᠤᠯᠠᠮᠵᠢᠯᠠᠨ ᠬᠦᠷᠴᠢᠭᠢᠨᠡᠭᠦᠯᠳᠡᠭ ᠲᠤᠯᠠ ᠦᠨᠡᠭᠡ ᠴᠢᠨᠣ᠎ᠠ ᠰᠥᠰᠥ ᠨᠢ ᠬᠡᠮᠬᠡᠷᠡᠨ ᠳᠤᠲᠠᠭᠠᠳᠠᠭ ᠃ ᠡᠪᠦᠭᠡᠨ ᠦ᠌ ᠬᠠᠷᠠᠭ᠎ᠠ ᠶ᠋ᠢ ᠰᠢᠭᠤᠷᠭ᠎ᠠ ᠨᠠᠢᠵᠢ ᠨᠢ ᠲᠣᠮᠣᠷᠠᠭᠤᠯᠤᠨ ᠬᠡᠷᠡᠯᠳᠦᠭᠦᠯᠳᠡᠭ ᠲᠤᠯᠠ ᠦᠨᠡᠭᠡᠨ ᠬᠠᠷᠠᠩᠭᠤᠢ ᠶ᠋ᠢ ᠰᠢᠪᠲᠤ ᠨᠡᠪᠲᠡᠯᠦᠨ ᠭᠢᠯᠠᠯᠵᠠᠳᠠᠭ ᠃ ᠡᠪᠦᠭᠡᠨ ᠦ᠌ ᠬᠠᠴᠠᠷ ᠢ᠋ ᠰᠢᠭᠤᠷᠭ᠎ᠠ ᠨᠠᠢᠵᠢ ᠨᠢ ᠲᠠᠭᠠᠯᠠᠨ ᠦᠨᠦᠰᠬᠦ ᠪᠣᠯᠬᠣᠷ ᠤᠷᠢ ᠵᠠᠯᠠᠭᠤ ᠶ᠋ᠢᠨ ᠴᠣᠭ ᠤᠯᠠᠯᠵᠠᠨ ᠪᠠᠳᠠᠷᠠᠳᠠᠭ ᠃ ᠡᠪᠦᠭᠡᠨ ᠦ᠌ ᠪᠤᠯᠴᠢᠩ ᠢ᠋ ᠰᠢᠭᠤᠷᠭ᠎ᠠ ᠨᠠᠢᠵᠢ ᠨᠢ ᠳᠡᠯᠡᠰᠦᠨ ᠡᠷᠴᠢᠯᠡᠬᠦ ᠪᠣᠯᠬᠣᠷ ᠥᠷᠯᠥᠭ ᠲᠠᠮᠢᠷᠴᠢᠨ ᠰᠢᠭ᠋ ᠬᠦᠴᠦ ᠲᠤᠷᠪᠢ ᠣᠷᠭᠢᠯᠳᠠᠭ ᠃
ᠪᠤᠷᠠᠬᠤ ᠰᠢᠭᠤᠷᠭ᠎ᠠ ᠬᠠᠭᠠᠯᠭ᠎ᠠ ᠲᠣᠭᠰᠢᠭᠰᠠᠭᠠᠷ ᠪᠠᠴᠢᠮᠳᠠᠵᠤ ᠪᠣᠷᠵᠢᠨ ᠴᠢᠯᠠᠭᠤ ᠶ᠋ᠢ ᠳᠣᠯᠭᠢᠰᠲᠠᠯᠠ ᠬᠦᠴᠦᠲᠡᠢ ᠬᠠᠰᠬᠢᠷᠤᠨ᠎ᠠ ᠃ ᠪᠤᠲᠠᠷᠠᠬᠤ ᠴᠠᠰᠤ ᠴᠣᠩᠬᠣ ᠪᠠᠷ ᠱᠠᠭᠠᠢᠭᠰᠠᠭᠠᠷ ᠶᠠᠭᠠᠷᠠᠵᠤ ᠪᠤᠲᠠᠨ ᠤ᠋ ᠰᠠᠯᠠᠭ᠎ᠠ ᠶ᠋ᠢ ᠨᠠᠢᠭᠤᠲᠠᠯ᠎ᠠ ᠳᠠᠯᠠᠯᠤᠨ᠎ᠠ ᠃ ᠡᠪᠦᠭᠡᠨ ᠨᠠᠢᠵᠢ ᠮᠢᠨᠢ ᠶᠠᠭᠠᠬᠢᠴᠢᠬᠠᠪᠠ ᠳᠡ ? ᠥᠷᠥᠴᠡᠨ ᠦ᠌ ᠳᠠᠭᠤᠳᠠᠯᠭ᠎ᠠ ᠶ᠋ᠢ ᠰᠣᠨᠣᠰᠬᠤ ᠦᠭᠡᠢ ᠪᠠᠢᠨᠠᠤ?
ᠴᠠᠰᠤ ᠰᠢᠭᠤᠷᠭᠠᠨ ᠤ᠋ ᠬᠠᠢᠷ᠎ᠠ ᠶ᠋ᠢᠨ ᠳᠠᠭᠤᠳᠠᠯᠭ᠎ᠠ ᠶ᠋ᠢ ᠰᠣᠨᠣᠰᠤᠭᠰᠠᠭᠠᠷ ᠂ ᠴᠢᠷᠠᠢ ᠳᠦᠭᠦᠷᠡᠩ ᠢᠨᠢᠶᠡᠮᠰᠦᠭᠯᠡᠨ᠎ᠡ ᠰᠢᠦ ᠡᠪᠦᠭᠡᠨ ᠮᠢᠨᠢ! ᠦᠨᠦᠷᠲᠦ ᠰᠠᠷᠬᠤᠳ ᠢ᠋ᠶ᠋ᠠᠨ ᠪᠠᠭ᠎ᠠ ᠪᠠᠭ᠎ᠠ ᠪᠠᠷ ᠰᠢᠮᠡᠭᠰᠡᠭᠡᠷ ᠂ ᠡᠯᠭᠦᠭᠰᠡᠨ ᠳ᠋ᠢᠶᠡᠨᠱᠢ ᠪᠠᠨ ᠪᠠᠢᠨ ᠪᠠᠢᠨ ᠬᠠᠷᠠᠨ᠎ᠠ ᠃ ᠬᠣᠨᠢᠨ ᠰᠦᠷᠦᠭ ᠢ᠋ᠶ᠋ᠡᠨ ᠰᠢᠯ ᠦ᠋ᠨ ᠳᠣᠲᠣᠷ᠎ᠠ ᠠ᠋ᠴᠠ ᠪᠠᠨ ᠦᠵᠡᠵᠦ ᠂ ᠬᠤᠢᠬᠤᠷ ᠴᠢᠨᠣ᠎ᠠ ᠶ᠋ᠢ ᠰᠢᠯ ᠦ᠋ᠨ ᠳᠣᠲᠣᠷ᠎ᠠ ᠠ᠋ᠴᠠ ᠪᠠᠨ ᠴᠠᠭᠳᠠᠨ᠎ᠠ ᠂ ᠭᠡᠨᠡᠳᠲᠡ ᠶ᠋ᠢᠨ ᠠᠶᠤᠯ ᠬᠠᠷᠠᠩᠭᠤᠢ ᠪᠠᠷ ᠮᠠᠷᠢᠶᠠᠵᠤ ᠢᠷᠡᠪᠡᠯ ᠂ ᠭᠡᠷ ᠲᠡᠭᠡᠨ ᠰᠠᠭᠤᠭᠰᠠᠭᠠᠷ ᠴᠠᠬᠢᠯᠭᠠᠨ ᠬᠣᠩᠬᠣ ᠲᠠᠴᠢᠭᠢᠨᠠᠭᠤᠯᠤᠨᠠ ᠃
ᠪᠤᠷᠠᠬᠤ ᠰᠢᠭᠤᠷᠭ᠎ᠠ ᠨᠠᠢᠵᠢ ᠪᠠᠨ ᠬᠦᠯᠢᠶᠡᠭᠰᠡᠭᠡᠷ ᠡᠩᠰᠡᠷᠡᠵᠦ ᠠᠭᠤᠯᠠ ᠨᠤᠷᠠᠬᠤ ᠮᠡᠲᠦ ᠶᠡᠬᠡ ᠳᠠᠭᠤᠨ ᠢ᠋ᠶ᠋ᠠᠷ ᠤᠬᠢᠯᠠᠨ᠎ᠠ ᠃ ᠪᠤᠲᠠᠷᠠᠬᠤ ᠴᠠᠰᠤ ᠨᠠᠢᠵᠢ ᠠ᠋ᠴᠠ ᠪᠠᠨ ᠰᠠᠯᠤᠭᠠᠳ ᠤᠶᠠᠷᠠᠵᠤ ᠂ ᠤᠰᠤ ᠴᠢᠳᠬᠤᠯᠠᠬᠤ ᠰᠢᠭ᠋ ᠭᠠᠰᠢᠭᠤᠨ ᠨᠢᠯᠪᠤᠰᠤ ᠪᠠᠨ ᠪᠥᠮᠪᠥᠷᠢᠭᠦᠯᠦᠨᠡ ᠃
ᠬᠠᠭᠤᠴᠢᠨ ᠨᠥᠬᠥᠷᠯᠡᠯ ᠢ᠋ᠶ᠋ᠡᠨ ᠡᠪᠦᠭᠡᠨ ᠮᠠᠨᠠᠭᠠᠴᠢᠨ ᠮᠠᠷᠲᠠᠭᠰᠠᠨ ᠪᠢᠰᠢ ᠂ ᠬᠤᠪᠢᠰᠬᠠᠯᠳᠤ ᠮᠠᠯᠴᠢᠨ ᠤ᠋ ᠰᠢᠨ᠎ᠡ ᠦᠶ᠎ᠡ ᠡᠬᠢᠯᠡᠭᠰᠡᠨ ᠰᠢᠦ!
ᠰᠠᠯᠬᠢᠨ ᠬᠦᠯᠦᠭ
ᠵᠤᠵᠠᠭᠠᠨ ᠡᠭᠦᠯᠡᠰ ᠢ᠋ ᠳᠡᠯ ᠢ᠋ᠶ᠋ᠡᠷ ᠢ᠋ᠶ᠋ᠡᠨ ᠡᠪᠬᠡᠭᠰᠡᠭᠡᠷ ᠂ ᠵᠤᠯᠵᠠᠭ᠎ᠠ ᠨᠣᠭᠣᠭ᠎ᠠ ᠶ᠋ᠢ ᠬᠣᠩᠰᠢᠶᠠᠷ ᠢ᠋ᠶ᠋ᠠᠷ ᠢ᠋ᠶ᠋ᠠᠨ ᠵᠣᠯᠭᠠᠭᠰᠠᠭᠠᠷ ᠂ ᠤᠷᠭᠤᠭ᠎ᠠ ᠬᠠᠳᠠ ᠶ᠋ᠢ ᠲᠤᠭᠤᠷᠠᠢ ᠪᠠᠷ ᠢ᠋ᠶ᠋ᠠᠨ ᠴᠠᠪᠴᠢᠯᠠᠭᠰᠠᠭᠠᠷ ᠂ ᠤᠷᠤᠰᠬᠤ ᠮᠥᠷᠡᠨ ᠢ᠋ ᠰᠡᠭᠦᠯ ᠢ᠋ᠶ᠋ᠡᠷ ᠢ᠋ᠶ᠋ᠡᠨ ᠴᠣᠬᠢᠯᠤᠭᠰᠠᠭᠠᠷ ᠂ ᠬᠦᠴᠦ ᠲᠤᠷᠪᠢ ᠲᠠᠢ ᠰᠠᠯᠬᠢᠨ ᠬᠦᠯᠦᠭ ᠠ᠋ ᠂ ᠬᠣᠪᠢᠨ ᠤ᠋ ᠳᠤᠷ᠎ᠠ ᠪᠠᠷ ᠵᠠᠨ ᠲᠣᠭᠯᠠᠨ ᠭᠦᠶᠦᠨ᠎ᠡ ᠃
ᠰᠠᠯᠬᠢᠨ ᠬᠦᠯᠦᠭ ᠠ᠋ ᠂ ᠭᠣᠷᠣᠢ ᠭᠣᠷᠣᠢ ᠂ ᠰᠠᠯᠬᠢᠨ ᠬᠦᠯᠦᠭ ᠠ᠋ ᠂ ᠭᠤᠷᠤᠢ ᠭᠤᠷᠤᠢ ! ᠬᠡᠦᠬᠡᠨ ᠬᠠᠪᠤᠷ ᠨᠠᠪᠴᠢ ᠪᠠᠨ ᠲᠡᠪᠡᠷᠢᠭᠡᠳ ᠬᠥᠳᠡᠭᠡ ᠨᠤᠲᠤᠭ ᠲᠤ᠌ ᠬᠦᠷᠴᠦ ᠢᠷᠡᠬᠦ ᠳ᠋ᠦ᠍ ᠂ ᠠᠶᠤᠩᠭ᠎ᠠ ᠶ᠋ᠢᠨ ᠳᠠᠭᠤᠨ ᠢ᠋ᠶ᠋ᠠᠷ ᠢᠨᠴᠠᠭᠠᠨ ᠲᠣᠭᠯᠠᠭᠰᠠᠭᠠᠷ ᠂ ᠰᠠᠯᠬᠢᠨ ᠬᠦᠯᠦᠭ ᠴᠦ᠍ ᠳᠠᠪᠬᠢᠵᠤ ᠢᠷᠡᠵᠡᠢ ᠃ ᠬᠠᠷ᠎ᠠ ᠬᠤᠮᠠᠭ ᠢ᠋ ᠪᠤᠲᠠᠷᠠᠭᠤᠯᠤᠨ ᠳᠡᠭᠳᠡᠭᠡᠵᠦ ᠬᠠᠮᠬᠤᠤᠯ ᠰᠢᠷᠠᠯᠵᠢ ᠶ᠋ᠢ ᠭᠤᠶᠠᠳᠠᠨ ᠬᠡᠢᠰᠬᠡᠬᠦ ᠳ᠋ᠦ᠍ᠨᠢ ᠂ ᠡᠮᠨᠢᠭᠴᠢᠨ ᠵᠠᠯᠠᠭᠤ ᠠᠭᠤᠷᠯᠠᠨ ᠤᠷᠭᠠᠯᠠᠭᠰᠠᠨ ᠴᠤ᠌ ᠡᠷᠡᠰ ᠬᠠᠶᠠᠭᠰᠠᠨ ᠤᠷᠭᠠᠨ ᠳ᠋ᠤᠨᠢ ᠣᠷᠣᠭᠰᠠᠨ ᠦᠭᠡᠢ !
ᠬᠠᠯᠠᠭᠤᠨ ᠵᠤᠨ ᠴᠡᠴᠡᠭ ᠢ᠋ᠶ᠋ᠡᠨ ᠲᠡᠪᠡᠷᠢᠭᠡᠳ ᠬᠠᠨᠠᠭᠠᠷ ᠲᠠᠯ᠎ᠠ ᠳ᠋ᠤ᠌ ᠤᠷᠢᠭᠳᠠᠨ ᠢᠷᠡᠬᠦ ᠳ᠋ᠦ᠍ ᠂ ᠬᠠᠯᠭᠢᠯᠠᠭᠰᠠᠨ ᠦᠶᠡᠷ ᠢ᠋ ᠭᠢᠰᠬᠢᠯᠡᠨ ᠬᠠᠷᠠᠢᠯᠠᠭᠰᠠᠭᠠᠷ ᠂ ᠰᠠᠯᠬᠢᠨ ᠬᠦᠯᠦᠭ ᠴᠦ᠍ ᠲᠣᠭᠯᠠᠵᠤ ᠢᠷᠡᠵᠡᠢ ᠃ ᠬᠠᠷ᠎ᠠ ᠡᠭᠦᠯᠡ ᠶ᠋ᠢ ᠬᠤᠮᠢᠨ ᠪᠥᠭᠡᠮᠨᠡᠷᠡᠭᠦᠯᠵᠦ ᠂ ᠬᠠᠲᠠᠭᠤ ᠮᠥᠨᠳᠥᠷ ᠊ᠢ ᠰᠢᠪᠡᠲᠦᠨ ᠪᠠᠭᠤᠯᠭᠠᠬᠤ ᠳ᠋ᠤᠨᠢ ᠬᠣᠨᠢᠴᠢᠨ ᠬᠡᠦᠬᠡᠨ ᠬᠢᠯᠢᠩᠨᠡᠨ ᠴᠢᠳᠥᠷᠯᠡᠬᠦ ᠳ᠋ᠦ᠍ ᠬᠢᠯᠭᠠᠰᠤ ᠰᠠᠢᠲᠠᠢ ᠴᠢᠳᠥᠷ ᠲᠦ᠋ᠨᠢ ᠴᠢᠳᠥᠷᠯᠡᠭᠳᠡᠭᠰᠡᠨ ᠦᠭᠡᠢ !
ᠠᠯᠲᠠᠨ ᠨᠠᠮᠤᠷ ᠵᠢᠮᠢᠰ ᠢ᠋ᠶ᠋ᠡᠨ ᠲᠡᠪᠡᠷᠢᠭᠡᠳ ᠠᠷᠤ ᠬᠢᠵᠠᠭᠠᠷ ᠲᠤ᠌ ᠠᠢᠯᠴᠢᠯᠠᠨ ᠢᠷᠡᠬᠦ ᠳ᠋ᠦ᠍ ᠮᠥᠩᠭᠥᠨ ᠬᠢᠷᠠᠭᠤ ᠶ᠋ᠢ ᠪᠤᠲᠠᠷᠠᠭᠤᠯᠤᠨ ᠰᠠᠴᠤᠭᠰᠠᠭᠠᠷ ᠰᠠᠯᠬᠢᠨ ᠬᠦᠯᠦᠭ ᠴᠦ᠍ ᠳᠠᠪᠬᠢᠵᠤ ᠢᠷᠡᠵᠡᠢ ᠃ ᠠᠯᠢᠮ᠎ᠠ ᠠᠯᠮᠤᠷᠠᠳ ᠤ᠋ᠨ ᠬᠠᠴᠠᠷ ᠢ᠋ ᠲᠠᠭᠠᠯᠠᠵᠤ ᠂ ᠠᠢᠷᠠᠭ ᠲᠠᠷᠠᠭ ᠤ᠋ᠨ ᠦᠨᠦᠷ ᠊ᠢ ᠠᠩᠬᠢᠯᠤᠭᠤᠯᠬᠤ ᠳ᠋ᠤᠨᠢ ᠠᠳᠤᠭᠤᠴᠢᠨ ᠠᠪᠤ ᠪᠡᠯᠴᠢᠭᠡᠷ ᠲᠡᠭᠡᠨ ᠳᠠᠭᠤᠳᠠᠭᠰᠠᠨ ᠴᠤ᠌ ᠠᠮᠪᠠᠨ ᠲᠠᠷᠭᠤᠨ ᠰᠦᠷᠦᠭ ᠲᠡᠢ ᠨᠢ ᠨᠡᠢᠯᠡᠭᠰᠡᠨ ᠦᠭᠡᠢ ! ᠬᠦᠢᠲᠡᠨ ᠡᠪᠦᠯ ᠴᠠᠰᠤ ᠪᠠᠨ ᠬᠣᠷᠮᠣᠢᠯᠠᠭᠰᠠᠭᠠᠷ ᠬᠥᠳᠡᠭᠡ ᠨᠤᠲᠤᠭ ᠲᠤ᠌ ᠲᠡᠮᠡᠴᠡᠨ ᠢᠷᠡᠬᠦ ᠳ᠋ᠦ᠍ ᠂ ᠤᠭᠠᠯᠵᠠᠨ ᠰᠢᠭᠤᠷᠭ᠎ᠠ ᠶ᠋ᠢ ᠣᠣᠭᠢᠭᠤᠯᠤᠨ ᠱᠤᠤᠭᠢᠭᠤᠯᠤᠭᠰᠠᠭᠠᠷ ᠂ ᠰᠠᠯᠬᠢᠨ ᠬᠦᠯᠦᠭ ᠴᠦ᠍ ᠳᠠᠪᠬᠢᠵᠤ ᠢᠷᠡᠵᠡᠢ ᠃ ᠠᠲᠠᠷ ᠤ᠋ᠨ ᠴᠠᠰᠤ ᠶ᠋ᠢ ᠬᠡᠢᠰᠬᠡᠨ ᠶᠠᠪᠤᠭᠤᠯᠵᠤ ᠂ ᠠᠷᠭᠠᠯ ᠤ᠋ᠨ ᠭᠠᠯ ᠊ᠢ ᠦᠯᠢᠶᠡᠨ ᠳᠦᠷᠡᠯᠵᠡᠭᠦᠯᠬᠦ ᠳ᠋ᠦ᠍ᠨᠢ ᠬᠥᠭᠰᠢᠨ ᠡᠵᠢ ᠤᠶᠠᠭᠠᠨ ᠳ᠋ᠠᠭᠠᠨ ᠳᠠᠭᠤᠳᠠᠭᠰᠠᠨ ᠴᠤ᠌ ᠬᠥᠬᠡ ᠪᠣᠷᠳᠣᠭ᠎ᠠ ᠶ᠋ᠢᠨ ᠬᠢᠨᠢ ᠦᠨᠦᠷ ᠢ᠋ᠶ᠋ᠡᠷ ᠢᠷᠡᠭᠰᠡᠨ ᠦᠭᠡᠢ !
ᠰᠠᠯᠬᠢᠨ ᠬᠦᠯᠦᠭ ᠠ᠋ ᠂ ᠭᠣᠷᠣᠢ ᠭᠣᠷᠣᠢ ᠂ ᠰᠠᠯᠬᠢᠨ ᠬᠦᠯᠦᠭ ᠠ᠋ ᠂ ᠭᠤᠷᠤᠢ ᠭᠤᠷᠤᠢ !
ᠰᠢᠨᠡᠴᠢᠯᠡᠯᠲᠡ ᠥᠭᠡᠷᠡᠴᠢᠯᠡᠯᠲᠡ ᠶ᠋ᠢᠨ ᠳᠠᠢᠴᠢᠨ ᠤᠷᠢᠶ᠎ᠠ ᠂ ᠰᠢᠨᠵᠢᠯᠡᠬᠦ ᠤᠬᠠᠭᠠᠨ ᠤ᠋ ᠬᠠᠪᠤᠷ ᠢ᠋ ᠳᠠᠭᠤᠳᠠᠵᠤ ᠂ ᠰᠡᠩᠬᠡᠷᠡᠯ ᠦ᠋ᠨ ᠭᠡᠷᠡᠯ ᠢ᠋ ᠲᠠᠯ᠎ᠠ ᠳ᠋ᠤ᠌ ᠰᠠᠴᠤᠭᠰᠠᠨ ᠳ᠋ᠤ᠌ ᠤᠷᠭ᠎ᠠ ᠬᠥᠰᠢᠭᠰᠡᠨ ᠮᠣᠩᠭᠣᠯ ᠦᠨᠳᠦᠰᠦᠲᠡᠨ ᠂ ᠣᠶᠤᠨ ᠲᠦᠯᠬᠢᠭᠦᠷ ᠢ᠋ ᠠᠳᠬᠤᠵᠤ ᠠᠪᠤᠭᠠᠳ ᠤᠭᠤᠷᠠᠭ ᠠᠩᠬᠢᠯᠤᠭᠰᠠᠨ ᠮᠣᠩᠭᠣᠯ ᠭᠡᠷ ᠲᠦ᠍ ᠰᠢᠨᠵᠢᠯᠡᠯ ᠰᠤᠳᠤᠯᠤᠯ ᠤ᠋ᠨ ᠭᠠᠵᠠᠷ ᠪᠠᠢᠭᠤᠯᠤᠭᠳᠠᠭᠠᠳ ᠮᠠᠯ ᠠᠵᠤ ᠠᠬᠤᠢ ᠶ᠋ᠢ ᠮᠠᠰᠢᠨᠴᠢᠯᠠᠬᠤ ᠂ ᠮᠠᠩᠨᠤᠭ ᠵᠢᠷᠤᠭ ᠢ᠋ ᠡᠭᠡᠯᠡᠨ ᠵᠢᠷᠤᠵᠤ ᠰᠠᠯᠬᠢᠨ ᠬᠦᠯᠦᠭ ᠢ᠋ ᠤᠷᠭᠠᠯᠠᠨ ᠬᠦᠯᠦᠭᠯᠡᠬᠦ ᠪᠡᠷ ᠰᠢᠨ᠎ᠡ ᠡᠮᠡᠭᠡᠯ ᠬᠠᠵᠠᠭᠠᠷ ᠢ᠋ ᠵᠣᠬᠢᠶᠠᠨ᠎ᠠ ᠃
ᠰᠠᠯᠬᠢᠨ ᠬᠦᠯᠦᠭ ᠠ᠋ ᠂ ᠭᠣᠷᠣᠢ ᠭᠣᠷᠣᠢ ᠂ ᠰᠠᠯᠬᠢᠨ ᠬᠦᠯᠦᠭ ᠠ᠋ ᠂ ᠭᠤᠷᠤᠢ ᠭᠤᠷᠤᠢ!
ᠰᠢᠩᠭᠡᠨ ᠤᠨᠢᠶᠠᠷ ᠢ᠋ ᠳᠡᠯ ᠡᠴᠡ ᠪᠡᠨ ᠲᠤᠨᠤᠷᠠᠭᠤᠯᠤᠭᠰᠠᠭᠠᠷ ᠰᠢᠮᠡᠯᠢᠭ ᠰᠦᠮᠡᠨ ᠢ᠋ ᠬᠡᠯᠡ ᠪᠡᠷ ᠢ᠋ᠶ᠋ᠡᠨ ᠣᠷᠢᠶᠠᠭᠰᠠᠭᠠᠷ ᠂ ᠰᠣᠯᠣᠩᠭ᠎ᠠ ᠣᠷᠢᠶᠠᠯᠳᠤᠭᠰᠠᠨ ᠡᠪᠡᠰᠦᠨ ᠬᠦᠷᠢᠶᠡᠨ ᠦ᠌ ᠳᠣᠲᠣᠭᠤᠷ ᠂ ᠰᠤᠪᠤᠳ ᠢ᠋ᠶ᠋ᠠᠷ ᠪᠥᠭᠡᠯᠵᠢᠭᠰᠡᠨ ᠮᠠᠰᠢᠨ ᠬᠤᠳᠳᠤᠭ ᠤ᠋ᠨ ᠭᠠᠳᠠᠭᠤᠷ ᠂ ᠥᠷᠯᠥᠭ ᠬᠦᠴᠦᠲᠡᠢ ᠰᠠᠯᠬᠢᠨ ᠬᠦᠯᠦᠭ ᠠ᠋ ᠂ ᠦᠦᠷᠰᠡᠲᠡᠯᠡ ᠢᠨᠴᠠᠭᠠᠭᠠᠳ ᠲᠣᠭᠯᠠᠨ ᠢᠷᠡᠵᠡᠢ ᠃ ᠰᠡᠩᠰᠡ ᠲᠡᠭᠡᠷᠮ᠎ᠡ ᠶ᠋ᠢ ᠲᠡᠷᠡ ᠵᠢᠳᠬᠦᠭᠡᠳ ᠰᠠᠴᠤᠯᠭ᠎ᠠ ᠷᠠᠰᠢᠶᠠᠨ ᠳᠡᠭᠡᠭᠰᠢ ᠴᠠᠯᠭᠢᠭᠤᠯᠤᠨ᠎ᠠ ᠃ ᠬᠥᠳᠡᠯᠭᠡᠭᠦᠷ ᠮᠠᠰᠢᠨ ᠢ᠋ ᠲᠡᠷᠡ ᠴᠢᠷᠦᠭᠡᠳ ᠂ ᠡᠦᠲᠦᠨ ᠰᠦᠷᠦᠭ ᠢ᠋ ᠳᠣᠷᠣᠭᠰᠢ ᠬᠠᠯᠭᠢᠭᠤᠯᠤᠨᠠ ᠃ ᠬᠣᠨᠢᠴᠢᠨ ᠬᠡᠦᠬᠡᠨ ᠦ᠌ ᠬᠠᠢᠴᠢ ᠶ᠋ᠢ ᠦᠨᠦᠰᠴᠦ ᠬᠣᠷᠴᠢᠨ ᠬᠣᠨᠢᠨ ᠤ᠋ ᠨᠣᠣᠰᠣ ᠶ᠋ᠢ ᠡᠪᠬᠡᠷᠡᠭᠦᠯᠦᠨᠡ ᠃ ᠰᠠᠭᠠᠯᠢᠴᠢᠨ ᠡᠵᠢ ᠶ᠋ᠢᠨ ᠬᠣᠷᠮᠣᠢ ᠶ᠋ᠢ ᠳᠣᠯᠢᠶᠠᠵᠤ ᠂ ᠰᠢᠮᠡᠨᠲᠠᠷᠠ ᠦᠨᠢᠶᠡᠨ ᠦ᠌ ᠰᠦ ᠶ᠋ᠢ ᠬᠥᠭᠡᠰᠦᠷᠡᠭᠦᠯᠦᠨᠡ ᠃
ᠰᠠᠯᠬᠢᠨ ᠬᠦᠯᠦᠭ ᠲᠡᠭᠡᠨ ᠠᠯᠠᠪᠬᠢᠨ ᠮᠣᠷᠳᠠᠭᠰᠠᠨ ᠂ ᠰᠠᠷᠠᠭᠤᠯ ᠲᠠᠯ᠎ᠠ ᠶ᠋ᠢᠨ ᠪᠠᠭᠠᠲᠤᠷ ᠮᠠᠯᠴᠢᠳ ᠠ᠋ ᠂ ᠳᠡᠭᠡᠭᠰᠢ ᠳᠡᠭᠳᠡᠵᠦ ᠡᠦᠲᠦᠨ ᠣᠷᠣᠨ ᠢ᠋ᠶ᠋ᠠᠷ ᠵᠤᠭᠠᠯᠠᠨ ᠂ ᠳᠣᠷᠣᠭᠰᠢ ᠲᠣᠨᠣᠵᠤ ᠭᠠᠵᠠᠷ ᠤ᠋ᠨ ᠨᠢᠭᠤᠴᠠ ᠶ᠋ᠢ ᠰᠢᠨᠵᠢᠨ᠎ᠡ ᠃ ᠲᠠᠪᠤᠨ ᠲᠢᠪ ᠢ᠋ ᠨᠢᠳᠦᠨ ᠳᠣᠣᠷ᠎ᠠ ᠪᠠᠨ ᠬᠤᠷᠢᠶᠠᠵᠤ ᠳᠥᠷᠪᠡᠨ ᠳᠠᠯᠠᠢ ᠶ᠋ᠢ ᠳᠥᠷᠦᠭᠡᠨ ᠳᠣᠣᠷ᠎ᠠ ᠪᠠᠨ ᠭᠡᠰᠭᠢᠯᠡᠨᠡ !
1979 .9
