ᠨᠠᠢᠷᠠᠭᠤᠯᠤᠭᠴᠢ ᠶ᠋ᠢᠨ ᠪᠠᠶᠠᠰᠤᠯ - ᠪᠥᠬᠡᠳᠡᠯᠭᠡᠷ Найруулагчийн баясал - Бөхдэлгэр
ᠨᠠᠢᠷᠠᠭᠤᠯᠤᠭᠴᠢ ᠶ᠋ᠢᠨ ᠪᠠᠶᠠᠰᠤᠯ
ᠬᠠᠪᠤᠷ ᠤ᠋ᠨ ᠰᠠᠯᠬᠢ ᠨᠠᠢᠷᠠᠭᠤᠯᠬᠤ ᠬᠡᠯᠲᠡᠰ ᠦ᠋ᠨ ᠡᠭᠦᠳᠡ ᠶ᠋ᠢ ᠲᠣᠭᠰᠢᠵᠤ ᠨᠡᠭᠡᠭᠡᠬᠦ ᠳ᠋ᠦ᠍ ᠂ ᠲᠣᠭᠳᠣᠢ ᠲᠣᠭᠳᠣᠢ ᠡᠬᠡ ᠪᠢᠴᠢᠭ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠦᠶᠡᠷ ᠦ᠋ᠨ ᠤᠰᠤ ᠮᠡᠲᠦ ᠬᠣᠢᠨ᠎ᠠ ᠬᠣᠢᠨ᠎ᠠ ᠠ᠋ᠴᠠ ᠪᠠᠨ ᠳᠣᠯᠭᠢᠶᠠᠯᠠᠨ ᠢᠷᠡᠯ᠎ᠡ !
ᠵᠠᠷᠢᠮ ᠤ᠋ᠨ ᠬᠢᠨᠢ ᠳᠡᠭᠡᠷ᠎ᠡ ᠪᠤᠭᠤᠳᠠᠢ ᠶ᠋ᠢᠨ ᠮᠥᠬᠥᠯᠢᠭ ᠪᠣᠯᠣᠳ ᠤ᠋ᠨ ᠬᠡᠮᠬᠡᠳᠡᠭ ᠨᠠᠭᠠᠯᠳᠤᠵᠤ ᠂ ᠵᠠᠷᠢᠮ ᠤ᠋ᠨ ᠬᠢᠨᠢ ᠳᠡᠭᠡᠷ᠎ᠡ ᠨᠡᠭᠦᠷᠡᠰᠦᠨ ᠦ᠌ ᠪᠣᠳᠣᠭ ᠨᠠᠪᠴᠢᠨ ᠤ᠋ ᠬᠤᠨᠢᠶᠠᠰᠤ ᠳᠠᠭᠠᠯᠳᠤᠵᠤ ᠂ ᠵᠠᠷᠢᠮ ᠲᠣᠭᠳᠣᠢ ᠠ᠋ᠴᠠ ᠨᠢ ᠰᠦ ᠶ᠋ᠢᠨ ᠦᠨᠦᠷ ᠲᠣᠰᠣᠨ ᠤ᠋ ᠦᠨᠦᠷ ᠠᠩᠬᠢᠯᠵᠤ ᠂ ᠵᠠᠷᠢᠮ ᠲᠣᠭᠳᠣᠢ ᠳ᠋ᠤᠨᠢ ᠬᠦᠵᠢᠰ ᠦ᠋ᠨ ᠦᠨᠦᠷ ᠡᠮ ᠦ᠋ᠨ ᠦᠨᠦᠷ ᠰᠢᠩᠭᠡᠵᠡᠢ ᠃
ᠲᠡᠷᠡᠬᠡᠨ ᠭᠱᠠᠨ᠎ᠠ᠄ ᠠᠭᠤᠯᠠ ᠬᠥᠨᠳᠡᠢᠯᠡᠭᠰᠡᠨ ᠠᠭᠤᠷᠬᠠᠢ ᠶ᠋ᠢᠨ ᠭᠤᠯᠳᠤᠩ ᠳ᠋ᠤ᠌ ᠬᠦᠷᠴᠦ ᠂ ᠣᠮᠣᠭᠲᠤ ᠠᠵᠢᠯᠴᠢᠳ ᠲᠠᠢ ᠶᠠᠷᠢᠯᠴᠠᠵᠤ ᠪᠠᠢᠭ᠎ᠠ ᠰᠢᠭ᠋ ᠰᠠᠨᠠᠭᠳᠠᠨ᠎ᠠ ᠃ ᠤᠰᠤ ᠱᠤᠤᠭᠢᠭᠰᠠᠨ ᠴᠠᠬᠢᠯᠭᠠᠨ ᠰᠲ᠋ᠠᠨᠽᠢ ᠳ᠋ᠤ᠌ ᠣᠴᠢᠵᠤ ᠂ ᠪᠤᠭᠤᠷᠤᠯ ᠮᠡᠷᠭᠡᠵᠢᠯᠲᠡᠨ ᠲᠡᠢ ᠨᠢ ᠬᠡᠯᠡᠯᠴᠡᠵᠦ ᠪᠠᠢᠭ᠎ᠠ ᠰᠢᠬ ᠪᠣᠳᠣᠭᠳᠠᠨ᠎ᠠ ᠃
ᠲᠡᠷᠡᠬᠡᠨ ᠭᠱᠠᠨ᠎ᠠ ᠴᠡᠴᠡᠭ ᠲᠡᠪᠡᠷᠢᠭᠰᠡᠨ ᠡᠪᠡᠰᠦᠨ ᠬᠦᠷᠢᠶᠡᠨ ᠳ᠋ᠦ᠍ ᠬᠦᠷᠴᠦ ᠂ ᠰᠢᠮᠡᠲᠦ ᠡᠪᠡᠰᠦ ᠶ᠋ᠢ ᠨᠢ ᠰᠤᠳᠤᠯᠬᠤ ᠶᠤᠮᠰᠢᠭ ᠪᠣᠳᠣᠭᠳᠠᠨ ᠃ᠮᠠᠩᠬ᠎ᠠ ᠴᠢᠳᠥᠷᠯᠡᠭᠰᠡᠨ ᠰᠢᠭᠤᠢ ᠲᠠᠯᠠᠪᠠᠢ ᠳ᠋ᠤ᠌ ᠣᠴᠢᠵᠤ ᠂ ᠵᠤᠯᠵᠠᠭ᠎ᠠ ᠮᠣᠳᠣ ᠶ᠋ᠢ ᠨᠢ ᠥᠬᠥᠭᠡᠷᠳᠡᠬᠦ ᠶᠤᠮᠰᠢᠭ᠌ ᠰᠠᠨᠠᠭᠳᠠᠨ᠎ᠠ ᠃
ᠠᠬᠠᠮᠠᠳ ᠺᠠᠲᠠᠷ ᠪᠡᠶ᠎ᠡ ᠶ᠋ᠢᠨ ᠰᠣᠷᠪᠢ ᠪᠠᠨ ᠲᠡᠮᠲᠡᠷᠢᠨ ᠂ ᠠᠭᠲᠠ ᠶ᠋ᠢᠨ ᠳᠥᠷᠥᠭᠡ ᠪᠡᠨ ᠬᠦᠴᠦᠲᠡᠢ ᠢᠰᠬᠦᠯᠬᠦ ᠨᠢ ᠦᠵᠡᠭᠳᠡᠵᠦ ᠃ᠠᠳᠤᠭᠤᠴᠢᠨ ᠬᠣᠨᠢᠴᠢᠨ ᠵᠢᠷᠦᠬᠡᠨ ᠰᠢᠷᠬ᠎ᠠ ᠪᠠᠨ ᠢᠯᠪᠢᠨ ᠂ ᠠᠳᠬᠤᠭᠰᠠᠨ ᠵᠢᠯᠣᠭᠣ ᠪᠠᠨ ᠢᠳᠡᠲᠡᠢ ᠰᠤᠩᠭᠠᠬᠤ ᠨᠢ ᠬᠠᠷᠠᠭᠳᠠᠨ᠎ᠠ ᠃ ᠬᠣᠩᠭᠣᠷ ᠵᠠᠯᠠᠭᠤᠰ ᠤ᠋ᠨ ᠢᠨᠠᠭ ᠤ᠋ᠨ ᠨᠢᠭᠤᠴᠠ ᠰᠢᠪᠡᠨᠡᠭᠡ ᠂ ᠬᠥᠭᠡᠷᠦᠬᠦᠨ ᠨᠢᠯᠬᠠᠰ ᠤ᠋ᠨ ᠢᠲᠡᠭᠡᠯ ᠪᠢᠯᠬᠠᠭᠰᠠᠨ ᠮᠦᠰᠢᠶᠡᠳᠦ ᠂ ᠬᠦᠰᠡᠯᠡᠩᠲᠦ ᠨᠠᠰᠤᠲᠠᠳ ᠤ᠋ᠨ ᠠᠷᠢᠬᠢ ᠰᠥᠩᠨᠡᠬᠦ ᠢᠷᠦᠭᠡᠯ ᠴᠦ᠍ ᠬᠥᠭᠵᠢᠮ ᠦ᠋ᠨ ᠡᠬᠡᠰᠢᠭ ᠲᠡᠢ ᠬᠠᠮᠲᠤ ᠪᠠᠷ ᠠᠳᠠ ᠬᠤᠷᠠᠮᠳᠤᠵᠠᠢ᠃
ᠢᠩᠭᠢᠭᠰᠡᠨ ᠡᠴᠡ ᠲᠠᠯ᠎ᠠ ᠨᠤᠲᠤᠭ ᠤ᠋ᠨ ᠳᠠᠭᠤᠨ ᠠᠮᠢᠰᠬᠤᠭ᠎ᠠ ᠂ ᠡᠬᠡ ᠤᠯᠤᠰ ᠤ᠋ᠨ ᠰᠤᠳᠠᠰᠤᠨ ᠯᠤᠭᠰᠢᠭᠠ ᠂ ᠲᠡᠦᠬᠡᠨ ᠬᠦᠷᠳᠦᠨ ᠦ᠌ ᠤᠷᠤᠭᠰᠢᠯᠠᠬᠤ ᠴᠢᠮᠡᠭᠡ ᠂ ᠲᠦᠮᠡᠨ ᠠᠷᠠᠳ ᠤ᠋ᠨ ᠵᠢᠷᠦᠬᠡᠨ ᠦ᠌ ᠴᠣᠬᠢᠯᠭ᠎ᠠ ᠨᠠᠢᠷᠠᠭᠤᠯᠤᠭᠴᠢ ᠶ᠋ᠢᠨ ᠴᠡᠭᠡᠵᠢᠨ ᠳ᠋ᠦ᠍ ᠳᠦᠭᠦᠷᠴᠦ ᠂ ᠪᠠᠶᠠᠰᠤᠯ ᠵᠢᠷᠭᠠᠯ ᠤ᠋ᠨ ᠠᠪᠤᠷᠭᠤ ᠳᠣᠯᠭᠢᠶᠠᠨ ᠲᠠᠪᠠᠷᠠᠨᠠ ᠂ ᠰᠢᠨ᠎ᠡ ᠶᠢᠷᠲᠢᠨᠴᠦ ᠡᠮᠦᠨ᠎ᠡ ᠨᠢ ᠨᠡᠭᠡᠭᠡᠭᠳᠡᠵᠦ ᠂ ᠰᠢᠨ᠎ᠡ ᠨᠠᠢᠵᠢ ᠨᠠᠷ ᠭᠠᠷ ᠢ᠋ ᠨᠢ ᠠᠳᠬᠤᠵᠤ ᠰᠢᠨ᠎ᠡ ᠢᠳᠡ ᠬᠦᠴᠦᠨ ᠪᠤᠯᠴᠢᠩ ᠳ᠋ᠤᠨᠢ ᠡᠷᠴᠢᠯᠡᠨ᠎ᠡ ᠃
ᠳᠥᠷᠪᠡᠨ ᠬᠣᠣᠷᠲᠠᠨ ᠳᠣᠭᠰᠢᠷᠠᠵᠤ ᠪᠠᠢᠭᠰᠠᠨ ᠦᠶ᠎ᠡ ᠳ᠋ᠦ᠍ ᠂ ᠵᠢᠳᠠ ᠶ᠋ᠢᠨ ᠭᠡᠷᠡᠯ ᠰᠡᠯᠡᠮ᠎ᠡ ᠶ᠋ᠢᠨ ᠰᠡᠭᠦᠳᠡᠷ ᠂ ᠴᠢᠨᠣ᠎ᠠ ᠶ᠋ᠢᠨ ᠣᠷᠢᠯᠠᠯ ᠦᠨᠡᠭᠡ ᠶ᠋ᠢᠨ ᠬᠤᠴᠠᠯᠲᠠ ᠪᠠᠷ ᠳᠦᠭᠦᠷᠴᠦ ᠂ 《 ᠴᠠᠢᠬᠤ ᠵᠠᠮ 》 ᠭᠡᠰᠡᠨ ᠬᠢᠯᠭᠠᠰᠤᠨ ᠤᠷᠭ᠎ᠠ ᠬᠦᠵᠦᠭᠦᠦ ᠶ᠋ᠢ ᠨᠢ ᠪᠣᠭᠣᠮᠢᠯᠠᠵᠤ ᠂ 《ᠦᠮᠡᠬᠡᠢ ᠶᠢᠰᠦᠳᠦᠭᠡᠷ 》ᠭᠡᠰᠡᠨ ᠲᠡᠮᠦᠷ ᠠᠪᠰᠠ ᠪᠡᠶ᠎ᠡ ᠶ᠋ᠢ ᠨᠢ ᠪᠤᠯᠠᠰᠢᠯᠠᠭᠰᠠᠨ ᠠ᠋ᠴᠠ ᠥᠷᠥᠴᠡ ᠳᠦᠭᠦᠷᠡᠩ ᠠᠭᠤᠷ ᠬᠢᠯᠢᠩ ᠪᠠᠭᠲᠠᠴᠠᠵᠤ᠂ ᠬᠡᠬᠦᠳᠡᠭ ᠳᠦᠭᠦᠷᠡᠩ ᠬᠣᠷᠣᠰᠤᠯ ᠭᠣᠮᠣᠳᠠᠯ ᠳᠦᠭᠦᠷᠴᠦ ᠪᠠᠢᠯ᠎ᠠ᠃
ᠠᠷᠠᠳ ᠲᠦᠮᠡᠨ ᠦ᠌ ᠠᠤᠭ᠎ᠠ ᠲᠡᠮᠡᠴᠡᠯ ᠨᠠᠢᠷᠠᠭᠤᠯᠤᠭᠴᠢ ᠶ᠋ᠢᠨ ᠤᠷᠮ᠎ᠠ ᠵᠣᠷᠢᠭ ᠢ᠋ ᠬᠥᠭᠵᠢᠭᠡᠪᠡ ᠃ ᠨᠠᠢᠷᠠᠭᠤᠯᠤᠭᠴᠢ ᠶᠠᠭ ᠰᠡᠯᠡᠮ᠎ᠡ ᠪᠡᠨ ᠬᠤᠢᠯᠠᠷᠠᠭᠤᠯᠤᠨ ᠳᠠᠭᠠᠷᠢᠨ ᠣᠷᠣᠬᠤ ᠪᠠᠢᠯᠳᠤᠭᠴᠢ ᠮᠡᠲᠦ ᠪᠡᠷ ᠪᠢᠷ ᠢ᠋ᠶ᠋ᠡᠨ ᠪᠠᠷᠢᠵᠤ ᠂ ᠨᠠᠮ ᠠᠷᠠᠳ ᠲᠦᠮᠡᠨ ᠦ᠌ ᠵᠠᠬᠢᠶ᠎ᠠ ᠪᠠᠷ ᠲᠡᠮᠡᠴᠡᠯ ᠦ᠋ᠨ ᠬᠠᠮᠤᠭ ᠡᠮᠦᠨᠡᠬᠢ ᠹᠷᠣᠨᠲ ᠠ᠋ᠴᠠ ᠪᠡᠷᠬᠡ ᠪᠣᠭᠣᠮᠲᠠ ᠬᠠᠯᠢᠯ ᠬᠠᠳᠠ ᠵᠦᠭ ᠳᠠᠭᠠᠷᠢᠨ ᠰᠢᠪᠲᠤᠯᠤᠨ᠎ᠠ !
