ᠵᠢᠷᠮᠦᠰᠦᠨ ᠮᠠᠨᠠᠨ 〈 5 〉 - ᠲ ᠂ ᠭᠣᠮᠪᠣᠵᠠᠪ Жирэмсэн манан 〈 5 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠮᠦᠰᠦᠨ ᠮᠠᠨᠠᠨ 〈 5 〉 - ᠲ ᠂ ᠭᠣᠮᠪᠣᠵᠠᠪ Жирэмсэн манан 〈 5 〉 - Т ᠂ Гомбожав

ᠵᠢᠷᠮᠦᠰᠦᠨ ᠮᠠᠨᠠᠨ 〈 5 〉 - ᠲ ᠂ ᠭᠣᠮᠪᠣᠵᠠᠪ Жирэмсэн манан 〈 5 〉 - Т ᠂ Гомбожав

2023-05-28

222

ᠵᠢᠷᠮᠦᠰᠦᠨ ᠮᠠᠨᠠᠨ - 5


        ᠳᠣᠣᠷ 
 ᠬᠠᠷᠠᠭᠲᠠᠬᠤ ᠦᠭᠡᠢ ᠲᠤᠤᠷ 
 ᠬᠠᠮᠢᠬ᠋᠎ᠠ ᠴᠦ᠍ ᠬᠠᠷᠠᠭᠲᠠᠨ᠎ᠠ 

 ᠠᠮᠢ ᠲᠠᠢ ᠪᠠᠨ ᠮᠠᠷᠲᠠᠬ᠋᠎ᠠ ᠦᠭᠡᠢ ᠵᠢᠭᠠᠰᠤ ᠪᠦᠬᠦᠨ   
 ᠲᠣᠭᠲᠠᠭᠰᠠᠨ ᠬᠥᠲᠡᠯᠭᠡᠭᠡᠨ ᠶ᠋ᠢᠡᠨ ᠳᠠᠪᠲᠠᠩᠬᠠᠨ  
 ᠳᠣᠣᠷ ᠳᠤᠮᠳᠠ ᠠᠮᠢᠲᠤᠷᠠᠨ᠎ᠠ 

 ᠴᠡᠴᠡᠭ ᠦ᠋ᠨ ᠵᠡᠯ᠎ᠡ ᠂ ᠭᠤᠨᠢᠬᠲᠠᠶ᠋ᠢᠬᠠᠨ ᠮᠤᠷᠤᠶ᠋ᠢᠬᠤ ᠤᠴᠢᠷ
 ᠴᠢ ᠪᠢᠲᠡᠨ ᠪ ᠭᠤᠸ᠋᠎ᠠ ᠰᠠᠶ᠋ᠢᠬᠠᠨ ᠡᠨᠲᠡᠭᠦᠷᠡᠯ ᠪᠤᠰᠤ ᠡ 

 ᠤᠷᠭᠤᠬᠤ ᠲᠣᠰᠤᠮ ᠢᠷᠰᠢᠬᠦ ᠵᠢᠲᠠᠨ ᠪ ᠦᠵᠦᠭᠦᠷ
 ᠤᠯᠠᠷᠢᠯ ᠨᠡᠪᠲᠡᠯᠵᠦ ᠴᠢᠲᠠᠬᠤ ᠦᠭᠡᠢ ᠮᠣᠬᠣᠷᠠᠵᠤ
 ᠤᠨᠠᠵᠤ ᠮᠠᠨᠲᠤᠬᠤ ᠪᠣᠯᠭᠠᠨ ᠳ᠋ᠠᠭᠠᠨ 
 ᠤᠬᠠᠭᠠᠨ ᠠᠯᠲᠠᠵᠤ
 ᠨᠠᠷᠠ ᠬᠡᠵᠢᠶᠡᠲᠡ ᠰᠣᠷᠮᠤᠤᠰᠤ ᠨᠣᠶ᠋ᠢᠲᠠᠨ ᠶᠠᠪᠤᠨ᠎ᠠ 

 ᠤᠷᠲᠤᠷᠢᠬ ᠥᠷᠭᠡᠷᠢᠭ ᠦ᠋ᠨ 
 ᠤᠲᠠᠰᠤᠨ ᠱᠤᠭᠤᠮ ᠲᠠᠰᠤᠷᠠᠬᠤ ᠦᠭᠡᠢ
 ᠠᠭᠤᠯᠠᠰ ᠲᠠᠯ᠎ᠠ ᠬᠣᠶᠠᠷ ᠪᠣᠯ 
 ᠤᠷᠭᠤᠵᠤ ᠪᠠᠶ᠋ᠢᠬ᠋᠎ᠠ ᠬᠡᠷᠦᠭᠡᠰᠦᠨ ᠪ ᠳᠡᠭᠡᠷ᠎ᠡ ᠬᠠᠭᠠᠰ ᠪᠡᠶ᠎ᠡ ᠪᠢᠯᠡ ᠡ !
 
            ᠬᠡᠢ ᠰᠠᠷᠠᠯ
       1
 ᠢᠨᠢᠶᠡᠨ᠎ᠡ ᠭᠡᠳ ᠤᠬᠢᠯᠠᠵᠤ ᠴᠢᠲᠠᠭᠰᠠᠨ ᠦᠭᠡᠢ ᠬᠠᠬᠠᠯ᠎ᠠ
 ᠢᠴᠢᠭᠰᠡᠨ ᠡᠷ᠎ᠡ ᠶ᠋ᠢᠨ ᠴᠢᠷᠠᠢ 
 ᠴᠢᠰᠤ ᠦᠭᠡᠢ ᠴᠠᠶ᠋ᠢᠪᠠᠯᠵᠠᠵᠤ
 ᠢᠪᠢᠯᠦᠭᠰᠡᠨ ᠰᠦ᠋ ᠂ ᠬᠥᠬᠥᠨ ᠲᠣᠪᠴᠢᠨ ᠡᠴᠡ ᠪᠡᠨ ᠪᠦᠱᠦᠷᠬᠡᠨ ᠪᠤᠴᠠᠨ᠎ᠠ
 ᠢᠷᠡᠬᠦ ᠬᠥᠮᠦᠨ ᠪ 
 ᠶᠠᠪᠤᠭᠰᠠᠨ ᠮᠥᠷ
 ᠢᠷᠡᠭᠡᠲᠦᠢ ᠦᠭᠡᠢ ᠵᠡᠭᠦᠲᠦ ᠪᠢᠯᠡ
       2
 ᠤᠷᠤᠢ ᠪᠣᠯᠭᠠᠨ ᠂ ᠣᠲᠣᠳ 
 ᠣᠯᠠᠨ ᠮᠢᠩᠭᠠᠨ ᠰᠢᠷᠬ᠎ᠠ ᠮᠢᠨᠢ ᠪᠣᠯᠵᠤ ᠡᠪᠡᠲᠦᠨ᠎ᠡ 
 ᠣᠶ᠋ᠢᠴᠢᠬᠤ ᠶ᠋ᠢᠨ ᠶᠠᠪᠤᠴᠠ
 ᠲᠥᠪ ᠵᠣᠭᠰᠣᠯ ᠦ᠋ᠨ ᠬᠠᠮᠤᠭ ᠰᠠᠶ᠋ᠢᠬᠠᠨ ᠬᠡᠯᠪᠡᠷᠢ ᠳᠡᠭᠡᠷ᠎ᠡ   
 ᠶᠠᠪᠤᠭᠲᠠᠵᠤ ᠪᠠᠶ᠋ᠢᠯ᠎ᠠ
 ᠣᠷᠣᠶ᠋ᠢᠲᠠᠭᠰᠠᠨ ᠲᠡᠷᠭᠡᠨ ᠪ ᠥᠷᠲᠡᠭᠡᠨ  ᠳᠦ
 ᠣᠯᠠᠨ ᠬᠥᠮᠦᠨ ᠪ ᠴᠠᠭ ᠲᠡᠭ ᠤᠷᠤᠭᠤ ᠪᠠᠨ ᠪᠤᠴᠠᠬᠤ ᠳᠦ   
 ᠵᠠᠮ ᠶᠣᠣᠯᠠᠨ ᠠᠲᠤᠷᠢᠨ᠎ᠠ
       3
 ᠬᠥᠯ ᠶ᠋ᠢᠡᠨ ᠠᠯᠲᠠᠬᠤ ᠦᠭᠡᠢ ᠭᠡᠳ ᠵᠢᠤᠠᠬᠦᠯᠡᠬᠦ ᠶ᠋ᠢ ᠮᠢᠨᠢ
 ᠬᠥᠮᠦᠰ ᠭᠦᠶᠦᠯ᠎ᠡ ᠭᠡᠬᠦ ᠳ᠋ᠤᠨᠢ ᠣᠶ᠋ᠢᠯᠠᠭᠠᠵᠤ ᠴᠢᠲᠠᠭᠰᠠᠨ ᠦᠭᠡᠢ
 ᠬᠥᠭᠰᠢᠨ ᠪᠣᠲᠣᠭᠣ
 ᠬᠦᠰᠡᠯ ᠶ᠋ᠢᠡᠨ ᠣᠯᠬᠤ ᠦᠭᠡᠢ ᠪᠠᠴᠢᠮᠲᠠᠬᠤ ᠳ᠋ᠠᠭᠠᠨ
 ᠡᠯᠡᠰᠦ ᠤᠶᠠᠷᠠᠲᠠᠯ᠎ᠠ ᠪᠣᠶ᠋ᠢᠯᠠᠵᠤ ᠪᠠᠶ᠋ᠢᠯ᠎ᠠ
 ᠬᠥᠭᠡᠷᠦᠬᠦᠢ ᠢᠯᠠᠬ᠋᠎ᠠ
 ᠦᠨ᠎ᠡ ᠪᠡᠨ ᠳᠠᠭᠠᠭᠠᠬᠤ ᠦᠭᠡᠢ ᠳᠡᠯᠪᠡᠯᠵᠡᠨ ᠤᠨᠠᠬᠤ ᠶ᠋ᠢ
 ᠵᠢᠮ᠎ᠡ ᠶᠣᠰᠣ ᠮᠡᠳᠡᠭᠰᠡᠨ ᠦᠭᠡᠢ
      4
 ᠰᠡᠭᠦᠲᠡᠷ ᠊ᠢ ᠨᠢ ᠬᠠᠷᠠᠭᠠᠳ
 ᠠᠭᠤᠯᠠ ᠪᠠᠨ ᠤᠨᠠᠴᠢᠯ᠎ᠠ ᠭᠡᠵᠦ ᠭᠠᠰᠢᠭᠤᠲᠠᠭᠰᠠᠨ ᠮᠢᠨᠢ ᠡᠨᠲᠡᠭᠦᠦ ᠪᠢᠰᠢ ᠪᠠᠶ᠋ᠢᠯ᠎ᠠ
 ᠰᠣᠨᠢᠨ ᠳᠡᠭᠡᠷᠡᠬᠢ ᠦᠰᠦᠭ ᠦ᠋ᠳ
 ᠡᠬᠡ ᠳᠡᠯᠡᠬᠡᠢ ᠶ᠋ᠢᠨ ᠮᠢᠨᠢ ᠭᠠᠲᠠᠭᠤᠷ
 ᠬᠠᠷ᠎ᠠ ᠬᠥᠪᠡᠭᠡ ᠪᠣᠯᠤᠨ ᠵᠢᠬᠰᠠᠬᠤ ᠨᠢ
 ᠳᠠᠯᠳᠠᠬᠠᠨ ᠬᠠᠷᠠᠭᠲᠠᠨ᠎ᠠ ᠡ  

 ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠲᠩᠷᠢ ᠡᠵᠢ ᠠᠮᠢᠯᠠᠭᠤᠯᠤᠨ ᠬᠠᠭᠤᠯᠪᠠ 
          ᠬᠢᠨᠠᠭᠴᠢ ᠄  ᠴᠣᠯᠮᠣᠨᠲᠤᠶᠠᠭ᠎ᠠ 
               2023 ᠂ 5 ᠂ 24  ᠪ ᠡᠲᠦᠷ