ᠵᠠᠷᠠᠭᠠᠨ ᠤ ᠵᠠᠷᠴᠢᠮЗарааны зарчим
ᠵᠠᠷᠠᠭᠠᠨ ᠤ ᠵᠠᠷᠴᠢᠮ
ᠣᠢ ᠳᠤ ᠦᠨᠡᠭᠡ᠂
ᠵᠠᠷᠠᠭ᠎ᠠ 2 ᠠᠮᠢᠳᠤᠷᠠᠨ᠎ᠠ᠃ ᠦᠨᠡᠭᠡ ᠮᠢᠩᠭᠠᠨ ᠵᠠᠯᠢ᠂ ᠲᠦᠮᠡᠨ ᠮᠡᠬᠡ ᠲᠡᠢ᠃ ᠲᠡᠷᠡ ᠬᠤᠷᠳᠤᠨ᠂
ᠤᠬᠠᠭᠠᠯᠢᠭ᠂ ᠠᠷᠭ᠎ᠠ ᠲᠠᠢ᠂ ᠠᠳᠠ ᠲᠠᠢ᠃ ᠬᠠᠷᠢᠨ ᠵᠠᠷᠠᠭ᠎ᠠ ᠪᠣᠯ ᠶᠠᠭ ᠡᠭᠦᠨ ᠦ ᠡᠰᠡᠷᠭᠦ᠃ ᠲᠡᠷᠡ ᠤᠳᠠᠭᠠᠨ᠂
ᠵᠤᠤᠬᠠᠨ ᠮᠠᠭᠠᠨᠠᠭᠳᠠᠭᠤ᠂ ᠵᠠᠯᠢ ᠮᠠᠯ ᠶᠠᠭᠤ ᠴᠤ᠌ ᠪᠠᠢᠬᠤ ᠦᠭᠡᠢ᠃ ᠭᠡᠬᠦ ᠳᠦ ᠪᠡᠨ ᠯᠠ ᠴᠢᠩ ᠦᠨᠡᠨ ᠭᠡᠪᠡᠯ
ᠦᠨᠡᠭᠡ ᠬᠡᠵᠢᠶ᠎ᠡ ᠴᠤ᠌ ᠵᠠᠷᠠᠭ᠎ᠠ ᠶᠢ ᠪᠠᠷᠢᠵᠤ ᠢᠳᠡᠵᠦ ᠴᠢᠳᠠᠬᠤ ᠦᠭᠡᠢ᠃ ᠤᠴᠢᠷ ᠨᠢ ᠵᠠᠷᠠᠭ᠎ᠠ ᠪᠦᠬᠦ
ᠵᠦᠢᠯ ᠢ ᠬᠢᠵᠦ ᠴᠢᠳᠠᠬᠤ ᠦᠭᠡᠢ ᠪᠣᠯᠪᠠᠴᠤ᠌ ᠭᠠᠭᠴᠠ ᠯᠠ ᠵᠦᠢᠯ ᠢ ᠲᠡᠭᠦᠰ ᠬᠢᠳᠡᠭ᠃ ᠦᠨᠡᠭᠡ ᠲᠡᠭᠦᠨ ᠢ
ᠪᠠᠷᠢᠵᠤ ᠢᠳᠡᠬᠦ ᠪᠡᠷ ᠣᠢᠷᠠᠳᠬᠤ ᠦᠶ᠎ᠡ ᠳᠦ ᠵᠠᠷᠠᠭ᠎ᠠ ᠥᠷᠭᠡᠰᠦᠲᠦ ᠪᠥᠮᠪᠥᠭᠡ ᠪᠣᠯᠤᠨ ᠬᠤᠪᠢᠷᠠᠨ᠎ᠠ᠃
ᠡᠭᠦᠨ ᠢ ᠪᠡᠨ ᠬᠠᠷᠢᠨ ᠴᠤ᠌ ᠨᠢᠭᠡ ᠬᠢᠭᠰᠡᠨ ᠰᠢᠭ ᠬᠢᠨ᠎ᠡ ᠳ᠋ᠡ᠃ ᠦᠨᠡᠭᠡ ᠬᠡᠳᠦᠢ ᠤᠬᠠᠭᠠᠨ ᠲᠠᠢ ᠴᠤ᠌ ᠵᠠᠷᠠᠭ᠎ᠠ ᠶᠢ
ᠠᠪᠠᠯᠠᠵᠤ ᠦᠯᠦ ᠴᠢᠳᠠᠨ᠎ᠠ᠃
ᠬᠣᠷᠸ᠎ᠠ ᠳᠡᠭᠡᠷ᠎ᠡ ᠬᠣᠶᠠᠷ ᠲᠥᠷᠥᠯ ᠦᠨ ᠬᠦᠮᠦᠨ ᠪᠠᠢᠬᠤ᠃
ᠪᠦᠬᠦᠨ ᠢ ᠴᠢᠳᠠᠭᠴᠢ᠂ ᠪᠦᠬᠦᠨ ᠢ ᠮᠡᠳᠡᠭᠴᠢ ᠦᠨᠡᠭᠡᠨ ᠨᠦᠭᠦᠳ᠃ ᠴᠥᠭᠡᠨ ᠵᠦᠢᠯ ᠢ ᠴᠢᠳᠠᠬᠤ ᠪᠣᠯᠪᠠᠴᠤ
ᠲᠡᠳᠡᠭᠡᠷ ᠢ ᠪᠡᠨ ᠴᠢᠳᠠᠭᠰᠠᠨ ᠰᠢᠭ᠋ ᠴᠢᠳᠠᠳᠠᠭ ᠵᠠᠷᠠᠭᠠᠨ ᠨᠤᠭᠤᠳ᠃ ᠡᠨᠡ ᠲᠠᠯ᠎ᠠ ᠪᠠᠷ ᠶᠠᠷᠢᠬᠤ ᠪᠠᠷ
ᠨᠢᠭᠡ ᠦᠭᠡ ᠳ᠋ᠠᠬᠢᠨ ᠳᠠᠪᠲᠠᠨ ᠰᠠᠨᠠᠭᠠᠨ ᠳᠤ ᠣᠷᠣᠳᠠᠭ ᠶᠤᠮ᠂《ᠪᠦᠬᠦ
ᠲᠠᠯ᠎ᠠ ᠪᠠᠷ ᠢᠶᠠᠨ ᠳᠠᠪᠠᠭᠤ ᠪᠠᠢᠨ᠎ᠠ ᠭᠡᠳᠡᠭ ᠪᠦᠬᠦ ᠲᠠᠯ᠎ᠠ ᠪᠠᠷ ᠢᠶᠠᠨ ᠰᠤᠯᠠ ᠪᠠᠢᠨ᠎ᠠ ᠭᠡᠰᠡᠨ ᠦᠭᠡ》᠃
ᠤᠬᠠᠭᠠᠨ ᠳᠤ ᠪᠠᠨ ᠪᠢ
ᠰᠠᠭᠰᠤ ᠲᠣᠭᠯᠠᠨ᠎ᠠ᠂ ᠬᠥᠯ ᠪᠥᠮᠪᠥᠭᠡ ᠢᠰᠬᠦᠯᠦᠨ᠎ᠡ᠂ ᠸᠣᠯᠯᠧᠢᠪᠣᠯ ᠢ ᠴᠤ᠌ ᠴᠣᠬᠢᠳᠠᠭ ᠪᠠᠢᠵᠤ ᠪᠣᠯᠤᠨ᠎ᠠ᠃
ᠭᠡᠬᠦ ᠳᠦ ᠪᠡᠨ ᠵᠥᠪᠬᠡᠨ ᠨᠠᠢᠵᠠ᠎ᠨᠤᠭᠤᠳ ᠲᠠᠢ ᠪᠠᠨ ᠲᠣᠭᠯᠠᠬᠤ ᠦᠶ᠎ᠡ ᠳᠦ ᠯᠠ ᠪᠢ ᠪᠦᠭᠦᠳᠡ ᠶᠢᠨ ᠬᠢ ᠨᠢ
ᠡᠪ ᠢ ᠬᠥᠭᠡᠷᠦᠬᠦᠨ ᠣᠯᠤᠭᠠᠳ ᠲᠣᠭᠯᠠᠴᠢᠬᠠ ᠪᠣᠯᠪᠠᠴᠤ ᠠᠯᠢ ᠶᠢ ᠨᠢ ᠴᠤ᠌ ᠮᠡᠷᠭᠡᠵᠢᠯ ᠦᠨ ᠲᠦᠪᠰᠢᠨ ᠳᠦ
ᠭᠦᠨ ᠭᠦᠨᠵᠡᠭᠡᠢ ᠲᠣᠭᠯᠠᠵᠤ ᠴᠢᠳᠠᠬᠤ ᠦᠭᠡᠢ᠃ ᠪᠦᠭᠦᠳᠡ ᠶᠢ ᠨᠢ ᠴᠢᠳᠠᠳᠠᠭ ᠪᠠᠢᠭ᠎ᠠ ᠨᠢ ᠯᠠ ᠮᠢᠨᠦ ᠰᠤᠯᠠ
ᠲᠠᠯ᠎ᠠ ᠶᠤᠮ᠃ ᠬᠠᠷᠢᠨ ᠮᠠᠭᠠᠳ ᠦᠭᠡᠢ ᠡᠭᠦᠨ ᠦ ᠣᠷᠣᠨ ᠳᠤ ᠥᠪᠡᠷ ᠲᠦ ᠪᠠᠢᠭ᠎ᠠ ᠪᠦᠬᠦ ᠴᠠᠭ ᠢᠶᠠᠨ ᠰᠠᠭᠰᠤ
ᠲᠣᠭᠯᠠᠬᠤ ᠳᠤ ᠵᠠᠷᠤᠴᠠᠭᠤᠯᠤᠭᠰᠠᠨ ᠰᠠᠨ ᠪᠣᠯ ᠰᠠᠭᠰᠤ ᠪᠠᠷ ᠢᠶᠠᠨ ᠬᠣᠭᠣᠯᠠ ᠪᠠᠨ ᠣᠯᠵᠤ ᠢᠳᠡᠬᠦ ᠪᠠᠢᠭᠰᠠᠨ ᠴᠤ᠌
ᠶᠤᠮ ᠪᠢᠯᠡ ᠦᠦ᠃
ᠥᠨᠥᠳᠥᠷ ᠡᠴᠡ ᠡᠬᠢᠯᠡᠨ
ᠥᠪᠡᠷ ᠡᠴᠡ ᠪᠡᠨ ᠭᠠᠭᠴᠠ ᠯᠠ ᠠᠰᠠᠭᠤᠯᠲᠠ ᠶᠢ ᠠᠰᠠᠭᠤ! ᠴᠢᠮ᠎ᠠ ᠲᠠᠢ ᠠᠳᠠᠯᠢᠬᠠᠨ ᠮᠢᠩᠭ᠎ᠠ ᠮᠢᠩᠭᠠᠨ
ᠵᠠᠯᠠᠭᠤᠴᠤᠳ ᠪᠠᠢᠨ᠎ᠠ᠃ ᠵᠢᠯ ᠪᠦᠷᠢ 30 ᠮᠢᠩᠭ᠎ᠠ ᠣᠷᠴᠢᠮ
ᠬᠡᠦᠬᠡᠳ ᠳᠤᠮᠳᠠ ᠰᠤᠷᠭᠠᠭᠤᠯᠢ ᠪᠠᠨ ᠲᠡᠭᠦᠰᠳᠡᠭ᠃ ᠲᠡᠳᠦᠢ ᠴᠢᠨᠡᠭᠡᠨ ᠣᠶᠤᠲᠠᠨ ᠨᠤᠭᠤᠳ ᠶᠡᠬᠡ
ᠰᠤᠷᠭᠠᠭᠤᠯᠢ ᠪᠠᠨ ᠳᠠᠭᠤᠰᠬᠠᠨ᠎ᠠ᠃ ᠲᠡᠭᠦᠨ ᠡᠴᠡ ᠴᠤ᠌ ᠶᠡᠬᠡ ᠵᠠᠯᠠᠭᠤᠴᠤᠳ ᠠᠵᠢᠯᠯᠠᠵᠤ ᠪᠠᠢᠭ᠎ᠠ᠃
ᠲᠡᠳᠡᠨ ᠡᠴᠡ ᠴᠢ ᠶᠠᠭᠤ ᠪᠠᠷ ᠢᠶᠠᠨ ᠢᠯᠭᠠᠷᠠᠬᠤ ᠶᠤᠮ ᠪᠤᠢ? ᠴᠢᠨᠤ
ᠢᠯᠭᠠᠷᠠᠯ ᠶᠠᠭᠤ ᠪᠤᠢ? ᠴᠢᠨᠤ ᠵᠠᠷᠠᠭᠠᠨ ᠤ
ᠵᠠᠷᠴᠢᠮ ᠤᠤ ᠪᠤᠢ? ᠥᠭᠡᠷ᠎ᠡ ᠪᠡᠷ ᠬᠡᠯᠡᠪᠡᠯ ᠲᠡᠭᠦᠰ ᠬᠢᠵᠦ ᠴᠢᠳᠠᠬᠤ ᠭᠠᠭᠴᠠ
ᠵᠦᠢᠯ ᠴᠢᠨᠢ ᠶᠠᠭᠤ ᠪᠤᠢ?
ᠮᠡᠳᠡᠭᠡᠵᠢ ᠶᠠᠭ
ᠥᠨᠥᠳᠥᠷ ᠯᠠ ᠡᠨᠡ ᠠᠰᠠᠭᠤᠯᠲᠠ ᠶᠢ ᠥᠪᠡᠷ ᠡᠴᠡ ᠪᠡᠨ ᠠᠰᠠᠭᠤᠭᠠᠳ ᠬᠠᠷᠢᠭᠤᠯᠲᠠ ᠶᠢ ᠨᠢ ᠰᠢᠭᠤᠳ ᠣᠯᠤᠨ᠎ᠠ
ᠭᠡᠵᠦ ᠪᠠᠢᠬᠤ ᠦᠭᠡᠢ᠃ ᠣᠳᠣ ᠰᠢᠭᠤᠳ ᠲᠡᠭᠦᠰ ᠬᠢᠳᠡᠭ ᠵᠦᠢᠯ ᠴᠤ᠌ ᠭᠡᠵᠦ ᠶᠠᠭᠤ ᠪᠠᠢᠬᠤᠪ᠃ ᠭᠡᠬᠦ ᠳᠦ ᠪᠡᠨ
ᠯᠠ ᠴᠢᠨᠤ ᠬᠡᠨ ᠡᠴᠡ ᠴᠤ᠌ ᠢᠯᠡᠭᠦᠦ᠂ ᠲᠡᠭᠦᠰ ᠪᠣᠯᠬᠤ ᠶᠢ ᠬᠦᠰᠡᠳᠡᠭ ᠵᠦᠢᠯ ᠭᠡᠵᠦ ᠪᠠᠢᠬᠤ ᠬᠡᠷᠡᠭᠲᠡᠢ᠃
ᠢᠯᠡᠳᠭᠡᠬᠦ ᠤᠷᠠᠯᠢᠭ ᠤᠤ? ᠳᠠᠭᠤᠴᠢᠨ ᠪᠣᠯᠬᠤ? ᠡᠰᠡᠪᠡᠯ ᠰᠠᠢᠨ ᠡᠳ᠋ ᠍ ᠦᠨ ᠵᠠᠰᠠᠭᠴᠢ ᠪᠣᠯᠤᠮᠠᠷ ᠪᠠᠢᠨ᠎ᠠ ᠤᠤ ᠭᠡᠳ ᠯᠠ? ᠡᠭᠦᠨ ᠢ ᠪᠡᠨ ᠣᠯᠵᠤ ᠮᠡᠳᠡᠭᠡᠳ ᠯᠠ ᠡᠬᠢᠯᠡ᠃ ᠤᠴᠢᠷ ᠨᠢ ᠴᠢ ᠡᠬᠢᠯᠡᠬᠦ ᠶᠢᠨ ᠲᠤᠯᠠᠳᠠ
ᠠᠭᠤᠤ ᠪᠠᠢᠬᠤ ᠬᠡᠷᠡᠭ ᠦᠭᠡᠢ᠂ ᠭᠡᠬᠦ ᠳᠦ ᠪᠡᠨ ᠠᠭᠤᠤ ᠪᠠᠢᠬᠤ ᠶᠢᠨ
ᠲᠤᠯᠠᠳᠠ ᠡᠬᠢᠯᠡᠬᠦ ᠬᠡᠷᠡᠭᠲᠡᠢ᠃
