3-31-33ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠢᠷᠦᠬᠡᠨ ᠡᠪᠡᠳᠴᠢᠨ᠂ ᠠᠭᠤᠰᠬᠢᠨ ᠡᠪᠡᠳᠴᠢᠨ᠂ ᠡᠯᠢᠭᠡᠨ ᠡᠪᠡᠳᠴᠢᠨ ᠊ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-31-33ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠢᠷᠦᠬᠡᠨ ᠡᠪᠡᠳᠴᠢᠨ᠂ ᠠᠭᠤᠰᠬᠢᠨ ᠡᠪᠡᠳᠴᠢᠨ᠂ ᠡᠯᠢᠭᠡᠨ ᠡᠪᠡᠳᠴᠢᠨ ᠊ᠢ ᠵᠠᠰᠠᠬᠤ

3-31-33ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠵᠢᠷᠦᠬᠡᠨ ᠡᠪᠡᠳᠴᠢᠨ᠂ ᠠᠭᠤᠰᠬᠢᠨ ᠡᠪᠡᠳᠴᠢᠨ᠂ ᠡᠯᠢᠭᠡᠨ ᠡᠪᠡᠳᠴᠢᠨ ᠊ᠢ ᠵᠠᠰᠠᠬᠤ

ᠠᠩᠭᠢᠯᠠᠯ:ᠡᠷᠡᠭᠦᠯ ᠡᠩᠬᠡ
2023-05-27

309

ᠭᠤᠴᠢᠨ ᠨᠢᠭᠡ ᠂ ᠵᠢᠷᠦᠬᠡᠨ ᠡᠪᠡᠳᠴᠢᠨ ᠊ᠢ ᠵᠠᠰᠠᠬᠤ

   ᠲᠠᠪᠤᠨ ᠴᠤᠯᠤ ᠶ᠋ᠢᠨ ᠬᠠᠭᠠᠨ ᠵᠢᠷᠦᠬᠡᠨ ᠡᠪᠡᠳᠴᠢᠨ ᠦ᠌ ᠵᠦᠢᠯ ᠢᠨᠤ ᠭᠠᠰᠠᠯᠬᠤ ᠰᠡᠳᠬᠢᠯ ᠬᠢᠭᠡᠳ ᠠᠭᠤᠷ ᠲᠠᠴᠢᠶᠠᠩᠭᠤᠢ ᠪᠠᠷ ᠬᠠᠯᠠᠭᠤᠨ ᠡᠭᠦᠰᠴᠦ᠂ ᠭᠣᠣᠯ ᠵᠢᠷᠦᠬᠡᠨ ᠦ᠌ ᠬᠡᠢ ᠡᠪᠡᠳᠴᠢᠨ ᠤᠷᠢᠳ ᠦᠭᠦᠯᠡᠭᠰᠠᠨ ᠲᠤᠯᠠ ᠬᠠᠯᠠᠭᠤᠨ ᠳᠡᠯᠭᠡᠷᠡᠵᠦ ᠵᠢᠷᠦᠬᠡᠨ ᠳ᠋ᠦ᠍ᠷ ᠲᠤᠰᠤᠭᠰᠠᠨ ᠪᠠ ᠪᠦᠷᠬᠦᠭᠲᠡᠭᠡᠳ ᠭᠠᠯᠵᠠᠭᠤᠷᠠᠬᠤ ᠪᠤᠶᠤ ᠮᠤᠩᠬᠠᠷᠠᠵᠤ ᠬᠡᠯᠡ ᠤᠷᠤᠭᠤᠯ ᠬᠠᠲᠠᠬᠤ᠂ ᠨᠢᠳᠦ ᠪᠠ ᠰᠢᠭᠡᠰᠦ ᠨᠢ ᠤᠯᠠᠶ᠋ᠢᠬᠤ᠃ ᠲᠡᠭᠦᠨ ᠳ᠋ᠦ᠍ ᠶᠡᠷᠦ ᠶ᠋ᠢᠨ ᠡᠮ ᠨᠢ ᠡᠷᠬᠢᠮ —8᠂ ᠪᠠᠩᠽᠢ —12 ᠬᠢᠭᠡᠳ ᠡᠷᠳᠡᠨᠢ —7 ᠳᠠᠩ ᠊ᠢ ᠦᠭᠭᠦᠭᠡᠳ ᠡᠰᠡ ᠲᠤᠰᠠᠯᠠᠪᠠᠰᠤ ᠭᠠᠪᠤᠷ —25 ᠶ᠋ᠢ ᠬᠠᠷ᠎ᠠ ᠠᠷᠢᠬᠢ ᠪᠠᠷ ᠳᠠᠷᠤᠭᠤᠯᠤᠭᠠᠳ ᠬᠤᠪᠴᠠᠰᠤ ᠪᠠᠷ ᠰᠠᠶ᠋ᠢᠲᠤᠷ ᠬᠤᠴᠢᠵᠤ ᠂ ᠬᠥᠯᠥᠰᠥ ᠶ᠋ᠢ ᠣᠯᠠᠨᠲᠠ ᠭᠠᠷᠭ᠎ᠠ᠃ ᠠᠷᠢᠬᠢ ᠦᠭᠡᠢ ᠪᠥᠭᠡᠰᠦ ᠪᠤᠴᠠᠯᠤᠭᠰᠠᠨ ᠬᠠᠯᠠᠭᠤᠨ ᠤᠰᠤ ᠶ᠋ᠢ ᠬᠠᠯᠠᠭᠤᠨ ᠢ᠋ᠶ᠋ᠠᠷ ᠤᠤᠭᠤᠯᠭ᠎ᠠ᠃ ᠬᠥᠯᠥᠰᠥ ᠭᠠᠷᠪᠠᠰᠤ ᠮᠠᠭᠠᠳ ᠲᠤᠰᠠᠯᠠᠬᠤ ᠶ᠋ᠢ ᠠᠮᠲᠠᠰᠢᠯᠠᠨ ᠪᠦᠲᠦᠭᠡᠪᠡᠢ᠃ ᠲᠡᠯᠭᠡᠷᠡᠭᠰᠡᠨ ᠪᠠ ᠬᠢᠵᠢᠭ ᠦ᠋ᠨ ᠬᠠᠯᠠᠭᠤᠨ ᠪᠦᠭᠦᠳᠡ ᠶ᠋ᠢ ᠡᠨᠡ ᠮᠡᠲᠦ ᠵᠠᠰᠠ᠃ ᠬᠠᠯᠠᠭᠤᠨ ᠪᠦᠷᠬᠦᠭᠲᠡᠭᠰᠡᠨ ᠬᠠᠭᠤᠴᠢᠷᠠᠭᠰᠠᠨ ᠳ᠋ᠤ᠌ ᠴᠤ᠌ ᠲᠤᠰᠠᠲᠠᠢ᠃

ᠭᠤᠴᠢᠨ ᠬᠣᠶᠠᠷ᠂ ᠠᠭᠤᠰᠬᠢᠨ ᠡᠪᠡᠳᠴᠢᠨ ᠊ᠢ ᠵᠠᠰᠠᠬᠤ

   ᠠᠭᠤᠰᠬᠢᠨ ᠡᠪᠡᠳᠴᠢᠨ ᠢᠨᠤ ᠠᠷᠢᠬᠢ᠂ ᠳᠠᠪᠤᠰᠤ ᠬᠢᠭᠡᠳ ᠲᠠᠮᠠᠬᠢᠨ ᠤ᠋ ᠬᠡᠮᠵᠢᠶ᠎ᠡ ᠶ᠋ᠢ ᠬᠡᠲᠦᠷᠡᠭᠦᠯᠦᠭᠰᠡᠨ ᠨᠥᠬᠥᠴᠡᠯ ᠢ᠋ᠶ᠋ᠡᠷ ᠡᠭᠦᠰᠦᠨ᠎ᠡ᠃ ᠲᠡᠭᠦᠨ ᠳ᠋ᠦ᠍ ᠬᠡᠷᠡᠭᠯᠡᠬᠦ ᠶᠡᠷᠦ ᠶ᠋ᠢᠨ ᠡᠮ ᠨᠢ ᠭᠤᠷᠪᠠᠨ ᠦᠷ᠎ᠡ᠂ ᠵᠠᠽᠤᠢ᠂ ᠽᠣᠳ᠂ ᠰᠦᠨᠬᠠᠨ᠂ ᠴᠠᠭᠠᠨ ᠰᠣᠷᠣᠯᠣ᠂ ᠰᠢᠩ ᠠᠷ ᠊ᠢ ᠬᠤᠪᠢ ᠲᠠᠭᠰᠢ ᠨᠠᠶ᠋ᠢᠷᠠᠭᠤᠯᠤᠬᠰᠠᠨ ᠨᠠᠢ᠍ᠮᠠ ᠶ᠋ᠢᠨ ᠳᠠᠩ ᠪᠦᠬᠦᠨ ᠳ᠋ᠦ᠍ ᠲᠤᠰᠠᠲᠠᠢ᠃ ᠥᠴᠦᠬᠡᠨ ᠡᠮᠴᠢ ᠨᠠᠷ ᠲᠤ᠌ ᠡᠭᠦᠨ ᠡᠴᠡ ᠦᠯᠡᠮᠵᠢ ᠡᠮ ᠦᠭᠡᠢ᠃

ᠠᠭᠤᠰᠬᠢᠨ ᠬᠡᠢ ᠳ᠋ᠦ᠍ ᠽᠠᠳᠢ᠂ ᠰᠢᠩᠽᠠ᠂ ᠪᠡᠷᠢᠶᠡᠩᠭᠦ᠂ ᠰᠦᠭᠮᠸᠯ᠂ ᠳ᠋ᠠᠷᠪᠤ ᠶ᠋ᠢ ᠦᠨᠡᠭᠡᠨ ᠠᠭᠤᠰᠬᠢᠨ ᠳᠠᠩ ᠢ᠋ᠶ᠋ᠠᠷ ᠳᠠᠷᠤᠭᠤᠯ ᠂ ᠬᠥᠬᠡ᠂ ᠤᠯᠠᠭᠠᠨ᠂ ᠰᠢᠷ᠎ᠠ᠂ ᠬᠦᠷᠡᠩ ᠥᠩᠭᠡᠲᠡᠢ ᠴᠠᠷ ᠭᠠᠷᠬᠤᠢ ᠳ᠋ᠤ᠌ ᠂ ᠬᠣᠶᠠᠷ ᠽᠠᠨᠳᠠᠨ᠂ ᠭᠤᠷᠪᠠᠨ ᠦᠷ᠎ᠡ᠂ ᠰᠢᠩ ᠠᠷ᠂ ᠰᠣᠷᠣᠯᠣ᠂ ᠰᠢᠷᠠᠯᠵᠢ᠂ ᠴᠠᠭᠠᠨ ᠰᠠᠶ᠋ᠢᠷᠠ᠂ ᠵᠤᠭᠠᠩ᠂ ᠭᠦᠷᠭᠦᠮ᠂ ᠰᠦᠭᠮᠸᠯ᠂ ᠭᠠᠭᠤᠯᠠ᠂ ᠽᠠᠳᠢ᠂ ᠭᠢᠸᠠᠩ᠂ ᠳ᠋ᠠᠷᠪᠤ᠂ ᠯᠢᠭᠠᠲᠤᠷ᠂ ᠱᠸᠷᠦ᠂ ᠭᠦᠨᠪᠤᠷᠤᠮ᠂ ᠷᠦᠳᠠ᠂ ᠬᠤᠩᠯᠸᠨ᠂ ᠯᠢᠰᠢ᠂ ᠵᠠᠽᠤᠢ᠃ ᠬᠠᠭᠠᠨ ᠲᠦᠰᠢᠮᠡᠯ —23 ᠪᠣᠯ ᠠᠭᠤᠰᠬᠢᠨ ᠡᠪᠡᠳᠴᠢᠨ ᠬᠠᠯᠠᠭᠤᠨ ᠬᠦᠢᠲᠡᠨ ᠪᠦᠬᠦᠨ ᠳ᠋ᠦ᠍ ᠷᠠᠰᠢᠶᠠᠨ ᠮᠡᠲᠦ᠃ ᠲᠡᠭᠦᠨ ᠢ᠋ᠶ᠋ᠡᠷ ᠡᠰᠡ ᠴᠢᠳᠠᠪᠠᠰᠤ ᠦᠢᠯᠡ ᠶ᠋ᠢᠨ ᠪᠣᠯᠪᠠᠰᠤᠷᠠᠯ ᠪᠣᠯᠠᠢ᠃ ᠠᠭᠤᠰᠬᠢᠨ ᠡᠪᠡᠳᠴᠢᠨ ᠪᠦᠬᠦᠨ ᠳ᠋ᠦ᠍ ᠵᠠ ᠭᠠ᠂ ᠬᠤᠸᠠᠵᠢᠶᠤᠤ᠂ ᠳᠠᠪᠤᠰᠤᠨ ᠵᠦᠢᠯ᠂ ᠬᠣᠨᠢᠨ ᠮᠢᠬ᠎ᠠ᠂ ᠰᠣᠩᠭᠢᠨ᠎ᠠ᠂ ᠰᠠᠷᠢᠮᠰᠠᠭ᠂ ᠠᠷᠢᠬᠢ᠂ ᠲᠣᠰᠣ ᠮᠠᠰᠢᠳᠠ ᠬᠣᠣᠷᠯᠠᠮᠤᠢ᠃ ᠲᠤᠰᠠᠲᠠᠢ ᠢᠳᠡᠭᠡᠨ ᠢᠨᠤ ᠦᠬᠡᠷ᠂ ᠵᠡᠭᠡᠷᠡᠨ ᠮᠢᠬ᠎ᠠ᠂ ᠰᠦ᠂ ᠪᠤᠭᠤᠳᠠᠢ ᠶ᠋ᠢᠨ ᠭᠤᠯᠢᠷ᠂ ᠬᠠᠭᠤᠷᠤᠭᠰᠠᠨ ᠭᠤᠯᠢᠷ᠂ ᠠᠮᠤ ᠶ᠋ᠢᠨ ᠵᠦᠢᠯ ᠦᠯᠦ ᠬᠣᠣᠷᠯᠠᠬᠤ ᠰᠠᠢᠨ᠃

ᠭᠤᠴᠢᠨ ᠭᠤᠷᠪᠠ ᠂ᠡᠯᠢᠭᠡᠨ ᠡᠪᠡᠳᠴᠢᠨ ᠊ᠢ ᠵᠠᠰᠠᠬᠤ

   ᠡᠯᠢᠭᠡᠨ ᠡᠪᠡᠳᠴᠢᠨ ᠢᠨᠤ ᠭᠤᠱᠤᠭᠤᠨ᠂ ᠢᠰᠬᠦᠯᠡᠩ᠂ ᠠᠷᠢᠬᠢ᠂ ᠲᠦᠯᠡᠭᠲᠡᠭᠰᠡᠨ ᠢᠳᠡᠭᠡᠨ ᠡᠴᠡ ᠪᠣᠯᠤᠮᠤᠢ᠃ ᠶᠡᠷᠦ ᠶ᠋ᠢᠨ ᠡᠮ ᠬᠥᠬᠡ ᠬᠣᠭᠤᠯᠠᠶ᠋ᠢᠲᠤ —10 ᠠᠨᠤ᠄ ᠳ᠋ᠢᠭᠳᠡ᠂ ᠪᠠᠷᠠᠬᠱᠦᠢ᠍ᠨ᠂ ᠪᠠᠱᠠᠭ᠎ᠠ᠂ ᠠᠯᠲᠠᠨᠴᠡᠴᠡᠭ᠂ ᠭᠦᠷᠭᠦᠮ᠂ ᠭᠢᠸᠠᠩ᠂ ᠳ᠋ᠠᠷᠪᠤ᠂ ᠰᠢᠩ ᠠᠷ᠂ ᠠᠷᠤᠷ᠎ᠠ᠂ ᠠᠭᠠᠷᠤ ᠨᠤᠭᠤᠳ ᠊ᠢ ᠨᠠᠶ᠋ᠢᠷᠠᠭᠤᠯᠤᠨ ᠠᠷᠤᠷ᠎ᠠ ᠶ᠋ᠢ ᠲᠡᠮᠦᠷ ᠰᠠᠪᠠᠨ ᠳ᠋ᠤ᠌ ᠴᠢᠨᠠᠭᠰᠠᠨ ᠱᠥᠯᠥ ᠪᠡᠷ ᠳᠠᠷᠤᠭᠤᠯ᠃ ᠡᠯᠢᠭᠡᠨ ᠡᠪᠡᠳᠴᠢᠨ ᠨᠢᠳᠦᠨ ᠦ᠌ ᠲᠤᠰᠬᠠᠯ ᠠᠮᠤᠷ ᠦᠭᠡᠢ᠂ ᠤᠯᠠᠶ᠋ᠢᠵᠤ ᠰᠢᠷᠠᠯᠠᠬᠤ᠂ ᠨᠢᠯᠪᠤᠰᠤ ᠴᠤᠪᠤᠷᠠᠬᠤ ᠪᠤᠶᠤ ᠦᠯᠦ ᠦᠵᠡᠬᠦ᠂ ᠡᠯᠢᠭᠡᠨ ᠳᠡᠭᠡᠷ᠎ᠡ ᠡᠪᠡᠳᠬᠦ᠂ ᠢᠳᠡᠭᠡᠨ ᠳ᠋ᠦ᠍ ᠦᠯᠦ ᠳᠤᠷᠠᠰᠢᠵᠤ᠂ ᠵᠡᠷᠭᠡᠮᠵᠢ ᠪᠡᠷ ᠮᠢᠬ᠎ᠠ ᠠᠷᠠᠰᠤ ᠬᠠᠲᠠᠬᠤ ᠰᠢᠨᠵᠢ ᠢᠨᠤ ᠣᠯᠠᠨ ᠪᠣᠢ᠃

ᠲᠣᠪᠴᠢ ᠶ᠋ᠢᠨ ᠲᠡᠳᠦᠢ ᠥᠭᠦᠯᠡᠬᠦ ᠢᠨᠤ᠄ ᠴᠥᠪ ᠴᠠᠭ ᠤ᠋ᠨ ᠡᠮᠴᠢ ᠨᠠᠷ ᠡᠯᠢᠭᠡᠨ ᠡᠪᠡᠳᠴᠢᠨ ᠊ᠢ ᠦᠯᠦ ᠮᠡᠳᠡᠬᠦ ᠢᠨᠤ ᠣᠯᠠᠨ᠃ ᠰᠡᠭᠦᠯ ᠊ᠢ ᠵᠠᠰᠠᠬᠤᠢ ᠳ᠋ᠤᠷ ᠲᠤᠭᠤᠯᠭ᠎ᠠ ᠶ᠋ᠢᠨ ᠡᠮ᠂ ᠵᠥᠭᠡᠯᠡᠨ ᠰᠤᠳᠤᠯᠭ᠎ᠠ ᠬᠡᠷᠡᠭᠲᠡᠢ ᠭᠡᠮᠡᠨ ᠠᠶ᠋ᠢᠯᠠᠤᠠᠪᠠᠢ ᠃

 

  ᠦᠰᠦᠭ ᠠᠮᠢᠯᠠᠭᠤᠯᠤᠭᠰᠠᠨ ᠨᠢ᠄ ᠦᠯᠵᠡᠶ᠋ᠢᠪᠠᠭᠠᠲᠤᠷ

  ᠬᠢᠨᠠᠭᠰᠠᠨ ᠨᠢ᠄ ᠣᠤᠠᠬᠠᠨᠰᠣ ‍ᠠ᠋