ᠰᠠᠷᠠᠨ ᠵᠡᠪᠡ – ᠵᠣᠬᠢᠶᠠᠯᠴᠢ ᠂ ᠵᠢᠷᠤᠭᠠᠴᠢ ᠲ ᠂ ᠮᠠᠨᠳᠢᠷ ( ᠲᠡᠦᠬᠡᠨ ᠲᠤᠭᠤᠵᠢ )– ᠨᠠᠢ᠍ᠮᠠᠳᠤᠭᠠᠷ ᠪᠦᠯᠦᠭ Саран зэв – Зохиолч ᠂ Зураач – Т᠂ мандир ( Түүхэн тууж ) – Наймдугаар бүлэг
ᠰᠠᠷᠠᠨ ᠵᠡᠪᠡ – ᠨᠠᠢ᠍ᠮᠠᠳᠤᠭᠠᠷ ᠪᠦᠯᠦᠭ
–– ᠲᠡᠭᠦᠨ ᠊ᠤ ᠪᠠᠢ ᠠ᠋ ᠲᠤᠩ ᠬᠦᠨᠳᠦ ᠪᠠᠶ᠋ᠢᠨ᠌ᠡ᠋᠃
–– ᠬᠡᠨ ?
–– ᠪᠠᠷᠲᠠᠢ ᠰᠡᠴᠡᠨ᠃
–– ᠰᠢᠭᠦᠭᠴᠢ ᠨᠠᠷ ᠬᠡᠯᠡᠪᠡ ᠊ᠤᠤ ?
–– ᠲᠡᠭᠡᠭᠰᠡᠨ᠃ ᠪᠢᠳᠡ ᠦᠵᠡᠭᠡᠳ ᠂ ᠠᠩᠬᠠᠷᠬᠤ ᠠ᠋ᠴᠠ ᠠᠷᠭ᠎ᠠ ᠦᠭᠡᠢ ᠭᠡᠵᠦ ᠪᠣᠳᠣᠪᠠ᠃
–– ᠡᠨᠡ ᠴᠢᠨᠢ ᠶᠠᠭᠤ ᠭᠡᠰᠡᠨ ᠦᠭᠡ ᠪᠣᠢ ?
–– ᠪᠠᠷᠲᠠᠢ ᠰᠡᠴᠡᠨ ᠊ᠢ ᠴᠡᠷᠢᠭ ᠊ᠤᠨ ᠠᠰᠠᠷᠠᠬᠤ ᠭᠡᠷ ᠲ᠊ᠤ ᠠᠪᠴᠢᠷᠠᠭᠤᠯᠤᠭᠰᠠᠨ᠃
–– ᠭᠡᠮ᠃ ᠭᠠᠯ ᠥᠪᠡᠷ ᠢ᠋ᠶ᠋ᠡᠨ ᠰᠤᠪᠢᠯᠠᠵᠤ ᠪᠠᠶ᠋ᠢᠨ᠌ᠡ᠋ ᠊ᠤᠤ ?
–– ᠠᠭ ᠠ᠋ ᠪᠤᠤ ᠬᠢᠯᠢᠩᠨᠡ᠃ ᠥᠪᠡᠷ ᠊ᠤᠨ ᠨᠢᠳᠦ ᠪᠡᠷ ᠬᠠᠷᠠᠭᠰᠠᠨ ᠪᠣᠯ ᠳᠠ ᠊ᠴᠤ ᠲᠡᠭᠦᠨ ᠊ᠢ ᠡᠮᠴᠢᠯᠡᠭᠦᠯᠬᠦ ᠪᠠᠶ᠋ᠢᠬᠰᠠᠨ᠃
–– ᠲᠡᠭᠡᠪᠡᠯ ᠪᠠᠷᠲᠠᠢ ᠨᠠᠳᠠ ᠲᠠᠢ ᠠᠭᠤᠯᠵᠠᠨ᠎ᠠ ᠭᠡᠵᠦ ᠵᠢᠳᠬᠦᠵᠦ ᠪᠠᠢᠭ᠎ᠠ ᠪᠢᠵᠡ ᠃
–– ᠣᠭᠲᠣ ᠦᠭᠡᠢ᠃ ᠬᠠᠷᠢᠨ ᠊ᠴᠤ ᠪᠢᠳᠡᠨ ᠲᠡᠢ ᠦᠭᠡ ᠶᠠᠷᠢᠬᠤ ᠠ᠋ᠴᠠ ᠲᠥᠪᠡᠭᠰᠢᠶᠡᠬᠦ ᠪᠠᠶ᠋ᠢᠳᠡᠯ ᠲᠡᠢ᠃
–– ᠬᠡᠷᠪᠡ ᠪᠢᠳᠡᠨ ᠳ᠋ᠦ᠍ ᠨᠡᠮᠡᠷᠢ ᠪᠣᠯᠬᠤ ᠦᠭᠡᠢ ᠶᠦ᠍ᠮ ᠪᠣᠯ ᠨᠠᠭᠠᠰᠢ ᠪᠠᠨ ᠶᠠᠭᠤᠨ ᠳ᠋ᠤ᠌ ᠢᠷᠡᠭᠡ ᠪᠣᠢ ? ᠲᠡᠷᠡ ?
–– ᠡᠭᠦᠨ ᠊ᠢ ᠯᠡ ᠲᠠ ᠥᠪᠡᠷ ᠡᠴᠡ ᠨᠢ ᠠᠰᠠᠭᠤᠮᠠᠷ ᠪᠠᠢᠨ᠎ᠠ᠃ ᠡᠰᠡ ᠲᠡᠭᠡᠪᠡᠯ ᠨᠢᠭᠡ ᠬᠥᠮᠦᠨ ᠊ᠤ ᠠᠮᠢ ᠲᠠᠯᠠᠭᠠᠷ ᠦᠷᠡᠭᠳᠡᠵᠦ ᠮᠡᠳᠡᠬᠦ ᠨᠢ᠃ ᠬᠣᠲᠣ ᠲᠡᠨᠡᠭᠯᠡᠨᠭᠭᠦᠢ ᠲᠣᠯᠣᠭᠠᠢ ᠰᠡᠭᠰᠦᠷᠪᠡ᠃ ᠰᠥᠪᠡᠭᠡᠳᠡᠢ ᠶ᠋ᠢᠨ ᠰᠡᠵᠢᠭᠲᠡᠢ ᠪᠠᠶ᠋ᠢᠳᠡᠯ ᠪᠠᠭᠠᠳᠠᠭᠰᠠᠨ ᠶᠤᠮ ᠰᠢᠭ᠋ ᠡᠨᠡ ᠪᠠᠷᠳᠠᠢ ᠪᠠᠰᠠ ᠬᠦᠷᠦᠭᠡᠳ ᠢᠷᠡᠳᠡᠭ ᠨᠢ ᠶᠠᠭᠤ ᠪᠣᠢ ?
–– ᠬᠥᠲᠥᠴᠢ ᠶ᠋ᠢ ᠶᠠᠭᠠᠬᠢᠭᠰᠠᠨ ᠪᠣᠢ ? ᠭᠡᠵᠦ ᠲᠡᠷᠡ ᠠᠰᠠᠭᠤᠪᠠ᠃
–– ᠲᠡᠭᠦᠨ ᠊ᠢ ᠲᠤᠰ ᠊ᠳᠣᠨᠢ ᠬᠠᠷᠠᠭᠠᠯᠵᠠᠵᠤ ᠪᠠᠢᠭ᠎ᠠ ᠭᠡᠵᠦ ᠴᠢᠯᠠᠭᠤᠨ ᠬᠠᠷᠢᠭᠤᠯᠪᠠ᠃ ᠬᠣᠲᠣ ᠨᠥᠮᠥᠷᠢᠭᠰᠡᠨ ᠳᠡᠪᠡᠯ ᠢ᠋ᠶ᠋ᠡᠨ ᠬᠠᠨᠴᠤᠢᠯᠠᠭᠠᠳ ᠪᠣᠰᠣᠯ ᠡ᠋᠃ ᠠᠰᠠᠷᠠᠬᠤ ᠭᠡᠷ ᠲ᠊ᠤ ᠭᠠᠯ ᠭᠠᠭᠴᠠᠭᠠᠷ ᠪᠠᠶ᠋ᠢᠯ ᠡ᠋᠃ ᠬᠣᠶᠠᠷ ᠠᠭ ᠠ᠋ ᠶ᠋ᠢ ᠪᠡᠨ ᠣᠷᠣᠵᠤ ᠢᠷᠡᠬᠦ ᠳ᠋ᠦ᠍ ᠲᠡᠷᠡ ᠣᠷᠮ ᠠ᠋ ᠦᠭᠡᠶ᠋ᠢᠬᠡᠨ ᠄
–– ᠰᠢᠷᠬ᠎ᠠ ᠨᠢ ᠢᠳᠡᠭᠡᠯᠡᠴᠢᠬᠡᠵᠡᠢ᠃ ᠡᠮᠴᠢ ᠨᠠᠷ ᠤᠬᠢᠶᠠᠨ᠎ᠠ ᠭᠡᠳ ᠠᠪᠤᠭᠠᠳ ᠶᠠᠪᠣᠯ ᠡ᠋ ᠭᠡᠭᠰᠡᠭᠡᠷ ᠤᠭᠲᠤᠪᠠ᠃ ᠬᠣᠲᠣ ᠬᠡᠳᠦᠢ ᠡᠷᠡᠭᠡᠯᠵᠡᠵᠦ ᠪᠠᠶ᠋ᠢᠬᠰᠠᠨ ᠊ᠴᠤ ᠳᠡᠭᠦᠦ ᠨᠠᠷ ᠊ᠤᠨ ᠢ᠋ᠶ᠋ᠠᠨ ᠡᠨᠡ ᠮᠡᠲᠦ ᠪᠠᠶ᠋ᠢᠳᠡᠯ ᠳ᠋ᠦ᠍ ᠠᠷᠭ᠎ᠠ ᠪᠤᠶᠤ ᠠᠪᠲᠠᠭᠳᠠᠵᠤ ᠂ ᠦᠨᠡᠬᠡᠷ ᠲᠡᠷᠡ ᠬᠥᠮᠦᠨ ᠡᠴᠡ ᠦᠭᠡ ᠣᠯᠵᠤ ᠰᠣᠨᠣᠰᠬᠤ ᠨᠢ ᠢᠯᠡᠭᠦᠳᠡᠬᠦ ᠦᠭᠡᠢ ᠭᠡᠵᠦ ᠪᠣᠳᠣᠯ ᠠ᠋᠃ ᠭᠡᠪᠡᠴᠦ ᠄
–– ᠪᠠᠷᠲᠠᠢ ᠰᠡᠴᠡᠨ ᠴᠢᠩᠭᠢᠰ ᠊ᠤᠨ ᠨᠥᠮᠥᠷᠢ ᠳ᠋ᠦ᠍ ᠠᠷᠪᠠᠭᠠᠳ ᠵᠢᠯ ᠪᠣᠯᠤᠭᠰᠠᠨ ᠊ᠢ ᠪᠢᠳᠡ ᠮᠠᠷᠲᠠᠵᠤ ᠪᠣᠯᠬᠤ ᠦᠭᠡᠢ᠃ ᠡᠭᠦᠨ ᠊ᠤ ᠳᠡᠭᠡᠷ ᠡ᠋ ᠤᠷᠢᠶᠠᠩᠬᠠᠢ ᠶ᠋ᠢᠨ ᠰᠥᠪᠡᠭᠡᠳᠡᠢ ᠳ᠋ᠦ᠍ ᠶᠠᠮᠠᠷ ᠊ᠴᠤ ᠤᠬᠠᠭᠠᠨ ᠲᠥᠷᠥᠵᠦ ᠪᠣᠯᠣᠨ᠎ᠠ᠃
–– ᠡᠭᠦᠨ ᠊ᠢ ᠪᠢᠳᠡ ᠪᠣᠳᠣᠭᠰᠠᠨ ᠃ ᠪᠠᠷᠲᠠᠢ ᠰᠡᠴᠡᠨ ᠦ᠌ ᠵᠠᠨᠴᠢᠭᠤᠯᠤᠭᠰᠠᠨ ᠰᠢᠷᠬ᠎ᠠ ᠠᠮᠢᠨ ᠳ᠋ᠤ᠌ ᠨᠢ ᠳᠠᠩᠴᠤ ᠣᠶ᠋ᠢᠷᠠᠬᠠᠨ ᠶᠤᠮ ᠃ ᠬᠡᠷᠪᠡ ᠠᠷᠭ᠎ᠠ ᠪᠠᠶ᠋ᠢᠬ᠋᠎ᠠ ᠪᠣᠯ ᠲᠡᠷᠡ ᠰᠦᠷᠡᠬᠡᠢ ᠳᠣᠰᠠᠷᠬᠠᠭᠣ 《 ᠦᠨᠡᠨᠴᠢ 》 ᠬᠥᠲᠥᠴᠢ ᠳ᠋ᠦ᠍ ᠯᠡ ᠠᠩᠬᠠᠷᠤᠮᠠᠷ ᠭᠡᠵᠦ ᠭᠠᠯ ᠲᠦᠰ ᠲᠠᠰᠤ ᠬᠠᠷᠢᠭᠤᠯᠤᠯ᠎ᠠ ᠃ ᠲᠦᠳᠡᠯ ᠦᠭᠡᠢ ᠢᠰᠡᠭᠡᠢ ᠳᠡᠭᠡᠷ᠎ᠡ ᠲᠥᠷᠥᠭᠦᠯᠭᠡ ᠨᠢ ᠬᠠᠷᠠᠭᠤᠯᠤᠨ ᠬᠡᠪᠲᠡᠭᠦᠯᠦᠭᠰᠡᠨ ᠪᠠᠷᠳᠠᠢ ᠰᠡᠴᠡᠨ ᠢ᠋ ᠬᠡᠳᠦᠨ ᠴᠡᠷᠢᠭ ᠳᠠᠮᠵᠢᠯᠠᠨ ᠣᠷᠣᠭᠤᠯᠵᠤ ᠢᠷᠡᠯ᠎ᠡ ᠃ ᠥᠷᠭᠡᠨ ᠳᠠᠯᠤ ᠂ ᠮᠥᠷᠥ ᠶ᠋ᠢ ᠨᠢ ᠵᠠᠢ ᠦᠭᠡᠢ ᠬᠡᠷᠦᠭᠰᠡᠨ ᠲᠠᠰᠢᠭᠤᠷ ᠤ᠋ᠨ ᠭᠦᠨ ᠰᠢᠷᠬ᠎ᠠ ᠨᠢᠯ ᠳ᠋ᠡᠭᠡᠨ ᠤᠯᠠᠶ᠋ᠢᠵᠤ ᠂ ᠪᠤᠯᠴᠢᠩ ᠤᠷᠤᠭᠤ ᠪᠠᠨ ᠲᠥᠷᠥᠵᠦ ᠬᠠᠪᠣᠲᠠᠭᠰᠠᠨ ᠪᠡᠶ᠎ᠡ ᠶ᠋ᠢ ᠨᠢ ᠦᠵᠡᠭᠡᠳ ᠬᠣᠲᠣ ᠶ᠋ᠢᠨ ᠳᠣᠲᠣᠷ᠎ᠠ ᠬᠢᠷᠳ᠋ᠬᠢᠯᠡ ᠃ ᠪᠠᠷᠳᠠᠢ ᠰᠡᠴᠡᠨ ᠂ ᠬᠣᠳᠣ ᠶ᠋ᠢ ᠦᠵᠡᠭᠡᠳ ᠲᠣᠬᠣᠢ ᠳᠡᠭᠡᠷ᠎ᠡ ᠪᠡᠨ ᠥᠨᠲᠡᠶ᠋ᠢᠬᠦ ᠭᠡᠵᠦ ᠣᠷᠣᠯᠳᠣᠪᠠ ᠃
–– ᠪᠠᠶ᠋ᠢᠬ ᠂ ᠪᠠᠶ᠋ᠢᠬ ᠃ ᠢᠩᠭᠢᠭᠡᠳ ᠶᠠᠷᠢᠯᠴᠠᠶ᠎ᠠ ᠭᠡᠵᠦ ᠬᠣᠲᠣ ᠡᠶᠡᠪᠡᠷᠭᠦᠬᠡᠨ ᠳᠤᠤᠭᠠᠷᠴᠢᠬᠠᠪᠠ ᠃ ᠪᠠᠷᠲᠠᠢ ᠤᠯᠠᠶ᠋ᠢᠵᠤ ᠥᠷᠪᠢᠰᠦᠭᠰᠡᠨ ᠵᠣᠪᠬᠢ ᠪᠠᠨ ᠡᠷᠭᠦᠵᠦ ᠂ ᠲᠡᠭᠦᠨ ᠊ᠢ ᠲᠣᠭᠲᠠᠭᠤᠨ ᠬᠠᠷᠠᠭᠠᠳ ᠄
–– ᠪᠢ ᠲᠠᠨᠠᠷ ᠲᠤ᠌ ᠨᠡᠮᠡᠷᠢ ᠪᠣᠯᠬᠤ ᠬᠥᠮᠦᠨ ᠪᠢᠰᠢ ᠠ᠋ ᠃ ᠭᠠᠭᠴᠠ ᠬᠦ ᠲᠡᠷᠡ ᠪᠠᠳᠠᠮ ᠳᠡᠭᠡᠷᠡᠩᠭᠦᠢ ᠤᠷᠢᠶᠠᠩᠬᠠᠢ ᠶ᠋ᠢᠨ ᠭᠠᠷ ᠲᠤ᠌ ᠦᠬᠦᠭᠰᠡᠨ ᠡᠴᠡ ᠤᠭᠰᠠᠭ᠎ᠠ ᠨᠢᠭᠡᠲᠡᠢ ᠲᠠ ᠨᠠᠷ ᠤ᠋ᠨ ᠢ᠋ᠶ᠋ᠠᠨ ᠡᠮᠦᠨ᠎ᠡ ᠶᠠᠯ᠎ᠠ ᠪᠠᠨ ᠬᠦᠯᠢᠶᠡᠭᠡᠳ ᠨᠥᠭ᠍ᠴᠢᠶᠡ ᠭᠡᠵᠦ ᠢᠷᠡᠯ᠎ᠡ ᠭᠡᠵᠦ ᠬᠡᠯᠡᠪᠡ ᠃
–– ᠣᠳᠣ ᠡᠨᠡ ᠲᠤᠬᠠᠢ ᠶᠠᠷᠢᠬᠤ ᠴᠠᠭ ᠪᠢᠰᠢ ᠃ ᠪᠢᠳᠡ ᠲᠠᠨ ᠊ᠢ ᠡᠮᠴᠢᠯᠡᠨ᠎ᠡ ᠃ ᠲᠠ ᠡᠳᠡᠭᠡᠷᠡᠬᠦ ᠪᠣᠯᠤᠨ᠎ᠠ ᠭᠡᠵᠦ ᠬᠣᠳᠣ ᠲᠡᠭᠦᠨ ᠊ᠢ ᠬᠣᠷᠢᠭᠯᠠᠭᠠᠳ ᠄
–– ᠭᠠᠯ ᠴᠢ ᠥᠪᠡᠷ ᠦ᠋ᠨ ᠪᠡᠶ᠎ᠡ ᠪᠡᠷ ᠢ᠋ᠶ᠋ᠡᠨ ᠡᠨᠡ ᠬᠥᠮᠦᠨ ᠢ᠋ ᠬᠠᠷᠠᠭᠠᠯᠵᠠ ᠃ ᠨᠤᠲᠤᠭ ᠤ᠋ᠨ ᠰᠠᠢᠨ ᠡᠮᠴᠢ ᠨᠠᠷ ᠊ᠢ ᠡᠷᠢᠵᠦ ᠣᠯ ᠭᠡᠵᠦ ᠲᠤᠰᠢᠶᠠᠯ᠎ᠠ ᠃ ᠪᠠᠷᠲᠠᠢ ᠰᠡᠴᠡᠨ ᠲᠠᠯᠠᠷᠬᠠᠭᠰᠠᠨ ᠢ᠋ᠶ᠋ᠠᠨ ᠢᠯᠡᠷᠬᠡᠶ᠋ᠢᠯᠡᠵᠦ ᠭᠠᠷ ᠢ᠋ᠶ᠋ᠠᠨ ᠡᠷᠭᠦᠨ ᠶᠣᠰᠣᠯᠠᠭᠠᠳ ᠄
–– ᠪᠠᠰᠠ ᠬᠥᠲᠥᠴᠢ ᠶ᠋ᠢ ᠮᠢᠨᠢ ᠨᠠᠳᠠ ᠳ᠋ᠤ᠌ ᠥᠭᠴᠦ ᠦᠵᠡ ᠭᠡᠵᠦ ᠭᠤᠶᠤᠯ᠎ᠠ ᠃ ᠬᠣᠳᠣ ᠳᠡᠭᠦᠦ ᠨᠠᠷ ᠤᠷᠤᠭᠤ ᠪᠠᠨ ᠭᠠᠶ᠋ᠢᠬᠠᠨ ᠬᠠᠷᠠᠬᠤ ᠳ᠋ᠤ᠌ ᠪᠠᠷᠳᠠᠢ ᠭᠠᠷ ᠠ᠋ᠴᠠ ᠨᠢ ᠰᠢᠭᠦᠷᠴᠦ ᠠᠪᠤᠭᠠᠳ ᠄
–– ᠪᠢ ᠲᠠᠨ ᠊ᠢ ᠣᠶ᠋ᠢᠯᠠᠭᠠᠵᠤ ᠪᠠᠶ᠋ᠢᠨ᠎ᠠ ᠃ ᠲᠡᠷᠡ ᠪᠣᠯ ᠰᠦᠪᠡᠭᠡᠳᠡᠢ ᠶ᠋ᠢᠨ ᠢᠲᠡᠭᠡᠯᠲᠡᠢ ᠲᠤᠭᠴᠢ ᠴᠡᠷᠢᠭ ᠮᠥᠨ ᠃ ᠲᠡᠷᠡ ᠲᠣᠰᠤᠮ ᠰᠠᠢᠨ᠃ ᠬᠡᠷᠪᠡ ᠲᠡᠷᠡ ᠦᠨᠡᠬᠡᠷ ᠵᠠᠩᠰᠢᠯᠠᠭᠠᠴᠢ ᠪᠣᠯᠵᠤ ᠨᠠᠮᠠᠢ᠍ᠢ ᠳᠠᠭᠠᠵᠤ ᠢᠷᠡᠭᠰᠡᠨ ᠪᠣᠯ ᠪᠢ ᠲᠠ ᠪᠦᠬᠦᠨ ᠳ᠋ᠦ᠍ ᠥᠴᠦᠬᠡᠨ ᠲᠤᠰᠠ ᠬᠦᠷᠭᠡᠵᠦ ᠴᠦ᠍ ᠮᠠᠭᠠᠳ ᠦᠭᠡᠢ ᠃ ᠲᠡᠷᠡ ᠨᠠᠳᠠ ᠳ᠋ᠤ᠌ ᠣᠶ᠋ᠢᠷᠠᠬᠠᠨ ᠪᠠᠶ᠋ᠢᠪᠠᠯ ᠰᠠᠢᠨ ᠰᠠᠨ ᠭᠡᠵᠡᠢ ᠃
ᠬᠣᠲᠣ ᠵᠥᠪᠰᠢᠶᠡᠷᠡᠯ᠎ᠡ ᠃ ᠡᠴᠦᠰ ᠦ᠋ᠨ ᠡᠴᠦᠰ ᠲᠦ᠍ ᠡᠨᠡ ᠬᠣᠶᠠᠷ ᠬᠥᠮᠦᠨ ᠲᠡᠳᠡᠨ ᠦ᠌ ᠬᠠᠷᠠᠭᠠᠨ ᠠ᠋ᠴᠠ ᠬᠠᠮᠢᠭᠠᠰᠢ ᠪᠠᠨ ᠴᠤ᠌ ᠵᠠᠶ᠋ᠢᠯᠠᠬᠤ ᠦᠭᠡᠢ ᠪᠣᠯᠠᠢ ᠃
ᠡᠢᠨ ᠬᠦ᠌ ᠱᠠᠮᠳᠠᠭᠠᠢ ᠰᠤᠯᠠᠯᠠᠭᠳᠠᠯᠠ᠃ ᠪᠦᠬᠦ ᠶᠠᠭᠤᠮ᠎ᠠ ᠰᠠᠨᠠᠭᠰᠠᠨ ᠢ᠋ᠶ᠋ᠠᠷ ᠪᠣᠯᠵᠤ ᠪᠠᠢᠬᠤ ᠮᠡᠲᠦ ᠪᠣᠯᠪᠠᠴᠤ ᠴᠠᠭ ᠥᠩᠭᠡᠷᠡᠵᠦ ᠥᠭᠬᠦ ᠦᠭᠡᠢ ᠨᠢ ᠵᠣᠪᠠᠯᠠᠩ ᠲᠠᠢ᠃ ᠪᠠᠰᠠ ᠡᠭᠦᠨ ᠦ᠌ ᠳᠡᠭᠡᠷ᠎ᠡ ᠡᠤᠭ ᠬᠦᠷᠢᠶᠡᠨ ᠳ᠋ᠦ᠍ ᠪᠠᠢᠭᠰᠠᠨ ᠠ᠋ᠴᠠ ᠪᠠᠨ ᠪᠠᠷᠳᠠᠢ ᠨᠡᠩ ᠥᠭᠡᠷ᠎ᠡ ᠪᠣᠯᠵᠤ᠂ ᠲᠡᠭᠦᠨ ᠦ᠌ ᠠᠯᠬᠤᠬᠤ ᠭᠢᠰᠬᠢᠬᠦ ᠪᠣᠯᠭᠠᠨ ᠢ᠋ ᠦᠯᠡᠵᠦ ᠴᠠᠭᠳᠠᠬᠤ ᠨᠢ ᠨᠡᠮᠡᠭᠳᠡᠵᠡᠢ᠃ ᠬᠠᠷᠢᠨ ᠰᠢᠷᠬ᠎ᠠ ᠪᠠᠨ ᠡᠮᠴᠢᠯᠡᠭᠦᠯᠬᠦ ᠶ᠋ᠢᠨ ᠬᠤᠪᠢ ᠳ᠋ᠤ᠌ ᠦᠯᠢᠭᠡᠷ ᠠᠪᠤᠮᠠᠷ ᠲᠤᠭᠤᠯᠪᠤᠷᠢᠲᠠᠢ ᠡᠪᠡᠳᠴᠢᠲᠡᠨ ᠠᠵᠤᠭᠤ᠃ ᠡᠨᠡ ᠬᠣᠭᠣᠷᠣᠨᠳᠣ ᠪᠠᠷᠳᠠᠢ ᠰᠡᠴᠡᠨ ᠭᠠᠯ ᠲᠠᠢ ᠬᠣᠶᠠᠷ ᠤᠳᠠᠭ᠎ᠠ ᠠᠭᠤᠯᠵᠠᠵᠤ᠂ ᠴᠥᠭᠡᠬᠡᠨ ᠬᠣᠷᠣᠮ ᠴᠣᠭ ᠰᠠᠭᠤᠭᠰᠠᠨ ᠢ᠋ ᠡᠰᠡ ᠲᠣᠭᠠᠴᠠᠪᠠᠯ ᠲᠡᠷᠡ《 ᠪᠠᠭᠠᠲᠤᠷ ᠡᠷ᠎ᠡ》ᠮᠡᠷᠭᠢᠳ ᠦ᠋ᠨ ᠲᠡᠷᠢᠭᠦᠨ ᠨᠣᠶᠠᠨ ᠳ᠋ᠤ᠌ ᠰᠢᠳᠠᠷᠯᠠᠬᠤ ᠭᠡᠵᠦ ᠬᠢᠴᠢᠶᠡᠭᠰᠡᠨ ᠴᠦ᠍ ᠦᠭᠡᠢ᠂ ᠲᠡᠷᠡ ᠪᠠᠢᠲᠤᠭᠠᠢ ᠠᠩᠬ᠎ᠠ ᠶᠠᠷᠢᠭᠠᠳ ᠪᠠᠢᠭᠰᠠᠨ ᠢ᠋ᠶ᠋ᠠᠷ ᠢ᠋ᠶ᠋ᠠᠨ ᠬᠣᠳᠣ᠂ ᠴᠢᠯᠠᠭᠤᠨ ᠨᠠᠷ ᠢ᠋ ᠵᠣᠷᠢᠭᠵᠢᠭᠤᠯᠤᠨ ᠰᠦᠪᠡᠭᠡᠳᠡᠢ ᠶ᠋ᠢ ᠳᠣᠪᠲᠣᠯᠵᠤ᠂ ᠬᠠᠷ᠎ᠠ ᠲᠤᠭ ᠢ᠋ ᠨᠢ ᠭᠠᠵᠠᠷ ᠰᠢᠭᠠᠬᠤ ᠲᠤᠬᠠᠢ ᠶᠡᠷᠦ ᠰᠠᠨᠠᠭ᠎ᠠ ᠲᠠᠯᠪᠢᠭᠰᠠᠨ ᠦᠭᠡᠢ᠃ ᠡᠭᠦᠨ ᠳ᠋ᠦ᠍ ᠱᠠᠮᠳᠠᠭᠠᠢ ᠶᠡᠬᠡᠳᠡ ᠰᠠᠨᠠᠭ᠎ᠠ ᠵᠣᠪᠠᠨᠢᠵᠤ ᠰᠦᠪᠡᠭᠡᠳᠡᠢ ᠪᠠᠭᠠᠲᠤᠷ ᠤ᠋ᠨ ᠡᠮᠦᠨ᠎ᠡ ᠬᠦᠯᠢᠶᠡᠭᠰᠡᠨ ᠡᠭᠦᠷᠭᠡ ᠨᠢ ᠬᠥᠰᠡᠷᠳᠡᠬᠦ ᠪᠣᠢ ᠭᠡᠵᠦ ᠦᠨᠡᠨ ᠭᠣᠣᠯ ᠠ᠋ᠴᠠ ᠪᠠᠨ ᠠᠶᠤᠵᠤ ᠡᠬᠢᠯᠡᠪᠡ᠃ ᠭᠤᠷᠪᠠᠳᠠᠬᠢ ᠡᠳᠦᠷ ᠦ᠋ᠨ ᠥᠷᠯᠥᠭᠡ ᠪᠣᠯᠵᠤ᠂ ᠡᠵᠡᠨ ᠦ᠌ ᠪᠡᠨ ᠤᠮᠳᠠ ᠵᠣᠭᠣᠭ ᠢ᠋ ᠡᠷᠭᠦᠴᠢᠬᠡᠭᠡᠳ ᠰᠦᠪᠡᠭᠡᠳᠡᠢ ᠪᠠᠭᠠᠲᠤᠷ ᠤ᠋ᠨ ᠡᠯᠴᠢ ᠲᠡᠢ ᠠᠭᠤᠯᠵᠠᠬᠤ ᠪᠠᠷ ᠪᠡᠯᠡᠳᠬᠡᠯ᠎ᠡ᠃ ᠡᠷᠬᠡᠪᠰᠢ ᠳᠠᠢᠰᠤᠨ ᠤ᠋ ᠪᠠᠨ ᠴᠡᠷᠢᠭ ᠦ᠋ᠨ ᠬᠦᠷᠢᠶᠡᠨ ᠳ᠋ᠦ᠍ ᠰᠠᠭᠤᠭᠰᠠᠨ ᠶᠤᠮ ᠪᠣᠯᠬᠤ ᠪᠠᠷ ᠰᠠᠭᠠᠷᠠᠤ ᠵᠦᠢᠯ ᠰᠣᠨᠣᠰᠴᠤ ᠴᠢᠳᠠᠵᠠᠢ᠃ ᠲᠡᠷᠡ ᠪᠦᠬᠦᠨ ᠢ᠋ ᠪᠡᠨ ᠦᠨᠡᠨ ᠮᠠᠭᠠᠳ ᠢ᠋ ᠪᠣᠯᠤᠮᠵᠢ ᠶ᠋ᠢᠨ ᠬᠢᠷᠢ ᠪᠡᠷ ᠬᠠᠷᠢᠴᠠᠭᠤᠯᠤᠨ ᠲᠤᠩᠭ᠋ᠠᠭᠠᠭᠰᠠᠨ ᠢ᠋ᠶ᠋ᠠᠷ ᠳᠠᠷᠠᠭᠠᠬᠢ ᠮᠡᠲᠦ ᠪᠠᠢᠳᠠᠯ ᠲᠣᠳᠣᠷᠠᠯ᠎ᠠ᠃ ᠬᠣᠲᠣ ᠨᠠᠷ ᠲᠤ᠌ ᠰᠢᠯᠢᠮᠡᠯ ᠴᠡᠷᠢᠭ ᠨᠢᠭᠡ ᠲᠦᠮᠡ ᠬᠣᠶᠠᠷ ᠮᠢᠩᠭ᠎ᠠ᠂ ᠡᠭᠦᠨ ᠦ᠌ ᠳᠣᠲᠣᠷ᠎ᠠ ᠮᠡᠷᠭᠢᠳ ᠦ᠋ᠨ ᠵᠢᠷᠭᠤᠭᠠᠨ ᠮᠢᠩᠭ᠎ᠠ᠂ ᠨᠠᠢ᠍ᠮᠠᠨ᠂ ᠣᠢ ᠶ᠋ᠢᠨ ᠢᠷᠭᠡᠳ᠂ ᠬᠠᠲᠠᠭᠢᠨ᠂ ᠰᠠᠯᠵᠢᠭᠤᠳ᠂ ᠵᠠᠳᠠᠷᠠᠨ᠂ ᠬᠡᠷᠡᠢᠳ ᠨᠡᠢᠯᠡᠭᠰᠡᠨ ᠵᠢᠷᠭᠤᠭᠠᠨ ᠮᠢᠩᠭᠠᠨ ᠬᠥᠮᠦᠨ ᠪᠠᠢᠯ᠎ᠠ᠃ ᠬᠡᠷᠪᠡ ᠰᠦᠪᠡᠭᠡᠳᠡᠢ ᠡᠨᠡ ᠬᠣᠲᠠ ᠤᠷᠤᠭᠤ ᠳᠣᠪᠲᠣᠯᠪᠠᠰᠤ ᠨᠤᠲᠤᠭ ᠤ᠋ᠨ ᠬᠢᠨ ᠪᠠᠰᠠ ᠨᠢᠭᠡ ᠲᠦᠮᠡᠨ ᠴᠡᠷᠢᠭ ᠭᠠᠷᠭᠠᠬᠤ ᠳ᠋ᠤ᠌ ᠪᠡᠯᠡᠨ ᠠᠵᠠᠢ᠃ ᠬᠣᠲᠣᠩ᠂ ᠬᠢᠪᠴᠠᠭ ᠬᠠᠳ ᠪᠠ ᠭᠦᠴᠦᠯᠦᠭ ᠬᠠᠨ ᠪᠠᠴᠢᠮ ᠴᠠᠭ ᠲᠤᠯᠭᠠᠷᠠᠪᠠᠯ ᠥᠷᠥᠨ᠎ᠡ᠂ ᠡᠮᠦᠨ᠎ᠡ ᠡᠴᠡ ᠬᠠᠪᠴᠢᠨ ᠪᠠᠢᠯᠳᠤᠬᠤ ᠡᠭᠦᠷᠭᠡ ᠶ᠋ᠢ ᠠᠮᠠ ᠪᠠᠷ ᠬᠦᠯᠢᠶᠡᠭᠰᠡᠨ ᠨᠢ ᠮᠡᠳᠡᠭᠳᠡᠪᠡ᠃ ᠡᠨᠡ ᠭᠡᠷ᠎ᠡ ᠶ᠋ᠢ ᠰᠡᠭᠦᠯ ᠦ᠋ᠨ ᠭᠤᠷᠪᠠ ᠬᠣᠨᠣᠭ ᠲᠤ᠌ ᠣᠯᠠᠨ ᠡᠯᠴᠢ ᠳᠣᠪᠲᠣᠯᠭᠠᠵᠤ ᠪᠠᠲᠤᠳᠬᠠᠬᠤ ᠶ᠋ᠢ ᠱᠠᠮᠳᠠᠭᠠᠢ ᠣᠯᠵᠤ ᠮᠡᠳᠡᠵᠡᠢ᠃
ᠮᠡᠷᠭᠢᠳ ᠦ᠋ᠨ ᠬᠠᠷᠠᠭᠤᠯ ᠰᠦᠪᠡᠭᠡᠲᠡᠢ ᠶ᠋ᠢᠨ ᠴᠡᠷᠢᠭ ᠦ᠋ᠨ ᠳᠥᠷᠪᠡᠨ ᠵᠦᠭ ᠨᠠᠢ᠍ᠮᠠᠨ ᠵᠣᠪᠬᠢᠰ ᠲᠤ᠌ ᠶᠠᠪᠰᠠᠷᠠᠯᠬ᠋ᠠ ᠦᠭᠡᠢ ᠬᠡᠯᠡᠯᠴᠡᠨ ᠰᠠᠭᠤᠵᠤ ᠪᠠᠶ᠋ᠢᠬ᠋᠎ᠠ ᠠᠵᠢ ᠃ ᠳᠠᠪ ᠤ᠋ᠨ ᠡᠮᠦᠨ᠎ᠡ ᠡᠨᠡ ᠪᠦᠬᠦᠨ ᠊ᠢ ᠬᠡᠯᠡᠵᠦ ᠢᠯᠡᠭᠡᠬᠦ ᠳ᠋ᠦ᠍ ᠭᠠᠶ᠋ᠢᠭᠤᠢ ᠰᠠᠨᠠᠭᠳᠠᠪᠠᠴᠤ ᠬᠠᠮᠤᠭ ᠤ᠋ᠨ ᠭᠣᠣᠯ ᠵᠤᠶ᠋ᠢᠯ ᠪᠣᠯᠬᠤ ᠮᠡᠷᠭᠢᠳ ᠦ᠋ᠳ ᠊ᠢ ᠥᠪᠡᠷᠰᠡᠳ ᠤᠷᠤᠭᠤ ᠪᠠᠨ ᠳᠣᠪᠲᠣᠯᠤᠭᠤᠯᠬᠤ ᠲᠠᠯ᠎ᠠ ᠪᠠᠷ ᠶᠠᠮᠠᠷ ᠴᠤ᠌ ᠰᠠᠢᠨ ᠠᠯᠬᠤᠮ ᠪᠡᠶ᠋ᠢᠬᠤ ᠦᠭᠡᠢ ᠱᠠᠮᠲᠠᠠᠭᠠᠢ ᠭᠣᠩᠰᠣᠭᠣᠷ ᠪᠡᠶ᠋ᠢᠯᠠ ᠃ ᠮᠣᠷᠢᠨ ᠴᠠᠭ ᠳᠥᠭᠥᠬᠦ ᠦᠶ᠎ᠡ ᠳ᠋ᠦ᠍ ᠪᠠᠷᠲᠠᠢ ᠲᠡᠭᠦᠨ ᠊ᠢ ᠳᠠᠭᠤᠳᠠᠵᠤ ᠄
–– ᠪᠡᠶ᠎ᠡ ᠣᠳᠣ ᠲᠡᠩᠬᠡᠷᠡᠯᠡ ᠂ ᠥᠨᠥ ᠣᠷᠣᠢ ᠡᠷᠬᠢᠮ ᠨᠣᠶᠠᠳ ᠊ᠢ ᠤᠷᠢᠵᠤ ᠥᠴᠦᠬᠡᠨ ᠴᠠᠢ ᠪᠠᠷᠢᠰᠤᠭᠠᠢ ᠃ ᠴᠠᠢ ᠣᠳᠴᠤ ᠰᠠᠢᠨ ᠠᠷᠠᠭᠢ ᠂ ᠲᠠᠷᠭᠤᠨ ᠮᠢᠬ᠎ᠠ ᠂ ᠠᠮᠲᠠᠲᠤ ᠵᠢᠮᠢᠰ ᠣᠯᠵᠤ ᠢᠷ᠎ᠡ ᠭᠡᠳ ᠨᠢᠭᠡ ᠬᠠᠪᠲᠠᠭ᠎ᠠ ᠵᠣᠭᠣᠰ ᠥᠭᠪᠡ ᠃ ᠶᠠᠭᠠᠬᠢᠵᠤ ᠭᠡᠷ ᠡᠴᠡ ᠭᠠᠷᠤᠶ᠎ᠠ ᠳᠠ ᠭᠡᠮᠡᠨ ᠰᠠᠨᠠᠭᠠᠰᠢᠷᠠᠵᠤ ᠰᠠᠭᠤᠭᠰᠠᠨ ᠱᠠᠮᠲᠠᠭᠠᠢ ᠳ᠋ᠤ᠌ ᠡᠨᠡ ᠠᠯᠪᠠ ᠲᠩᠷᠢ ᠶ᠋ᠢᠨ ᠬᠡᠰᠢᠭ ᠮᠡᠲᠦ ᠲᠠᠭᠠᠲᠢ ᠰᠠᠨᠠᠭᠳᠠᠵᠤ ᠵᠣᠯ ᠲᠠᠢ ᠯᠠ 《 ᠭᠢᠯᠡᠶ᠋ᠢᠯᠠ ᠂ ᠡᠵᠡᠨ ᠮᠢᠨᠢ 》 ᠭᠡᠵᠦ ᠬᠡᠯᠡᠴᠢᠭᠡᠭᠰᠡᠨ ᠦᠭᠡᠢ ᠂ ᠮᠥᠩᠭᠥ ᠶᠢ ᠲᠣᠰᠴᠤ ᠠᠪᠤᠭᠠᠳ ᠡᠵᠡᠨ ᠢ᠋ᠶ᠋ᠡᠨ ᠰᠠᠨᠠᠮᠰᠠᠷ ᠦᠭᠡᠢ ᠬᠠᠷᠠᠪᠠᠯ ᠦᠯᠦ ᠮᠡᠳᠡᠭ ᠠᠨᠢᠰᠭᠢᠭᠰᠡᠨ ᠨᠢᠳᠦᠨ ᠳ᠋ᠦ᠍ᠨᠢ ᠬᠣᠷᠣᠵᠡᠩᠲᠡᠢ ᠢᠨᠢᠶᠡᠮᠰᠦᠭᠯᠡᠯ ᠨᠢᠭᠤᠭᠳᠠᠬᠤ ᠰᠢᠭ᠋ ᠰᠠᠨᠠᠭᠳᠠᠬᠤ ᠳ᠋ᠤ᠌ ᠳᠣᠲᠣᠷ᠎ᠠ ᠨᠢ ᠫᠠᠯ ᠬᠢᠭᠡᠳ 《 ᠰᠢᠨ᠎ᠡ ᠴᠡᠷᠢᠭ ᠠᠶᠠᠲᠠᠢ ᠬᠥᠭᠯᠡ ᠂ ᠪᠠᠯᠴᠠᠷ ᠪᠡᠶ᠋ᠢᠨᠠ ᠳᠠ 》 ᠭᠡᠵᠦ ᠥᠪᠡᠷ ᠊ᠢ ᠪᠡᠨ ᠭᠣᠯᠣᠪᠠ ᠃
ᠰᠦᠪᠡᠭᠡᠲᠡᠢ ᠪᠠᠭᠠᠲᠤᠷ ᠤ᠋ᠨ ᠵᠢᠭᠠᠭᠰᠠᠨ ᠳᠡᠷᠡᠰᠦᠨ ᠦ᠌ ᠭᠠᠵᠠᠷ ᠊ᠢ ᠱᠠᠮᠲᠠᠠᠭᠠᠢ ᠠᠩᠬᠠᠨ ᠤ᠋ ᠪᠠᠨ ᠡᠳᠦᠷ ᠦ᠋ᠨ ᠣᠷᠣᠢ ᠯᠠ ᠣᠯᠤᠭᠠᠳ ᠠᠪᠴᠢ ᠃ ᠬᠣᠵᠢᠮ ᠡᠨᠳᠡ ᠢᠷᠡᠬᠦ ᠪᠡᠨ ᠪᠣᠲᠣᠯᠴᠢᠨ ᠣᠶ᠋ᠢᠷᠡᠬᠢ ᠬᠣᠶᠠᠷ ᠡᠳᠦᠷ ᠲᠦ᠍ ᠵᠠᠪ ᠯᠠ ᠭᠠᠷᠪᠠᠯ ᠭᠦᠶᠦᠵᠦ ᠢᠷᠡᠳᠡᠭ ᠲᠤᠯᠠ ᠳᠡᠷᠡᠰᠦᠨ ᠦ᠌ ᠭᠠᠵᠠᠷ ᠤ᠋ᠨ ᠡᠵᠡᠨ ᠲᠦᠷᠺᠯᠸᠨ ᠡᠷ᠎ᠡ ᠲᠡᠭᠦᠨ ᠊ᠢ ᠣᠪᠣᠭ᠎ᠠ ᠨᠢᠳᠦᠯᠡᠭᠰᠡᠨ ᠪᠡᠶ᠋ᠢᠪᠠ ᠃ ᠱᠠᠮᠲᠠᠭᠠᠢ ᠬᠥᠯᠥᠰᠥᠨ ᠳ᠋ᠦ᠍ ᠭᠠᠷ ᠦᠯᠦ ᠲᠠᠲᠠᠬᠤ ᠪᠥᠭᠡᠳ ᠥᠪᠡᠷ ᠊ᠢ ᠪᠡᠨ ᠤᠮᠠᠷ᠎ᠠ ᠠ᠋ᠴᠠ ᠰᠠᠶᠢ ᠢᠷᠡᠭᠰᠡᠨ ᠭᠡᠳᠡᠭ ᠢ᠋ᠶ᠋ᠡᠨ ᠨᠢᠭᠤᠭᠠ ᠦᠭᠡᠢ ᠲᠤᠯᠠ ᠲᠡᠭᠦᠨ ᠊ᠢ ᠰᠣᠨᠢᠭᠤᠴᠢ ᠭᠡᠭᠡᠳ ᠠᠮᠲᠠᠲᠠᠨ ᠳ᠋ᠤ᠌ ᠳᠤᠷᠠᠯᠠᠬᠤ ᠵᠠᠩ ᠊ᠢ ᠡᠭᠦᠪᠡᠷ ᠰᠡᠯᠡᠭᠦᠴᠡᠬᠦ ᠮᠡᠷᠭᠢᠳ ᠴᠦ᠍ ᠂ ᠨᠤᠲᠤᠭ ᠤ᠋ᠨ ᠬᠢᠨ ᠴᠦ᠍ ᠤᠶ᠋ᠢᠯᠠᠭᠠᠵᠤ ᠂ ᠲᠦᠷᠺᠯᠸᠨ ᠡᠷ᠎ᠡ ᠲᠡᠭᠡᠬᠦ ᠳᠤᠰᠤᠮ ᠠᠯᠢᠮ᠎ᠠ ᠂ ᠭᠠᠳᠢᠯᠢ ᠶ᠋ᠢ ᠠᠮᠠᠨ ᠳ᠋ᠠᠭᠠᠨ ᠣᠷᠣᠭᠰᠠᠨ ᠦᠨ᠎ᠡ ᠪᠡᠷ ᠲᠡᠭᠦᠨ ᠳ᠋ᠦ᠍ ᠰᠠᠨᠠᠭ᠎ᠠ ᠠᠮᠠᠷ ᠭᠤᠯᠭᠤᠭᠤᠯᠳᠠᠭ ᠪᠡᠶ᠋ᠢᠯᠠ ᠃ ᠱᠠᠮᠲᠠᠭᠠᠢ ᠵᠡᠭᠡᠯᠢ ᠪᠡᠷ ᠶᠠᠪᠤᠵᠤ ᠡᠷᠢᠭᠰᠡᠨ ᠵᠤᠶ᠋ᠢᠯ ᠢ᠋ᠶ᠋ᠠᠨ ᠣᠯᠵᠤ ᠠᠪᠤᠮᠠᠭᠴᠠ ᠂ ᠳᠡᠷᠡᠰᠦᠨ ᠦ᠌ ᠭᠠᠵᠠᠷ ᠥᠭᠡᠳᠡ ᠶᠠᠭᠠᠷᠠᠪᠠ ᠃ ᠲᠡᠨᠳᠡ ᠠᠨᠠᠢ ᠯᠠ ᠬᠥᠮᠦᠨ ᠳᠦᠭᠦᠷᠡᠩ ᠂ ᠳᠣᠲᠣᠭᠰᠢ ᠣᠷᠣᠵᠤ ᠥᠪᠡᠷ ᠦ᠋ᠨ ᠰᠠᠭᠤᠬᠤ ᠳᠤᠷᠠᠲᠠᠢ ᠲᠠᠪᠴᠠᠩᠲᠤ ᠠᠰᠠᠷ ᠲᠤ ᠭᠠᠷᠤᠯ᠎ᠠ᠃
–– ᠳᠥᠷᠪᠡᠳ ᠦ᠋ᠨ ᠵᠣᠷᠢᠭ᠌ᠲᠤ ᠳᠠᠢᠴᠢᠨ᠂ ᠦᠳᠡ ᠶ᠋ᠢᠨ ᠬᠠᠯᠠᠭᠤᠨ ᠳ᠋ᠤ᠌ ᠵᠦᠷᠵᠢ ᠶ᠋ᠢᠨ ᠰᠢᠭᠦᠰᠦ ᠰᠠᠢᠨ ᠰᠢᠦ ᠭᠡᠭᠰᠡᠭᠡᠷ ᠳᠠᠷᠠᠰᠤ ᠵᠥᠭᠡᠭᠡᠭᠴᠢ ᠵᠠᠯᠠᠭᠤ ᠳᠥᠭᠥᠵᠦ ᠢᠷᠡᠬᠦ ᠳ᠋ᠦ᠍ ᠱᠠᠮᠳᠠᠭᠠᠢ ᠢᠨᠢᠶᠡᠳᠦ ᠠᠯᠳᠠᠵᠤ᠄
–– ᠠᠭᠠᠬᠢᠯᠠᠭᠤᠨ ᠰᠢᠭᠦᠰᠦ ᠪᠡᠯᠡᠨ ᠪᠣᠯ ᠠᠪᠤᠭᠠᠢ ᠳ᠋ᠤᠨᠢ ᠵᠣᠭᠣᠰ ᠪᠡᠯᠡᠨ ᠭᠡᠳ ᠲᠦᠨᠳᠡᠭᠡᠷ ᠸᠠᠳᠠᠩ ᠢ᠋ᠶ᠋ᠠᠨ ᠠᠯᠠᠭᠠᠳᠠᠪᠠ᠃ ᠳᠠᠷᠠᠰᠤ ᠵᠥᠭᠡᠭᠡᠭᠴᠢ ᠨᠠᠢᠷᠰᠠᠭ ᠢ᠋ᠶ᠋ᠠᠷ ᠪᠥᠬᠥᠯᠵᠡᠭᠡᠳ ᠶᠠᠪᠤᠯ᠎ᠠ᠃
ᠱᠠᠮᠳᠠᠭᠠᠢ ᠠᠰᠠᠷ ᠲᠤ᠌ ᠪᠠᠢᠭ᠎ᠠ ᠬᠥᠮᠦᠰ ᠢ᠋ ᠠᠮᠠ ᠪᠠᠨ ᠠᠩᠭᠠᠢᠵᠤ ᠠᠯᠮᠠᠢᠷᠠᠨ ᠰᠣᠨᠢᠷᠬᠠᠨ᠎ᠠ ᠤᠤ᠃ ᠠᠷᠭ᠎ᠠ ᠦᠭᠡᠢ ᠯᠡ ᠬᠥᠯ ᠦᠢᠮᠡᠭᠡᠨ ᠦᠭᠡᠢ ᠬᠡᠭᠡᠷ᠎ᠡ ᠲᠠᠯ᠎ᠠ ᠶ᠋ᠢᠨ ᠬᠥᠪᠡᠭᠦᠨ ᠮᠡᠲᠦ ᠰᠣᠳᠣᠨ ᠪᠠᠢᠯ᠎ᠠ᠃ ᠸᠠᠳᠠᠩ ᠢ᠋ᠶ᠋ᠠᠨ ᠲᠠᠢᠯᠵᠤ᠂ ᠰᠢᠷᠡᠭᠡᠨ ᠳᠡᠭᠡᠷ᠎ᠡ ᠬᠡ ᠦᠭᠡᠢᠬᠡᠨ ᠳᠡᠯᠭᠡᠭᠡᠳ ᠴᠢᠳᠬᠤᠮᠠᠯ ᠵᠡᠰ ᠵᠣᠭᠣᠰ᠂ ᠳᠠᠪᠲᠠᠮᠠᠯ ᠮᠥᠩᠭᠥᠨ ᠵᠣᠭᠣᠰ ᠨᠤᠭᠤᠳ ᠰᠦᠷᠲᠡᠢ ᠲᠣᠭᠠᠯᠠᠬᠤ ᠳ᠋ᠠᠭᠠᠨ ᠶᠠᠭᠤᠮ᠎ᠠ ᠦᠵᠡᠭᠰᠡᠨ ᠦᠭᠡᠢ ᠬᠥᠳᠡᠭᠡ ᠶ᠋ᠢᠨ ᠴᠢᠨᠡᠭᠡᠯᠢᠭ ᠡᠷ᠎ᠡ ᠶ᠋ᠢᠨ ᠳᠦᠷᠢ ᠶ᠋ᠢ ᠴᠢᠳᠠᠮᠠᠭᠠᠢ ᠭᠠᠷᠭᠠᠭᠰᠠᠨ ᠲᠤᠯᠠ ᠣᠢᠷᠠᠯᠴᠠᠭᠠᠬᠢ ᠰᠢᠷᠡᠭᠡᠨ ᠳ᠋ᠦ᠍ ᠰᠠᠭᠤᠭᠰᠠᠨ ᠡᠷᠡᠰ ᠲᠡᠭᠦᠨ ᠢ᠋ ᠨᠢᠳᠦ ᠪᠤᠯᠤᠩᠳᠠᠨ ᠨᠢᠭᠡ ᠯᠡ ᠠᠵᠢᠮᠠᠭᠴᠠ ᠦᠯᠦ ᠲᠣᠭᠣᠮᠰᠠᠷᠯᠠᠨ ᠪᠤᠷᠤᠭᠤ ᠬᠠᠷᠠᠵᠠᠭᠠᠨ᠎ᠠ᠃
–– ᠵᠠ ᠵᠣᠭᠣᠭᠯᠠᠭᠲᠤᠨ ᠭᠡᠭᠰᠡᠭᠡᠷ ᠳᠠᠷᠠᠰᠤ ᠵᠥᠭᠡᠭᠡᠭᠴᠢ ᠲᠡᠭᠦᠨ ᠳ᠋ᠦ᠍ ᠮᠥᠩᠭᠥᠨ ᠴᠠᠷ᠎ᠠ ᠲᠠᠢ ᠴᠣᠮᠣ ᠥᠭᠬᠦᠯ᠎ᠡ᠃ ᠱᠠᠮᠳᠠᠭᠠᠢ ᠠᠮᠰᠠᠵᠤ ᠦᠵᠡᠭᠰᠡᠨ ᠢ᠋ᠶ᠋ᠡᠨ ᠢᠷᠪᠠᠢᠵᠤ᠄
–– ᠡᠢᠮᠦ ᠶᠡᠬᠡ ᠰᠢᠭᠡᠷ ᠲᠡᠢ ᠤᠰᠤ ᠪᠠᠷ ᠪᠢ ᠶᠠᠭᠠᠬᠢᠨᠠᠮ᠃ ᠨᠥᠬᠥᠭᠡ ᠬᠦᠢᠲᠡᠨ ᠳᠠᠷᠠᠰᠤ ᠠ᠋ᠴᠠ ᠪᠠᠨ ᠠᠪᠴᠢᠷᠠ ᠭᠡᠵᠦ ᠪᠤᠴᠠᠭᠠᠯ᠎ᠠ᠃
–– ᠡᠨᠡ ᠪᠣᠯ ᠬᠠᠮᠤᠭ ᠤ᠋ᠨ ᠲᠠᠩᠰᠤᠭ ᠰᠢᠭᠦᠰᠦ᠃ ᠪᠠᠶᠠᠨ ᠬᠥᠮᠦᠨ ᠳ᠋ᠦ᠍ ᠯᠡ ᠣᠯᠳᠠᠨ᠎ᠠ ᠰᠢᠦ ᠭᠡᠵᠦ ᠳᠠᠷᠠᠰᠤ ᠵᠥᠭᠡᠭᠡᠭᠴᠢ ᠶ᠋ᠢ ᠤᠴᠢᠷᠯᠠᠬᠤ ᠳ᠋ᠤ᠌ ᠱᠠᠮᠳᠠᠭᠠᠢ ᠲᠡᠨᠡᠭᠳᠡᠭᠦᠦ ᠴᠢᠷᠠᠢ ᠪᠠᠷ ᠮᠠᠭᠠᠰᠠᠢᠨ ᠢᠨᠢᠶᠡᠵᠦ᠄
–– ᠲᠡᠭᠡᠪᠡᠯ ᠣᠷᠬᠢᠴᠢᠬᠠ᠃ ᠪᠢ ᠰᠡᠭᠦᠯ ᠳ᠋ᠦ᠍ ᠤᠤᠭᠤᠨ᠎ᠠ᠃ ᠣᠳᠣ ᠪᠣᠯ ᠬᠦᠢᠲᠡᠨ ᠳᠠᠷᠠᠰᠤ ᠬᠡᠷᠡᠭᠲᠡᠢ ᠭᠡᠪᠡ᠃
ᠬᠣᠯᠠ ᠦᠭᠡᠢ ᠰᠢᠷᠡᠭᠡ ᠨᠤᠭᠦᠳ ᠳᠤᠮᠳᠠᠭᠤᠷ ᠦᠰᠦ ᠪᠡᠨ ᠵᠠᠲᠠᠭᠠᠶ᠋ᠢᠯᠠᠵᠤ ᠶᠠᠪᠤᠤ ᠂ ᠰᠤᠪᠤᠰ ᠵᠡᠰ ᠵᠣᠭᠣᠰ ᠬᠠᠩᠭᠢᠷ ᠶᠠᠩᠭᠢᠷ ᠳᠡᠭᠦᠵᠢᠯᠡᠭᠰᠡᠨ ᠶᠸᠯᠸᠢᠪᠴᠢ ᠡᠮ᠎ᠡ ᠰᠦᠯᠵᠢᠵᠦ ᠂ ᠡᠨᠡ ᠲᠡᠷᠡ ᠬᠥᠮᠦᠨ ᠊ᠢ ᠰᠢᠯᠭᠠᠭᠠᠨ ᠮᠡᠷᠭᠡᠯᠡᠵᠦ ᠥᠭᠬᠦ ᠭᠡᠵᠦ ᠣᠷᠣᠯᠳᠣᠨ᠎ᠠ ᠃ ᠲᠡᠭᠦᠨ ᠊ᠢ ᠢᠷᠡᠬᠦ ᠪᠣᠯᠭᠠᠨ ᠳ᠋ᠤ᠌ ᠡᠨᠡ ᠡᠮ᠎ᠡ ᠡᠨᠳᠡ ᠪᠠᠶ᠋ᠢᠲᠠᠭ ᠊ᠢ ᠦᠵᠡᠭᠰᠡᠨ ᠲᠤᠯᠠ ᠱᠠᠮᠲᠠᠭᠠᠢ ᠰᠣᠨᠢᠷᠬᠠᠭᠰᠠᠨ ᠴᠤ᠌ ᠦᠭᠡᠢ ᠃ ᠲᠡᠷᠡ ᠴᠦ᠍ ᠪᠠᠶ᠋ᠢᠲᠤᠭᠠᠢ ᠥᠴᠥᠭᠡᠳᠦᠷ ᠳᠡᠷᠭᠡᠳᠡ ᠨᠢ ᠢᠷᠡᠵᠦ ᠰᠠᠭᠤᠭᠠᠳ ᠠᠯᠠᠭ᠎ᠠ ᠶ᠋ᠢ ᠨᠢ ᠰᠢᠨᠵᠢᠵᠦ ᠂ ᠳᠣᠲᠣᠷ᠎ᠠ ᠵᠠᠷᠠᠰᠬᠢᠮᠡᠷ ᠵᠤᠶ᠋ᠢᠯ ᠊ᠢ ᠶᠠᠷᠢᠵᠤ ᠠᠶᠤᠯᠭᠠᠭᠰᠠᠭᠠᠷ ᠲᠣᠮᠣ ᠮᠥᠩᠭᠥᠨ ᠵᠣᠭᠣᠰ ᠰᠠᠯᠭᠠᠴᠢᠬᠠᠭᠰᠠᠨ ᠪᠢᠯᠡ ᠃ ᠣᠳᠣ ᠯᠠ ᠪᠢᠲᠡᠭᠡᠢ ᠢᠷᠡᠵᠦ ᠦᠵᠡᠭᠡᠰᠡᠢ ᠭᠡᠵᠦ ᠱᠠᠮᠲᠠᠭᠠᠢ ᠵᠠᠯᠪᠢᠷᠠᠨ ᠠᠯᠢ ᠪᠣᠯᠬᠤ ᠰᠢᠷᠦᠭᠦᠨ ᠳᠦᠷᠢ ᠭᠠᠷᠭᠠᠨ ᠰᠠᠭᠤᠪᠠ ᠃ ᠬᠥᠭᠡᠷᠦᠬᠦᠢ ᠲᠡᠷᠡ ᠡᠮ᠎ᠡ ᠴᠦ᠍ ᠪᠠᠰᠠ ᠣᠯᠵᠠ ᠰᠠᠯᠭᠠᠭᠰᠠᠨ ᠬᠥᠮᠦᠨ ᠢ᠋ᠶ᠋ᠡᠨ ᠳᠠᠬᠢᠨ ᠳᠠᠬᠢᠨ ᠣᠷᠢᠶᠠᠳᠠᠭ ᠦᠭᠡᠢ ᠪᠣᠯᠤᠯᠲᠠᠢ ᠂ ᠲᠡᠭᠦᠨ ᠊ᠢ ᠬᠠᠷᠠᠭᠰᠠᠨ ᠪᠣᠯᠪᠠᠴᠤ ᠳᠡᠷᠭᠡᠳᠡᠭᠦᠷ ᠨᠢ ᠥᠩᠭᠡᠷᠡᠭᠡᠳ ᠣᠶ᠋ᠢᠷᠠᠤᠠᠬᠤ ᠦᠭᠡᠢ ᠪᠠᠶ᠋ᠢᠬᠰᠠᠨ ᠨᠢ ᠲᠠᠭᠠᠲᠠᠢ ᠃
ᠲᠦᠳᠡᠯ ᠦᠭᠡᠢ ᠪᠠᠭ᠎ᠠ ᠰᠢᠬ ᠸᠠᠭᠠᠷ ᠤ᠋ᠨ ᠭᠦᠴᠡ ᠪᠡᠷ ᠨᠢᠭᠡ ᠳᠠᠷᠠᠰᠤ ᠠᠪᠴᠢᠷᠠᠭᠤᠯᠤᠭᠠᠳ ᠱᠠᠮᠲᠠᠭᠠᠢ ᠡᠩᠭᠡᠷ ᠢ᠋ᠶ᠋ᠡᠨ ᠵᠠᠲᠠᠭᠠᠶ᠋ᠢᠯᠠᠨ ᠲᠤᠬᠠᠯᠠᠪᠠ ᠃ ᠳᠡᠷᠡᠰᠦᠨ ᠦ᠌ ᠵᠠᠭᠤᠰᠢ ᠪᠣᠯᠭᠠᠵᠤ ᠰᠣᠩᠭᠣᠭᠰᠠᠨ ᠢᠯᠵᠠ ᠴᠢᠨᠠᠭᠰᠠᠨ ᠦᠬᠡᠷ ᠦ᠋ᠨ ᠬᠡᠯᠡ ᠲᠠᠩᠨᠠᠢ ᠳ᠋ᠤ᠌ ᠲᠣᠰᠣ ᠬᠤᠷᠠᠭᠤᠯᠤᠨ ᠬᠠᠶ᠋ᠢᠯᠤᠭᠠᠳ ᠂ ᠠᠷᠤ ᠠ᠋ᠴᠠ ᠨᠢ ᠭᠦᠢᠯᠡᠰᠦ ᠶ᠋ᠢᠨ ᠴᠠᠪ ᠬᠦᠢᠲᠡᠨ ᠳᠠᠷᠠᠰᠤ ᠪᠠᠷ ᠳᠠᠷᠤᠭᠤᠯᠬᠤ ᠳ᠋ᠤ᠌ ᠬᠣᠳᠣᠭᠣᠳᠣ ᠪᠡᠶᠡᠰᠦᠨ ᠳᠠᠭᠤᠯᠠᠨ᠎ᠠ ᠃
ᠲᠡᠭᠦᠨ ᠦ᠌ ᠬᠦᠯᠢᠶᠡᠭᠰᠡᠨ ᠬᠥᠮᠦᠨ ᠠᠯᠠᠭ᠎ᠠ ᠯᠠ ᠪᠠᠶ᠋ᠢᠯ᠎ᠠ ᠃ ᠬᠥᠮᠦᠰ ᠪᠠᠬᠠᠨ ᠰᠡᠶ᠋ᠢᠷᠴᠤ ᠂ ᠶᠸᠯᠸᠢᠪᠴᠢ ᠡᠮ᠎ᠡ ᠨᠣᠵᠣᠭᠣᠷᠠᠭᠰᠠᠨ ᠪᠣᠯᠤᠯᠲᠠᠢ ᠂ ᠲᠡᠷᠲᠡᠭᠡ ᠪᠤᠯᠤᠩ ᠳ᠋ᠤ᠌ ᠡᠪᠦᠳᠦᠭ ᠢ᠋ᠶ᠋ᠡᠨ ᠲᠡᠪᠡᠷᠢᠨ ᠰᠠᠭᠤᠭᠠᠳ ᠵᠡᠭᠦᠷᠮᠡᠭᠯᠡᠬᠦ ᠠᠶᠠᠲᠠᠢ ᠲᠤᠩᠬᠠᠯᠵᠠᠠᠡ ᠃ ᠬᠡᠴᠢᠨᠡᠭᠡᠨ ᠠᠭᠠᠵᠢᠮ ᠰᠢᠮᠡᠭᠰᠡᠨ ᠴᠦ᠍ ᠳᠠᠷᠠᠰᠤ ᠳᠠᠭᠤᠰᠬᠤ ᠳᠥᠭᠥᠵᠦ ᠂ ᠭᠡᠳᠡᠰᠦ ᠨᠢ ᠡᠪ ᠦᠭᠡᠢ ᠴᠦᠷᠡᠶ᠋ᠢᠭᠡᠳ ᠨᠡᠮᠡᠵᠦ ᠵᠠᠬᠢᠬᠤ ᠳ᠋ᠤ᠌ ᠲᠦᠪᠡᠭᠲᠡᠢ ᠪᠣᠯᠤᠯ᠎ᠠ ᠃ ᠰᠡᠳᠬᠢᠯ ᠲᠦᠭᠰᠢᠭᠰᠡᠨ ᠱᠠᠮᠲᠠᠭᠠᠢ ᠪᠣᠰᠬᠤ ᠭᠡᠲᠡᠯ᠎ᠡ ᠲᠣᠳᠣ ᠤᠯᠠᠭᠠᠨ ᠨᠥᠮᠥᠷᠭᠡ ᠲᠡᠢ ᠢᠳᠡᠷᠬᠡᠨ ᠡᠷ᠎ᠡ ᠣᠷᠣᠵᠤ ᠢᠷᠡᠭᠡᠳ ᠰᠦᠯᠵᠢᠮᠡᠯ ᠰᠠᠨᠳᠠᠯᠢ ᠳᠡᠭᠡᠷ᠎ᠡ ᠬᠠᠩᠬᠠᠶ᠋ᠢᠨ ᠰᠠᠭᠤᠵᠤ ᠳᠠᠷᠠᠰᠤ ᠵᠥᠭᠡᠭᠡᠭᠴᠢ ᠶ᠋ᠢᠨ ᠵᠦᠭ ᠳᠣᠬᠢᠵᠤ ᠄
–– ᠠᠯᠢ ᠪᠣᠢ ᠰᠠᠢᠨ ᠳᠠᠷᠠᠰᠤ ᠂ ᠮᠠᠭᠤ ᠵᠠᠭᠤᠰᠢ ᠲᠠᠢ ᠠᠪᠴᠢᠷᠠ ᠭᠡᠵᠦ ᠪᠠᠷᠬᠢᠷᠠᠯ᠎ᠠ ᠃ ᠲᠡᠮᠳᠡᠭ ᠦᠭᠡ ᠃ ᠱᠠᠮᠲᠠᠭᠠᠢ ᠶᠢᠨ ᠤᠬᠠᠭᠠᠨ ᠴᠡᠯᠮᠡᠵᠦ ᠂ ᠲᠦᠷᠦᠭᠦᠨ ᠵᠣᠭᠣᠰ ᠭᠠᠷᠭᠠᠬᠤ ᠳ᠋ᠠᠭᠠᠨ ᠴᠣᠭ ᠭᠠᠷᠭᠠᠵᠤ ᠂ ᠪᠠᠵᠠᠭᠰᠠᠭᠠᠷ ᠪᠠᠶ᠋ᠢᠬᠰᠠᠨ ᠬᠤᠶ᠋ᠢᠯᠠᠭᠠᠰᠤ ᠲᠠᠢ ᠰᠠᠬᠠᠷᠢ ᠪᠠᠨ ᠠᠳᠬᠤᠵᠤ ᠥᠨᠲᠡᠶ᠋ᠢᠪᠡ ᠃ ᠣᠳᠣ ᠲᠡᠭᠦᠨ ᠦ᠌ ᠳᠡᠷᠭᠡᠳᠡ ᠣᠴᠢᠬᠤ ᠬᠡᠷᠡᠭ᠍ᠲᠡᠢ᠃ ᠲᠡᠭᠦᠨ ᠊ᠢ ᠣᠶ᠋ᠢᠷᠠᠤᠠᠴᠤ ᠢᠷᠡᠬᠦ ᠳ᠋ᠦ᠍ ᠤᠯᠠᠭᠠᠨ ᠨᠥᠮᠥᠷᠭᠡᠲᠦ ᠵᠢᠱ᠌ᠢᠮ ᠴᠦ᠍ ᠦᠭᠡᠢ ᠬᠠᠩᠬᠠᠶ᠋ᠢᠨᠠ ᠃ ᠰᠤᠯᠠᠬᠠᠨ ᠰᠤᠷ ᠤ᠋ᠨ ᠠᠭᠰᠠᠷᠭᠠᠨ ᠠ᠋ᠴᠠ ᠰᠠᠭᠤᠯᠲᠠᠲᠡᠢ ᠰᠠᠷᠠᠨ ᠵᠡᠪᠡ ᠭᠢᠯᠠᠰᠬᠢᠬᠦ ᠳ᠋ᠦ᠍ ᠱᠠᠮᠲᠠᠭᠠᠢ ᠶ᠋ᠢᠨ ᠵᠢᠷᠦᠬᠡ ᠪᠠᠶᠠᠷᠯᠠᠭᠰᠠᠨ ᠂ ᠲᠦᠭ᠍ᠰᠢᠭ᠍ᠰᠡᠨ ᠳ᠋ᠡᠭᠡᠨ ᠣᠪᠣᠯᠵᠠᠲᠠᠯᠠ ᠴᠣᠬᠢᠯᠠᠵᠤ ᠡᠬᠢᠯᠡᠵᠡᠢ ᠃ ᠳᠠᠷᠠᠰᠤ ᠵᠥᠭᠡᠭᠡᠭᠴᠢ ᠪᠡᠷ ᠳᠠᠯᠢᠮᠳᠠᠭᠤᠯᠪᠠᠯ ᠵᠣᠬᠢᠬᠤ ᠶᠤᠮ ᠃ ᠰᠠᠨᠳᠠᠯᠢ ᠳ᠋ᠤ᠌ ᠰᠠᠭᠠᠲᠠᠭᠰᠠᠨ ᠪᠣᠯᠵᠤ ᠵᠢᠭᠠᠬᠠᠨ ᠬᠦᠯᠢᠶᠡᠲᠡᠯᠡ ᠳᠠᠷᠠᠰᠤ ᠵᠥᠭᠡᠭᠡᠭᠴᠢ ᠴᠦ᠍ ᠤᠯᠠᠭᠠᠨ ᠨᠥᠮᠥᠷᠭᠡᠲᠦ ᠳᠡᠭᠡᠷ᠎ᠡ ᠬᠦᠷᠦᠭᠡᠳ ᠣᠴᠢᠯ᠎ᠠ ᠃ ᠣᠳᠣ ᠴᠠᠭ ᠨᠢ ᠪᠣᠯᠪᠠ ᠃ ᠳᠠᠷᠠᠰᠤ ᠵᠥᠭᠡᠭᠡᠭᠴᠢ ᠳ᠋ᠦ᠍ ᠮᠥᠩᠭᠥ ᠪᠡᠨ ᠦᠬᠬᠦ ᠵᠠᠭᠤᠷ᠎ᠠ ᠰᠠᠷᠠᠨ ᠵᠡᠪᠡ ᠶ᠋ᠢ ᠨᠢ ᠱᠣᠬᠣᠭᠣᠷᠬᠠᠨ ᠪᠠᠷᠢᠵᠤ ᠦᠵᠡᠬᠦ ᠳ᠋ᠦ᠍ ᠬᠡᠨ ᠨᠠᠮᠠᠶᠢ ᠵᠢᠮᠡᠯᠡᠬᠦ ᠪᠢᠯᠡ ᠃ ᠬᠡᠷᠪᠡ ᠵᠡᠪᠡᠨ ᠳ᠋ᠦ᠍ ᠦᠵᠦᠮ ᠨᠠᠭᠠᠯᠳᠤᠭᠰᠠᠨ ᠪᠣᠯ ᠁ ᠬᠣᠱᠣᠩ ᠦᠭᠡ ( ᠬᠠᠷᠢᠭᠤ ᠨᠢᠭᠤᠴᠠ ᠦᠭᠡ ᠪᠡᠨ ) ᠰᠢᠳᠡᠴᠢᠬᠡᠭᠡᠳ ᠰᠠᠬᠠᠷᠢ ᠪᠠᠨ ᠡᠪᠦᠷ ᠳᠡᠭᠡᠷ᠎ᠡ ᠨᠢ ᠤᠨᠠᠭᠠᠵᠤ ᠠᠮᠵᠢᠨ᠎ᠠ ᠃ ᠲᠡᠭᠡᠭᠡᠳ ᠯᠡ ᠭᠠᠷᠴᠤ ᠣᠳᠤᠨ᠎ᠠ ᠃
ᠡᠶ᠋ᠢᠮᠦᠷᠬᠦ ᠨᠢᠭᠤᠴᠠ ᠦᠢᠯᠡ ᠶ᠋ᠢ ᠨᠢᠭᠡ ᠪᠤᠰᠤ ᠤᠳᠠᠭ᠎ᠠ ᠬᠢᠭ᠍ᠰᠡᠨ ᠴᠦ᠍ ᠲᠡᠰᠦᠵᠤ ᠵᠦᠭ᠍ᠰᠢᠷᠡᠬᠦ ᠳ᠋ᠦ᠍ ᠬᠡᠴᠡᠭᠦᠦ ᠃ ᠲᠤᠬᠠᠢ ᠪᠦᠷᠢ ᠳ᠋ᠦ᠍ ᠥᠭᠡᠷ᠎ᠡ ᠨᠥᠬᠥᠴᠡᠯ ᠂ ᠴᠣ ᠰᠢᠨ᠎ᠡ ᠬᠥᠮᠦᠰ ᠪᠠᠶ᠋ᠢᠲᠠᠭ ᠃ ᠠᠶᠤᠯ ᠣᠰᠣᠯ ᠨᠢ ᠠᠩᠭᠢᠳᠠ ᠴᠤ᠌ ᠡᠮᠦᠨ᠎ᠡ ᠪᠡᠨ ᠪᠠᠶ᠋ᠢᠲᠠᠭ ᠃ ᠪᠠᠶ᠋ᠢᠵᠠ ᠃ ᠨᠥᠭᠥᠭᠡ ᠶᠸᠯᠸᠢᠪᠴᠢ ᠵᠢᠷᠲᠠᠭᠠᠢ ᠨᠢᠳᠦᠯᠡᠴᠢᠬᠡᠭᠡᠳ ᠪᠠᠰᠠ ᠨᠠᠭᠠᠰᠢ ᠪᠠᠨ ᠳᠥᠭᠥᠵᠦ ᠪᠠᠶ᠋ᠢᠨ᠎ᠠ ᠃ ᠡᠨᠡ ᠨᠢᠳᠦ ᠨᠢᠭᠡ ᠵᠢᠭᠲᠡᠢ᠃ ᠲᠡᠭᠦᠨ ᠳ᠋ᠦ᠍ ᠭᠠᠰᠢᠭᠤᠳᠠᠬᠤ ᠮᠡᠲᠦ ᠵᠢᠪᠡᠭᠦᠨ ᠭᠢᠯᠠᠯᠵᠠᠬᠤ ᠨᠢ ᠲᠠᠨᠢᠯ ᠮᠡᠲᠦ ᠃
ᠱᠠᠮᠲᠠᠭᠠᠢ ᠰᠢᠷᠡᠭᠡᠨ ᠳ᠋ᠦ᠍ ᠶᠸᠯᠸᠢᠪᠴᠢ ᠡᠮ᠎ᠡ ᠡᠴᠡ ᠲᠡᠷᠢᠭᠦᠯᠡᠵᠦ ᠣᠴᠢᠭᠠᠳ ᠳᠠᠷᠠᠰᠤ ᠵᠥᠭᠡᠭᠡᠭᠴᠢ ᠳ᠋ᠦ᠍ ᠮᠥᠩᠭᠥ ᠪᠡᠨ ᠥᠭᠭᠦᠭᠰᠡᠨ ᠪᠣᠯᠪᠠᠴᠤ ᠰᠠᠷᠠᠨ᠎ᠠ ᠵᠡᠪᠡ ᠶ᠋ᠢ ᠨᠢ ᠰᠣᠨᠢᠷᠬᠠᠵᠤ ᠠᠮᠵᠢᠭᠰᠠᠨ ᠦᠭᠡᠢ ᠃ ᠥᠪᠡᠷ ᠦ᠋ᠨ ᠡᠷᠬᠡ ᠦᠭᠡᠢ ᠵᠣᠭ ᠲᠤᠰᠪᠠ ᠃ ᠲᠤᠩ ᠶᠠᠭᠠᠷᠠᠤ ᠳᠥᠭᠥᠵᠦ ᠶᠠᠪᠤᠭᠰᠠᠨ ᠶᠸᠯᠸᠢᠪᠴᠢ ᠡᠮ᠎ᠡ ᠶ᠋ᠢ ᠬᠡᠨ ᠨᠢᠭᠡ ᠨᠢ ᠲᠦᠯᠬᠢᠨ ᠥᠩᠬᠥᠷᠢᠭᠦᠯᠬᠦ ᠰᠢᠭ ᠪᠣᠯᠬᠤ ᠳ᠋ᠤ᠌ ᠰᠣᠴᠢᠨ ᠬᠠᠷᠠᠪᠠᠯ ᠴᠠᠭᠠᠨ᠎ᠠ ᠠ᠋ᠴᠠ ᠨᠢ ᠪᠠᠷᠲᠠᠢ ᠰᠡᠴᠡᠨ ᠦ᠌ ᠬᠥᠮᠥᠭᠡᠢ ᠵᠠᠭᠤᠭᠰᠠᠨ ᠳᠣᠭᠰᠢᠨ ᠴᠢᠷᠠᠢ ᠲᠣᠳᠣᠷᠠᠭᠠᠳ ᠢᠷᠡᠬᠦ ᠨᠢ ᠲᠡᠷᠡ ᠃
