ᠬᠠᠶ᠋ᠢᠯᠠᠰᠤᠨ ᠱᠠᠩᠰᠢ ᠬᠢᠭᠡᠳ ᠡᠪᠦᠭᠡᠨ ᠪᠠᠭᠰᠢ - ᠰ · ᠵᠠᠮᠰᠤ Хайлсан шанш хийгээд өвгөн багш - С · Жамс
ᠬᠠᠶ᠋ᠢᠯᠠᠰᠤᠨ ᠱᠠᠩᠰᠢ ᠬᠢᠭᠡᠳ ᠡᠪᠦᠭᠡᠨ ᠪᠠᠭᠰᠢ
ᠰ · ᠵᠠᠮᠰᠤ
ᠬᠠᠶ᠋ᠢᠯᠠᠰᠤᠨ ᠮᠣᠲᠣ ᠲᠠᠢ ᠪᠠᠭᠠᠬᠠᠨ ᠬᠣᠲᠣᠭᠣᠷ ᠲᠤ
ᠡᠬᠡ ᠰᠤᠷᠭᠠᠭᠤᠯᠢ ᠮᠢᠨᠢ ᠪᠠᠶ᠋ᠢᠷᠢᠯᠠᠲᠠᠭ ᠪᠠᠶ᠋ᠢᠯ᠎ᠠ
ᠬᠠᠵᠠᠭᠤ ᠳ᠋ᠤ᠌ ᠨᠢ ᠨᠠᠪᠲᠠᠶ᠋ᠢᠬᠰᠠᠨ ᠰᠢᠪᠠᠷ ᠪᠠᠶ᠋ᠢᠰᠢᠩ ᠳ᠋ᠤ᠌
ᠡᠪᠦᠭᠡᠨ ᠪᠠᠭᠰᠢ ᠮᠢᠨᠢ ᠰᠠᠭᠤᠲᠠᠭ ᠪᠠᠶ᠋ᠢᠯ᠎ᠠ ᠃
ᠬᠣᠲᠣᠭᠣᠷ ᠲᠤ ᠤᠷᠭᠤᠭᠰᠠᠨ ᠴᠦ᠍ ᠴᠢᠨᠠᠷ ᠬᠠᠲᠠᠭᠤ ᠪᠠᠢ ᠭᠡᠵᠦ
ᠬᠠᠶ᠋ᠢᠯᠠᠰᠤᠨ ᠱᠠᠩᠰᠢ ᠨᠢ ᠵᠢᠭᠠᠲᠠᠭ ᠪᠠᠶ᠋ᠢᠯ᠎ᠠ
ᠬᠥᠲᠡᠭᠡ ᠮᠠᠩᠬᠠᠨ ᠠ᠋ᠴᠠ ᠴᠦ᠍ ᠭᠠᠷᠤᠲᠢ ᠳᠡᠪᠳᠡᠷᠢᠨ᠎ᠡ ᠭᠡᠵᠦ
ᠬᠠᠶ᠋ᠢᠷᠠᠲᠤ ᠪᠠᠭᠰᠢ ᠮᠢᠨᠢ ᠤᠴᠢᠷᠯᠠᠲᠠᠭ ᠪᠠᠶ᠋ᠢᠯ᠎ᠠ ᠃
ᠥᠭᠭᠢᠶᠡᠮᠦᠷᠴᠢ ᠪᠣᠷᠣᠭᠵᠢᠭᠤᠨ ᠬᠠᠶ᠋ᠢᠯᠠᠰᠤᠨ ᠱᠠᠩᠰᠢ
ᠥᠯᠥᠰᠬᠦᠯᠡᠩ ᠵᠢᠯ ᠦ᠋ᠳ ᠲᠦ ᠵᠤᠬ᠋ᠠ ᠪᠠᠨ ᠬᠠᠶ᠋ᠢᠷᠠᠯᠠᠭᠰᠠᠨ
ᠥᠷᠪᠥᠭᠡᠷ ᠭᠡᠵᠢᠭᠡ ᠲᠡᠢ ᠨᠢᠯᠬ᠎ᠠ ᠨᠠᠮ᠎ᠠ ᠶ᠋ᠢ
ᠡᠷ᠎ᠡ ᠶ᠋ᠢᠨ ᠬᠡᠶ᠋ᠢᠮᠣᠷᠢ ᠳ᠋ᠤ᠌ ᠳᠥᠷᠥᠭᠡ ᠭᠢᠰᠭᠢᠭᠦᠯᠦᠭᠰᠡᠨ ᠃
ᠥᠲᠡᠯᠦᠭᠡ ᠪᠠᠭᠰᠢ ᠶ᠋ᠢᠨ ᠨᠠᠰᠤᠨ ᠪ ᠦᠢᠯᠡᠰ
ᠥᠰᠪᠥᠷᠢ ᠶ᠋ᠢᠨ ᠰᠤᠷᠤᠭᠴᠢᠳ ᠲᠤ ᠬᠠᠶ᠋ᠢᠷ᠎ᠠ ᠪᠠᠨ ᠶᠡᠭᠦᠯᠡᠭᠰᠡᠨ
ᠡᠮᠨᠢᠭ ᠳᠠᠬ᠋ᠠ ᠰᠢᠭ᠋ ᠠᠯᠢᠶ᠎ᠠ ᠪᠢ ᠴᠦ᠍
ᠡᠷᠲᠡᠮ ᠦ᠋ᠨ ᠬᠠᠷᠭᠤᠢ ᠶ᠋ᠢ ᠵᠣᠯ ᠲᠠᠢ ᠡᠯᠭᠦᠭᠰᠡᠨ
ᠬᠠᠪᠤᠷ ᠦ᠋ᠨ ᠬᠠᠪᠤᠷ ᠵᠤᠭᠠᠯᠠᠭᠰᠠᠭᠠᠷ
ᠬᠠᠶ᠋ᠢᠷᠠᠨ ᠱᠠᠩᠰᠢ ᠠᠷᠬ᠋᠎ᠠ ᠦᠭᠡᠢ ᠥᠲᠡᠯᠴᠢᠬᠡᠵᠡᠢ
ᠬᠢᠷ᠎ᠠ ᠳᠡᠭᠡᠷ᠎ᠡ ᠦᠨᠳᠦᠰᠦᠯᠡᠭᠰᠡᠨ ᠴᠦ᠍ ᠬᠠᠵᠠᠶ᠋ᠢᠬᠤ ᠦᠭᠡᠢ ᠰᠥᠰᠥ
ᠬᠠᠶ᠋ᠢᠯᠠᠰᠤ ᠨᠡᠷ᠎ᠡ ᠶ᠋ᠢ ᠮᠥᠩᠬᠡᠲᠡ ᠰᠡᠬᠦᠶ᠋ᠢᠯᠭᠡᠵᠡᠢ ᠃
ᠬᠣᠶ᠋ᠢᠨᠠᠬᠢ ᠬᠥᠮᠦᠰ ᠲᠦ ᠪᠡᠨ ᠶᠡᠨᠲᠡᠷ ᠪᠣᠯᠤᠭᠰᠠᠨ ᠪᠠᠭᠰᠢ ᠶ᠋ᠢᠨ
ᠬᠠᠨᠠᠭᠠᠷ ᠨᠢᠷᠤᠭᠤ ᠨᠢ ᠨᠠᠶ᠋ᠢᠷ ᠦᠭᠡᠢ ᠪᠦᠭᠳᠦᠢᠴᠢᠭᠡᠵᠡᠢ
ᠬᠠᠷᠠᠯᠠᠬᠠᠨ ᠭᠡᠵᠢᠭᠡ ᠨᠢ ᠣ ᠶ᠋ᠢᠨ ᠪᠢᠷ ᠲᠤ ᠴᠠᠶ᠋ᠢᠬᠰᠠᠨ ᠴᠦ᠍
ᠬᠦᠨᠲᠦᠲᠦ ᠳᠦᠷᠢ ᠨᠢ ᠮᠠᠨ ᠪ ᠰᠡᠤᠠᠬᠢᠯ ᠳ᠋ᠤ᠌ ᠱᠤᠭᠤᠭᠲᠠᠵᠠᠢ ᠃
ᠦᠰᠦᠭ ᠠᠮᠢᠯᠠᠭᠤᠯᠤᠭᠴᠢ ᠄ ᠭᠠᠷᠮᠠ᠋
ᠬᠢᠨᠠᠭᠴᠢ ᠄ ᠣᠤᠠᠬᠠᠨᠰᠣ᠎ᠠ
