ᠬᠣᠶᠠᠷ ᠶᠣᠬᠲᠠ ᠦᠯᠢᠭᠡᠷ( ᠬᠡᠯᠡ ᠪᠢᠴᠢᠭ – ᠶᠢᠰᠦᠳᠦᠭᠡᠷ ᠳᠡᠪᠲᠡᠷ)Хоёр ёгт үлгэр( Хэл бичиг – Есдүгээр дэвтэр)
ᠬᠣᠶᠠᠷ ᠶᠣᠬᠲᠠ ᠦᠯᠢᠭᠡᠷ
ᠡᠷᠡᠭᠴᠢᠨ ᠲᠠᠬᠢᠶ᠎ᠠ ᠪᠠ ᠨᠤᠭᠤᠰᠤ
ᠨᠢᠭᠡᠨ ᠡᠳᠦᠷ ᠡᠷᠡᠭᠴᠢᠨ ᠲᠠᠬᠢᠶ᠎ᠠ ᠨᠤᠭᠤᠰᠤ ᠬᠣᠶᠠᠭᠤᠯᠠ ᠭᠣᠣᠯ ᠤ᠋ᠨ ᠬᠥᠪᠡᠭᠡ ᠪᠡᠷ ᠵᠤᠭᠠᠴᠠᠨ ᠶᠠᠪᠤᠬᠤ ᠳ᠋ᠠᠭᠠᠨ ᠡᠷᠡᠭᠴᠢᠨ ᠲᠠᠬᠢᠶ᠎ᠠ ᠥᠪᠡᠷ ᠦ᠋ᠨ ᠪᠡᠶ᠎ᠡ ᠪᠡᠨ ᠭᠤᠸ᠋᠎ᠠ ᠦᠵᠡᠰᠬᠦᠯᠡᠩ ᠭᠡᠵᠦ ᠮᠠᠭᠲᠠᠨ ᠨᠤᠭᠤᠰᠤ ᠶ᠋ᠢ ᠳᠣᠭᠣᠭᠢᠯᠠᠵᠤ᠄《 ᠴᠢᠨᠦ ᠬᠣᠶᠠᠷ ᠲᠠᠪᠠᠭ ᠴᠢᠨᠢ ᠶᠠᠭ ᠯᠠ ᠮᠣᠳᠣᠨ ᠨᠠᠪᠴᠢ ᠰᠢᠭ᠋ ᠫᠠᠯᠬᠠᠭᠠᠷ᠂ ᠵᠠᠮ ᠶᠠᠪᠤᠬᠤ ᠳ᠋ᠠᠭᠠᠨ ᠴᠤ᠌ ᠬᠠᠶ᠋ᠢᠪᠠᠩ ᠳᠠᠶ᠋ᠢᠪᠠᠩ ᠰᠠᠵᠢᠯᠠᠭᠠᠳ ᠦᠵᠡᠬᠦ ᠳ᠋ᠦ᠍ ᠬᠠᠴᠢᠨ ᠮᠠᠭᠤᠬᠠᠢ ᠰᠢᠲᠠ ! 》ᠭᠡᠵᠦ ᠬᠡᠯᠡᠪᠡ᠃
ᠡᠭᠦᠨ ᠳ᠋ᠦ᠍ ᠨᠤᠭᠤᠰᠤ᠄《 ᠲᠠ ᠴᠢᠨᠢ ᠦᠵᠡᠰᠬᠦᠯᠡᠩᠲᠦ ᠰᠠᠢᠬᠠᠨ ᠬᠣᠶᠠᠷ ᠵᠢᠭᠦᠷ ᠲᠡᠢ ᠪᠣᠯᠬᠣᠷ ᠯᠠᠪ ᠥᠨᠳᠥᠷ ᠣᠭᠲᠠᠷᠭᠤᠢ ᠳ᠋ᠤ᠌ ᠬᠠᠯᠢᠨ ᠨᠢᠰᠴᠦ ᠴᠢᠳᠠᠬᠤ ᠪᠠᠶ᠋ᠢᠬᠤ ᠠ᠋ ! 》ᠭᠡᠰᠡᠨ ᠳ᠋ᠦ᠍ ᠡᠷᠡᠭᠴᠢᠨ ᠲᠠᠬᠢᠶ᠎ᠠ ᠥᠪᠡᠷ ᠦ᠋ᠨ ᠮᠥᠴᠢᠳ ᠲᠠᠯ᠎ᠠ ᠪᠠᠨ ᠵᠥᠪᠰᠢᠶᠡᠷᠡᠬᠦ ᠳᠤᠷ᠎ᠠ ᠦᠭᠡᠢ᠂ ᠴᠢᠳᠠᠯ ᠢ᠋ᠶ᠋ᠠᠨ ᠭᠠᠶ᠋ᠢᠬᠠᠭᠤᠯᠬᠤ ᠭᠡᠵᠦ ᠬᠣᠶᠠᠷ ᠬᠥᠯ ᠢ᠋ᠶ᠋ᠡᠨ ᠬᠦᠴᠦᠲᠡᠢ ᠢᠰᠬᠦᠴᠡᠵᠦ ᠭᠣᠣᠯ ᠤ᠋ᠨ ᠨᠠᠭᠠᠳᠤ ᠡᠷᠭᠢ ᠡᠴᠡ ᠴᠠᠭᠠᠳᠤ ᠡᠷᠭᠢ ᠥᠭᠡᠳᠡ ᠵᠢᠭᠦᠷ ᠳᠡᠯᠭᠡᠨ ᠨᠢᠰᠦᠯ᠎ᠡ᠃ ᠲᠡᠷᠡ ᠨᠢᠰᠦᠭᠰᠡᠭᠡᠷ ᠭᠣᠣᠯ ᠤ᠋ᠨ ᠳᠤᠮᠳᠠ ᠬᠦᠷᠦᠭᠡᠳ ᠴᠢᠨᠠᠭᠰᠢ ᠨᠢᠰᠴᠦ ᠳᠡᠶ᠋ᠢᠯᠬᠦ ᠦᠭᠡᠢ ᠪᠣᠯᠵᠤ ᠭᠣᠣᠯ ᠳ᠋ᠤ᠌ ᠤᠨᠠᠵᠠᠢ᠃ ᠲᠡᠷᠡ ᠤᠮᠪᠠᠬᠤ ᠭᠡᠳ ᠤᠮᠪᠠᠵᠤ ᠴᠢᠳᠠᠬᠤ ᠦᠭᠡᠢ᠂ ᠨᠢᠰᠬᠦ ᠭᠡᠳ ᠨᠢᠰᠴᠦ ᠳᠡᠶ᠋ᠢᠯᠬᠦ ᠦᠭᠡᠢ᠂ ᠰᠠᠨᠳᠤᠷᠬᠤ ᠳ᠋ᠠᠭᠠᠨ ᠠᠮᠢ ᠠᠪᠤᠷᠠ ! ᠭᠡᠵᠦ ᠡᠷᠢᠶᠡᠨ ᠮᠡᠷᠢᠶᠡᠨ ᠢ᠋ᠶ᠋ᠡᠷ ᠬᠠᠰᠬᠢᠷᠪᠠ᠃
ᠡᠨᠡ ᠦᠶ᠎ᠡ ᠳ᠋ᠦ᠍ ᠨᠤᠭᠤᠰᠤ ᠭᠣᠣᠯ ᠳᠤᠮᠳᠠ ᠤᠮᠪᠠᠵᠤ ᠬᠦᠷᠦᠭᠡᠳ ᠡᠷᠡᠭᠴᠢᠨ ᠲᠠᠬᠢᠶ᠎ᠠ ᠶ᠋ᠢ ᠠᠪᠤᠷᠠᠵᠤ ᠭᠠᠷᠭᠠᠬᠰᠠ ᠤ ᠳᠠᠷᠠᠭ᠎ᠠ ᠲᠡᠭᠦᠨ ᠦ᠌ ᠵᠦᠭ᠄《 ᠦᠵᠡᠬᠦ ᠳ᠋ᠦ᠍ ᠮᠠᠭᠤᠬᠠᠢ ᠡᠨᠡ ᠬᠣᠶᠠᠷ ᠮᠠᠭᠤ ᠫᠠᠯᠬᠠᠭᠠᠷ ᠲᠠᠪᠠᠭ ᠤ᠋ᠨ ᠠᠴᠢ ᠪᠠᠷ ᠲᠠᠨ ᠊ᠢ ᠠᠪᠤᠷᠠᠵᠤ ᠭᠠᠷᠭᠠᠯ᠎ᠠ ᠰᠢᠦ ! 》ᠭᠡᠵᠦ ᠬᠡᠯᠡᠭᠰᠡᠨ ᠳ᠋ᠦ᠍ ᠡᠷᠡᠭᠴᠢᠨ ᠲᠠᠬᠢᠶ᠎ᠠ ᠴᠢᠷᠠᠢ ᠪᠠᠨ ᠤᠯᠠᠶ᠋ᠢᠯᠭᠠᠵᠤ ᠶᠡᠬᠡᠯ᠎ᠡ ᠢᠴᠡᠨᠭᠭᠦᠷᠡᠭᠰᠡᠨ ᠭᠡᠨ᠎ᠡ᠃
ᠲᠡᠭᠦᠨ ᠡᠴᠡ ᠬᠣᠶ᠋ᠢᠰᠢ ᠡᠷᠡᠭᠴᠢᠨ ᠲᠠᠬᠢᠶ᠎ᠠ ᠠᠶᠤᠮᠰᠢᠭ ᠦᠭᠡᠢ ᠥᠪᠡᠷ ᠦ᠋ᠨ ᠪᠡᠶ᠎ᠡ ᠪᠡᠨ ᠮᠠᠭᠲᠠᠨ ᠭᠠᠶ᠋ᠢᠬᠠᠭᠤᠯᠬᠤ ᠪᠠᠨ ᠪᠣᠯᠢᠵᠠᠢ᠃
ᠮᠥᠩᠭᠥᠨ ᠦ᠌ ᠬᠣᠷᠣᠬᠠᠢ
ᠡᠷᠲᠡ ᠤᠷᠢᠳᠤ ᠶ᠋ᠢᠨ ᠴᠠᠭ ᠲᠤ᠌ ᠤᠯᠠᠷᠢᠭᠰᠠᠨ ᠲᠥᠷᠥ ᠶ᠋ᠢᠨ ᠦᠶ᠎ᠡ ᠳ᠋ᠦ᠍ ᠪᠠᠶᠠᠷ ᠭᠡᠳᠡᠭ ᠨᠡᠷ᠎ᠡ ᠲᠡᠢ ᠪᠠᠶᠠᠯᠢᠭ ᠨᠢᠭᠡ ᠬᠥᠮᠦᠨ ᠪᠠᠶ᠋ᠢᠵᠠᠢ᠃ ᠥᠪᠡᠷ ᠦ᠋ᠨ ᠭᠡᠬᠦ ᠬᠠᠨᠢ ᠦᠭᠡᠢ᠂ ᠥᠭᠡᠷ᠎ᠡ ᠰᠠᠳᠤᠨ ᠨᠢᠭᠡ ᠴᠦ᠍ ᠦᠭᠡᠢ᠂ ᠭᠠᠯ ᠭᠣᠯᠣᠮᠲᠠ ᠰᠠᠬᠢᠬᠤ ᠭᠠᠭᠴᠠ ᠲᠡᠨᠡᠭ ᠬᠥᠪᠡᠭᠦᠨ ᠲᠡᠢ ᠭᠡᠨ᠎ᠡ᠃
ᠡᠨᠡ ᠪᠠᠶᠠᠨ ᠠᠵᠢᠯ ᠬᠥᠳᠡᠯᠮᠦᠷᠢ ᠶ᠋ᠢ ᠡᠷᠬᠢᠯᠡᠳᠡᠭ ᠦᠭᠡᠢ᠂ ᠠᠷᠠᠯᠵᠢᠶ᠎ᠠ ᠰᠣᠯᠢᠶ᠎ᠠ ᠶ᠋ᠢ ᠭᠣᠣᠯᠯᠠᠵᠤ᠂ ᠠᠰᠢᠭ ᠣᠯᠵᠤ ᠣᠯᠤᠭᠰᠠᠭᠠᠷ ᠨᠡᠯᠢᠶᠡᠳ ᠬᠥᠷᠥᠩᠭᠡ ᠬᠣᠭᠰᠢᠯ ᠲᠠᠢ ᠪᠣᠯᠵᠠᠢ᠃ ᠡᠳ᠋ ᠮᠥᠩᠭᠥᠨ ᠳ᠋ᠦ᠍ ᠶᠡᠬᠡ ᠰᠢᠨᠤᠬᠠᠢ ᠲᠤᠯᠠ《 ᠮᠥᠩᠭᠥᠨ ᠦ᠌ ᠬᠣᠷᠣᠬᠠᠢ 》ᠭᠡᠰᠡᠨ ᠮᠥᠩᠬᠡ ᠶ᠋ᠢᠨ ᠬᠣᠴᠢ ᠲᠠᠢ ᠪᠣᠯᠤᠭᠰᠠᠨ ᠭᠡᠨ᠎ᠡ᠃
《 ᠮᠥᠩᠭᠥᠨ ᠦ᠌ ᠬᠣᠷᠣᠬᠠᠢ 》ᠨᠢᠭᠡᠨ ᠤᠳᠠᠭ᠎ᠠ ᠬᠣᠲᠠ ᠳ᠋ᠤ᠌ ᠣᠷᠣᠭᠰᠠᠨ ᠳ᠋ᠠᠭᠠᠨ ᠲᠦᠯᠡᠭᠡ ᠮᠣᠳᠣ ᠬᠤᠳᠠᠯᠳᠤᠵᠤ ᠪᠠᠶ᠋ᠢᠬᠤ ᠬᠥᠮᠦᠰ ᠊ᠢ ᠦᠵᠡᠭᠡᠳ᠂ ᠠᠰᠢᠭ ᠣᠯᠵᠠ ᠣᠯᠬᠤ ᠳ᠋ᠤ᠌ ᠠᠮᠤᠷ ᠬᠢᠯᠪᠠᠷ ᠠᠵᠢᠯ ᠭᠡᠵᠦ ᠳᠤᠷᠠᠯᠠᠭᠠᠳ ᠬᠠᠷᠢᠵᠤ ᠢᠷᠡᠭᠰᠡᠨ ᠤ᠋ ᠬᠣᠶ᠋ᠢᠨ᠎ᠠ ᠬᠠᠳᠤᠭᠤᠷ ᠰᠦᠬᠡ ᠪᠡᠯᠡᠳᠬᠡᠭᠡᠳ᠂ ᠲᠡᠨᠡᠭ ᠬᠥᠪᠡᠭᠦᠨ ᠢ᠋ᠶ᠋ᠡᠨ ᠳᠠᠭᠠᠭᠤᠯᠤᠨ᠂ ᠲᠡᠷᠡ ᠳᠠᠷᠤᠶ᠋ᠢᠬᠠᠨ ᠠᠭᠤᠯᠠᠨ ᠳ᠋ᠤ᠌ ᠭᠠᠷᠤᠭᠠᠳ᠂ ᠬᠠᠭᠤᠷᠠᠢ ᠲᠦᠯᠡᠭᠡ ᠡᠷᠢᠵᠦ ᠬᠤᠪᠠᠬᠠᠢ ᠦᠨᠳᠦᠰᠦ ᠴᠠᠪᠴᠢᠯᠠᠭᠰᠠᠭᠠᠷ ᠡᠴᠢᠭᠡ ᠬᠥᠪᠡᠭᠦᠨ ᠬᠣᠶᠠᠭᠤᠯᠠ ᠡᠷᠭᠢ ᠭᠣᠣ ᠶ᠋ᠢ ᠬᠡᠭᠵᠢᠨ᠂ ᠬᠣᠯᠠ ᠡᠰᠡ ᠪᠣᠯᠪᠠᠴᠤ ᠬᠣᠭᠣᠷᠣᠨᠳᠣ ᠪᠠᠨ ᠵᠠᠶ᠋ᠢᠲᠠᠢ ᠶᠠᠪᠤᠵᠠᠢ᠃
ᠡᠨᠡ ᠦᠶ᠎ᠡ ᠳ᠋ᠦ᠍ ᠠᠭᠤᠯᠠ ᠶ᠋ᠢᠨ ᠬᠠᠪᠴᠢᠯ ᠠ᠋ᠴᠠ ᠨᠢᠭᠡᠨ ᠲᠣᠮᠣ ᠪᠠᠷᠰ ᠦᠰᠦᠷᠦᠨ ᠭᠠᠷᠴᠤ ᠢᠷᠡᠭᠡᠳ᠂ ᠴᠢᠬᠢ ᠪᠡᠨ ᠬᠤᠯᠮᠠᠶ᠋ᠢᠵᠤ᠂ ᠪᠡᠶ᠎ᠡ ᠪᠡᠨ ᠬᠤᠷᠢᠶᠠᠭᠠᠳ᠂ ᠠᠷᠬᠢᠷᠠᠨ ᠵᠣᠭᠰᠣᠵᠤ ᠪᠠᠶ᠋ᠢᠬᠰᠠᠨ ᠳ᠋ᠤ᠌ 《 ᠮᠥᠩᠭᠥᠨ ᠦ᠌ ᠬᠣᠷᠣᠬᠠᠢ 》ᠰᠠᠨᠳᠤᠷᠬᠤ ᠳ᠋ᠠᠭᠠᠨ ᠪᠡᠶ᠎ᠡ ᠪᠡᠨ ᠳᠠᠯᠳᠠᠯᠠᠨ ᠬᠠᠳᠠᠨ ᠤ᠋ ᠵᠠᠪᠰᠠᠷ ᠲᠤ᠌ ᠣᠷᠣᠵᠤ ᠬᠠᠯᠲᠤ ᠮᠥᠯᠲᠥ ᠬᠡᠪᠲᠡᠵᠡᠢ᠃ ᠲᠣᠭᠰᠢᠨ ᠪᠠᠷᠰ ᠤᠳᠠᠯ ᠦᠭᠡᠢ ᠪᠠᠭᠤᠵᠤ ᠢᠷᠡᠭᠡᠳ᠂ ᠡᠮᠦᠨ᠎ᠡ ᠬᠥᠯ ᠢ᠋ᠶ᠋ᠡᠷ ᠢ᠋ᠶ᠋ᠡᠨ ᠪᠡᠶ᠎ᠡ ᠶ᠋ᠢ ᠨᠢ ᠳᠠᠷᠤᠵᠤ᠂ ᠡᠪᠴᠢᠭᠦᠦ ᠲᠣᠯᠣᠭᠠᠢ ᠶ᠋ᠢ ᠨᠢ ᠦᠨᠦᠷᠯᠡᠵᠡᠢ᠃ ᠡᠭᠦᠨ ᠳ᠋ᠦ᠍ 《 ᠮᠥᠩᠭᠥᠨ ᠦ᠌ ᠬᠣᠷᠣᠬᠠᠢ 》 ᠤᠬᠠᠭᠠᠨ ᠪᠠᠯᠠᠷᠠᠨ ᠬᠡᠯᠮᠡᠭᠳᠡᠵᠦ《 ᠠᠮᠢ ᠠᠪᠤᠷᠠ ! 》 ᠭᠡᠮᠡᠨ ᠥᠨᠳᠥᠷ ᠳᠠᠭᠤᠨ ᠢ᠋ᠶ᠋ᠠᠷ ᠪᠠᠷᠬᠢᠷᠠᠭᠰᠠᠨ ᠳ᠋ᠤ᠌ ᠲᠡᠨᠡᠭ ᠬᠥᠪᠡᠭᠦᠨ ᠨᠢ ᠳᠠᠭᠤ ᠶ᠋ᠢ ᠨᠢ ᠰᠣᠨᠣᠰᠤᠭᠠᠳ᠂ ᠰᠦᠬᠡ ᠪᠡᠨ ᠪᠠᠷᠢᠭᠰᠠᠭᠠᠷ ᠳᠠᠪᠬᠢᠵᠤ ᠢᠷᠡᠵᠡᠢ᠃ ᠡᠴᠢᠭᠡ ᠨᠢ ᠪᠠᠷᠰ ᠤ᠋ᠨ ᠬᠥᠯ ᠳᠣᠣᠷ᠎ᠠ ᠪᠠᠷᠬᠢᠷᠠᠵᠤ ᠪᠠᠶ᠋ᠢᠬᠰᠠᠨ ᠪᠣᠯᠬᠣᠷ ᠰᠠᠯᠭᠠᠶ᠎ᠠ ᠭᠡᠵᠦ ᠰᠠᠨᠳᠤᠷᠬᠤ ᠳ᠋ᠠᠭᠠᠨ ᠪᠠᠷᠢᠵᠤ ᠢᠷᠡᠭᠰᠡᠨ ᠰᠦᠬᠡ ᠪᠡᠨ ᠪᠠᠷᠰ ᠤ᠋ᠨ ᠥᠭᠡᠳᠡ ᠡᠴᠡ ᠳᠠᠯᠠᠶ᠋ᠢᠬᠰᠠᠨ ᠳ᠋ᠤ᠌《 ᠬᠥᠶᠢ ᠬᠦᠦ ᠮᠢᠨᠢ᠂ ᠪᠠᠷᠰ ᠤ᠋ᠨ ᠠᠷᠠᠰᠤ ᠶ᠋ᠢ ᠪᠦᠲᠦᠨ ᠢ᠋ᠶ᠋ᠡᠷ ᠨᠢ ᠠᠪᠴᠤ ᠬᠤᠳᠠᠯᠳᠤᠪᠠᠯ ᠶᠡᠬᠡ ᠦᠨ᠎ᠡ ᠬᠦᠷᠦᠨ᠎ᠡ ᠭᠡᠨ᠎ᠡ ᠰᠢᠦ 》ᠭᠡᠵᠦ ᠡᠴᠢᠭᠡ ᠨᠢ ᠬᠡᠯᠡᠵᠡᠢ᠃ ᠡᠭᠦᠨ ᠳ᠋ᠦ᠍ ᠲᠡᠨᠡᠭ ᠬᠦᠦ ᠨᠢ ᠡᠨᠡ ᠦᠭᠡ ᠵᠦᠢᠲᠡᠢ ᠭᠡᠵᠦ ᠪᠣᠳᠣᠭᠠᠳ᠂ ᠪᠤᠴᠠᠨ ᠶᠠᠪᠤᠵᠤ ᠲᠦᠯᠡᠭᠡ ᠪᠣᠭᠣᠬᠤ ᠳᠡᠭᠡᠰᠦ ᠪᠡᠨ ᠣᠯᠵᠤ ᠠᠪᠤᠭᠠᠳ ᠢᠷᠡᠬᠦᠯ᠎ᠡ《 ᠮᠥᠩᠭᠥᠨ ᠦ᠌ ᠬᠣᠷᠣᠬᠠᠢ 》 ᠶ᠋ᠢᠨ ᠲᠣᠯᠣᠭᠠᠢ ᠶ᠋ᠢ ᠬᠡᠲᠦᠶ᠋ᠢᠨᠡᠢ ᠬᠠᠭ᠎ᠠ ᠬᠠᠵᠠᠵᠤ ᠪᠠᠯᠪᠠᠯᠠᠭᠠᠳ ᠪᠡᠶ᠎ᠡ ᠶ᠋ᠢ ᠨᠢ ᠵᠠᠭᠤᠭᠠᠳ᠂ ᠠᠭᠤᠯᠠ ᠶ᠋ᠢᠨ ᠣᠷᠣᠢ ᠥᠭᠡᠳᠡ ᠠᠪᠠᠷᠢᠵᠤ ᠪᠠᠶ᠋ᠢᠬᠰᠠᠨ ᠭᠡᠨ᠎ᠡ ᠃
ᠢᠷᠡᠯᠲᠡ ᠄
ᠲᠠᠪᠤᠨ ᠵᠢᠯ ᠦ᠋ᠨ ᠳᠦᠷᠢᠮᠲᠦ ᠪᠠᠭ᠎ᠠ ᠰᠤᠷᠭᠠᠭᠤᠯᠢ ᠳ᠋ᠤ᠌ ᠦᠵᠡᠬᠦ < ᠬᠡᠯᠡ ᠪᠢᠴᠢᠭ > ᠶᠢᠰᠦᠳᠦᠭᠡᠷ ᠳᠡᠪᠲᠡᠷ ※
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠨᠠᠶ᠋ᠢᠷᠠᠭᠤᠯᠤᠨ ᠬᠡᠪᠯᠡᠭᠦᠯᠪᠡ
ᠥᠪᠥᠷ ᠮᠣᠩᠭᠣᠯ ᠤ᠋ᠨ ᠰᠢᠨᠬᠤᠸᠠ ᠨᠣᠮ ᠤ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠤ᠋ᠨ ᠮᠣᠩᠭᠣᠯ ᠪᠢᠴᠢᠭ ᠬᠡᠪᠯᠡᠬᠦ ᠦᠢᠯᠡᠳᠪᠦᠷᠢ ᠬᠡᠪᠯᠡᠪᠡ
1981 ᠣᠨ ᠤ᠋ 5 ᠰᠠᠷ᠎ᠠ ᠳ᠋ᠤ᠌ ᠬᠣᠶᠠᠳᠤᠭᠠᠷ ᠬᠡᠪ ᠢ᠋ ᠬᠢᠪᠡ
1984 ᠣᠨ ᠤ᠋ 4 ᠰᠠᠷ᠎ᠠ ᠳ᠋ᠤ᠌ ᠳᠥᠷᠪᠡᠳᠦᠭᠡᠷ ᠤᠳᠠᠭ᠎ᠠ ᠶ᠋ᠢᠨ ᠬᠡᠪᠯᠡᠯ ᠡᠴᠡ ᠰᠣᠩᠭᠣᠪᠠ ᠃
ᠦᠰᠦᠭ ᠠᠮᠢᠯᠠᠭᠤᠯᠤᠭᠴᠢ ᠄ ᠨᠠᠷᠠᠨᠰᠣᠶᠣᠯ
ᠬᠢᠨᠠᠭᠴᠢ ᠄ ᠲᠣ᠋ · ᠨᠠᠨᠳᠢᠨ
2023᠂ 03᠂ 21
