ᠴᠢ᠊ ᠂ ᠮᠡᠷᠭᠡᠨ ᠦ ᠵᠠᠳᠠᠭᠠᠢ ᠰᠢᠯᠦᠭ ᠦᠳ Ч ᠂Мэргэний задгай шүлгүүд
ᠴᠢ᠊ ᠂ ᠮᠡᠷᠭᠡᠨ ᠦ ᠵᠠᠳᠠᠭᠠᠢ ᠰᠢᠯᠦᠭ ᠦᠳ
ᠵᠠᠮ ᠤ᠋ᠨ ᠤᠯᠢᠶᠠᠰᠤ
ᠵᠣᠷᠢᠭ ᠴᠢᠨᠢ ᠲᠡᠮᠦᠷ ᠮᠡᠲᠦ ᠬᠠᠲᠠᠭᠤ ᠂ ᠵᠣᠭᠰᠣᠯᠲᠠ ᠴᠢᠨᠢ ᠠᠭᠤᠯᠠ ᠮᠡᠲᠦ ᠪᠠᠲᠤ ᠂ ᠥᠷᠭᠡᠨ ᠵᠠᠮ ᠤ᠋ᠨ ᠬᠠᠵᠠᠭᠤ ᠳ᠋ᠤ᠌ ᠰᠢᠭᠦᠷ ᠡᠷᠭᠦᠨ ᠵᠣᠭᠰᠣᠭᠠᠳ ᠂ ᠥᠷᠥᠭᠡᠯ ᠪᠤᠰᠤᠳ ᠲᠤ᠌ ᠰᠡᠭᠦᠳᠡᠷ ᠢ᠋ᠶ᠋ᠡᠨ ᠬᠦᠷᠭᠡᠵᠦ ᠂ ᠥᠪᠡᠷ ᠲᠡᠭᠡᠨ ᠬᠠᠷᠢᠨ ᠨᠠᠷᠠᠨ ᠳ᠋ᠤ᠌ ᠰᠢᠷᠠᠭᠳᠠᠨᠠ ᠃
ᠭᠠᠯᠲᠤ ᠠᠭᠤᠯᠠ
ᠲᠣᠪ ᠳᠤᠭᠤᠢ ᠯᠠ ᠂ ᠲᠣᠪ ᠳᠤᠭᠤᠢ ᠯᠠ ᠪᠠᠢᠭᠰᠠᠨ ᠴᠤ᠌ ᠳᠤᠤᠭᠠᠷᠬᠤ ᠴᠠᠭ ᠨᠢ ᠪᠣᠯᠪᠠᠯ ᠳᠠᠶᠠᠩ ᠳᠡᠯᠡᠬᠡᠢ ᠶ᠋ᠢ ᠳᠣᠩᠰᠣᠯᠭᠠᠳᠠᠭ ᠃
ᠮᠣᠷᠢᠨ ᠬᠤᠭᠤᠷ ᠦᠨ ᠳᠠᠭᠤᠤ
ᠮᠤᠨᠢ ᠠᠭᠤᠯᠠ ᠶ᠋ᠢᠨ ᠴᠠᠰᠤ ᠨᠢ ᠬᠠᠢᠯᠤᠭᠠᠳ ᠮᠣᠩᠭᠣᠯ ᠨᠤᠲᠤᠭ ᠤ᠋ᠨ ᠬᠢᠷᠠᠭᠤ ᠨᠢ ᠲᠠᠰᠤᠷᠠᠪᠠ ᠃
ᠬᠦᠩᠭᠢᠨᠡᠲᠡᠯ᠎ᠡ ᠡᠭᠡᠰᠢᠭᠯᠡᠬᠦ ᠮᠣᠷᠢᠨ ᠬᠤᠭᠤᠷ ᠤ᠋ᠨ ᠬᠣᠭᠣᠯᠠᠢ ᠠ᠋ᠴᠠ ᠠᠯᠲᠠᠨ ᠭᠤᠷᠭᠤᠤᠯᠳᠠᠢ ᠶ᠋ᠢᠨ ᠳᠠᠭᠤᠨ ᠣᠨᠳᠣᠷᠴᠤ ᠂ ᠬᠥᠪᠪᠦᠯᠲᠡᠯᠡ ᠳᠠᠪᠬᠢᠬᠤ ᠮᠠᠯᠴᠢᠨ ᠲᠦᠮᠡᠨ ᠦ᠌ ᠬᠦᠯᠦᠭ ᠦ᠋ᠨ ᠲᠤᠭᠤᠷᠠᠢ ᠠ᠋ᠴᠠ ᠳᠥᠷᠪᠡᠨ ᠣᠳᠣᠬᠢᠴᠢᠯᠠᠯᠲᠠ ᠶ᠋ᠢᠨ ᠭᠡᠷᠡᠯᠲᠦ ᠰᠣᠯᠣᠩᠭ᠎ᠠ ᠲᠠᠲᠠᠵᠤ ᠭᠡᠭᠡᠨ ᠢᠷᠡᠭᠡᠳᠦᠢ ᠲᠣᠳᠣᠷᠠᠨ᠎ᠠ ᠃
ᠪᠢᠴᠢᠬᠠᠨ ᠨᠠᠭᠤᠷ
ᠬᠡᠪᠡᠯᠢ ᠨᠢ ᠨᠠᠷᠢᠬᠠᠨ ᠂ ᠤᠰᠤ ᠨᠢ ᠭᠦᠶᠦᠭᠡᠨ ᠪᠢᠴᠢᠬᠠᠨ ᠨᠠᠭᠤᠷ ᠬᠡᠵᠢᠶ᠎ᠡ ᠴᠦ᠍ ᠭᠡᠰᠡᠨ ᠰᠠᠪᠠ ᠪᠠᠨ ᠠᠯᠳᠠᠬᠤ ᠠ᠋ᠴᠠ ᠠᠶᠤᠵᠤ ᠪᠠᠢᠳᠠᠭ ᠲᠤᠯᠠ ᠨᠣᠮᠣᠬᠠᠨ ᠤᠷᠤᠰᠬᠠᠯ ᠲᠠᠢ ᠭᠣᠣᠯ ᠢ᠋ ᠴᠦ᠍ ᠳᠣᠣᠷ᠎ᠠ ᠪᠠᠨ ᠡᠰᠡ ᠠᠬᠤᠭᠤᠯᠵᠤ ᠂ ᠳᠣᠭᠰᠢᠨ ᠵᠠᠩ ᠲᠠᠢ ᠦᠶᠡᠷ ᠢ᠋ ᠴᠦ᠍ ᠳᠣᠲᠣᠷ᠎ᠠ ᠪᠠᠨ ᠡᠰᠡ ᠪᠠᠭᠲᠠᠭᠠᠨ᠎ᠠ ᠃ ᠡᠢᠮᠦ ᠡᠴᠡ ᠄
ᠠᠲᠠᠷ ᠤ᠋ᠨ ᠭᠣᠷᠣᠬ᠎ᠠ ᠵᠢᠷᠢᠯᠵᠡᠭᠡᠳ ᠢᠷᠡᠭᠰᠡᠨ ᠴᠦ᠍
ᠤᠷᠤᠰᠤᠭᠠᠳ ᠶᠠᠪᠤᠴᠢᠨᠠ ᠃
ᠠᠰᠬ᠎ᠠ ᠶ᠋ᠢᠨ ᠦᠶᠡᠷ ᠴᠢᠳᠬᠤᠭᠠᠳ ᠢᠷᠡᠭᠰᠡᠨ ᠴᠦ᠍
ᠬᠠᠯᠢᠭᠠᠳ ᠶᠠᠪᠤᠴᠢᠨᠠ ᠃
ᠠᠢ ! ᠬᠥᠭᠡᠷᠦᠬᠦᠢ ! ᠪᠠᠭᠲᠠᠭᠠᠮᠵᠢ ᠦᠭᠡᠢ ᠪᠢᠴᠢᠬᠠᠨ ᠨᠠᠭᠤᠷ ᠪᠠᠷᠠᠨ ᠪᠠᠷᠠᠲᠠᠯ᠎ᠠ ᠪᠠᠨ ᠪᠢᠴᠢᠬᠠᠨ ᠨᠠᠭᠤᠷ ᠢ᠋ᠶ᠋ᠠᠷ ᠢ᠋ᠶ᠋ᠠᠨ ᠰᠢᠦ ᠳᠡ᠃
ᠠᠭᠤᠯᠠ ᠶ᠋ᠢᠨ ᠰᠡᠭᠦᠳᠡᠷ
ᠠᠭᠤᠯᠠ ᠶ᠋ᠢᠨ ᠰᠡᠭᠦᠳᠡᠷ ––
ᠤᠷᠤᠰᠴᠤ ᠪᠠᠢᠭᠰᠠᠨ ᠭᠣᠷᠣᠭ᠎ᠠ ᠶ᠋ᠢᠨ
ᠳᠡᠭᠡᠷ᠎ᠡ ᠳᠠᠷᠤᠯ᠎ᠠ ᠂ ᠴᠠᠯᠭᠢᠭᠰᠠᠨ ᠴᠤ᠌ ᠦᠭᠡᠢ ᠃
ᠤᠷᠭᠤᠵᠤ ᠪᠠᠢᠭᠰᠠᠨ ᠡᠪᠡᠰᠦᠨ
ᠳᠡᠭᠡᠷ᠎ᠡ ᠳᠠᠷᠤᠯ᠎ᠠ ᠂ ᠪᠥᠬᠥᠢᠭᠰᠡᠨ ᠴᠦ᠍ ᠦᠭᠡᠢ ᠃
ᠬᠡᠢ ᠰᠦᠷ
ᠬᠡᠨ ᠢ᠋ ᠠᠶᠤᠯᠭᠠᠵᠤ ᠴᠢᠳᠠᠬᠤ ᠪᠢᠯᠡ ?!
