ᠠᠯᠠᠱᠠᠨ ᠨᠤᠲᠤᠭ ᠤ᠋ᠨ ᠡᠪᠦᠯ - ᠡᠨᠡᠷᠢᠯᠲᠦ Алшан нутгийн өвөл - Энэрэлт ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠱᠠᠨ ᠨᠤᠲᠤᠭ ᠤ᠋ᠨ ᠡᠪᠦᠯ - ᠡᠨᠡᠷᠢᠯᠲᠦ Алшан нутгийн өвөл - Энэрэлт

ᠠᠯᠠᠱᠠᠨ ᠨᠤᠲᠤᠭ ᠤ᠋ᠨ ᠡᠪᠦᠯ - ᠡᠨᠡᠷᠢᠯᠲᠦ Алшан нутгийн өвөл - Энэрэлт

2023-05-27

271

ᠠᠯᠠᠱᠠᠨ ᠨᠤᠲᠤᠭ ᠤ᠋ᠨ ᠡᠪᠦᠯ


            ᠮᠥᠩᠭᠥᠨ ᠡᠪᠦᠯ 

     ᠡᠩ ᠦᠭᠡᠢ ᠥᠷᠭᠡᠨ ᠠᠯᠠᠱᠠᠨ ᠳ᠋ᠤ᠌ ᠄ 
     ᠬᠥᠷ ᠴᠠᠰᠤ ᠲᠠᠢ ᠮᠥᠩᠭᠥᠨ ᠡᠪᠦᠯ  ᠢᠷᠡᠵᠡᠢ ᠃ 
     ᠬᠦᠢᠲᠡᠨ ᠰᠠᠯᠬᠢ ᠲᠠᠢ ᠲᠡᠰᠬᠢᠮ᠎ᠡ ᠡᠪᠦᠯ ᠢᠷᠡᠵᠡᠢ ᠃ ᠠᠭᠤᠯᠠ ᠶ᠋ᠢᠨ ᠣᠷᠣᠢ ᠴᠠᠰᠤ ᠨᠥᠮᠥᠷᠦᠭᠡᠳ ᠴᠠᠪ ᠴᠠᠭᠠᠨ ᠃ ᠤᠷᠭᠤᠭ᠎ᠠ ᠨᠠᠷᠠᠰᠤ ᠰᠠᠯᠬᠢ ᠰᠥᠷᠦᠭᠡᠳ ᠨᠣᠪ ᠨᠣᠭᠣᠭᠠᠨ ᠃ 
     ᠨᠠᠷᠠᠨ ᠮᠠᠨᠳᠤᠬᠤ ᠦᠶ᠎ᠡ ᠪᠡᠷ ᠨᠠᠢ᠍ᠮᠠᠨ ᠵᠣᠪᠬᠢᠰ ᠢ᠋ ᠠᠵᠢᠭᠯᠠᠪᠠᠯ ᠄ 
     ᠡᠪᠦᠯᠵᠢᠶᠡᠨ ᠳ᠋ᠡᠭᠡᠨ ᠣᠷᠣᠭᠰᠠᠨ ᠠᠢᠯ ᠤ᠋ᠳ ᠤ᠋ᠨ ᠦᠵᠡᠮᠵᠢ ᠪᠠᠢᠳᠠᠯ ᠲᠣᠳᠣᠷᠠᠨ᠎ᠠ ᠃ 
     ᠰᠢᠯᠢ ᠶ᠋ᠢᠨ ᠳᠡᠭᠡᠭᠦᠷ ᠰᠢᠷᠡᠭᠡ ᠪᠦᠬᠦ ᠲᠡᠢ ᠲᠡᠮᠡᠭᠡᠳ ᠢᠳᠡᠰᠢᠯᠡᠨ᠎ᠡ ᠃ ᠠᠩᠬ᠎ᠠ ᠠᠵᠢᠭᠯᠠᠬᠤ ᠳ᠋ᠤ᠌ ᠰᠢᠷᠭᠠᠯ ᠠᠭᠤᠯᠠᠰ ᠣᠪᠣᠯᠵᠠᠨ ᠬᠥᠳᠡᠯᠬᠦ ᠴᠦ᠍  ᠶᠦ᠍ᠮ  ᠰᠢᠭ ᠃  ᠬᠥᠨᠳᠡᠢ ᠶ᠋ᠢᠨ ᠳᠣᠲᠣᠷ᠎ᠠ ᠬᠣᠨᠢᠨ ᠰᠦᠷᠦᠭ ᠪᠡᠯᠴᠢᠨ᠎ᠡ ᠃ ᠬᠥᠪᠥᠩ ᠡᠭᠦᠯᠡᠰ ᠬᠡᠰᠡᠭᠯᠡᠨ ᠨᠡᠭᠦᠵᠦ ᠪᠠᠢᠭ᠎ᠠ ᠶᠤᠮ ᠰᠢᠭ᠋ ᠬᠠᠷᠠᠭᠳᠠᠨ᠎ᠠ ᠃ 
     ᠰᠢᠨ᠎ᠡ ᠪᠦᠷᠢᠶᠡᠰᠦ ᠲᠡᠢ ᠴᠠᠭᠠᠨ ᠭᠡᠷ ᠂ ᠰᠢᠨᠡᠳᠬᠡᠨ ᠵᠠᠰᠠᠭᠰᠠᠨ ᠬᠠᠰᠢᠶ᠎ᠠ ᠰᠠᠷᠠᠪᠴᠢ ᠂  ᠤᠭ᠍ᠶᠦᠨ ᠨᠣᠭᠣᠭᠠᠨ ᠡᠪᠡᠰᠦᠨ ᠣᠪᠣᠭ᠎ᠠ ᠂ ᠰᠠᠯᠬᠢᠨ ᠲᠡᠭᠡᠷᠮ᠎ᠡ ᠲᠡᠢ ᠴᠢᠷᠭ᠎ᠠ ᠬᠤᠳᠳᠤᠭ  ᠁ 
      ᠳᠤᠯᠠᠭᠠᠨ ᠡᠪᠦᠯᠵᠢᠶᠡᠨ ᠳ᠋ᠡᠭᠡᠨ ᠬᠥᠭᠰᠢᠳ ᠨᠠᠰᠤᠲᠠᠨ ᠨᠢ ᠵᠢᠷᠭᠠᠵᠤ ᠪᠠᠢᠬᠤ ᠳ᠋ᠤ᠌ ᠂ ᠬᠡᠦᠬᠡᠳ ᠪᠠᠭᠠᠴᠤᠳ ᠨᠢ ᠰᠤᠷᠭᠠᠭᠤᠯᠢ ᠪᠠᠨ ᠴᠢᠭᠯᠡᠭᠡᠳ ᠭᠦᠶᠦᠯᠳᠦᠨ᠎ᠡ ᠃ ᠬᠥᠭᠵᠢᠶᠡᠨᠲᠦ ᠵᠠᠯᠠᠭᠤᠰ ᠨᠢ ᠮᠠᠯ ᠵᠠᠨ ᠲᠠᠭᠤᠭᠠᠳ ᠳᠠᠭᠤᠯᠠᠯᠳᠤᠵᠤ ᠂ ᠡᠪᠦᠯᠵᠢᠶᠡᠨ ᠦ᠌ ᠬᠢᠨ ᠦ᠌ ᠨᠢᠭᠡ ᠡᠳᠦᠷ ᠦ᠋ᠨ ᠪᠠᠶᠠᠰᠬᠤᠯᠠᠩᠲᠤ ᠬᠥᠳᠡᠯᠮᠦᠷᠢ ᠡᠬᠢᠯᠡᠨ᠎ᠡ ᠃
      ᠠᠳᠠ ᠭᠠᠩᠳᠠᠭᠰᠠᠨ ᠪᠣᠯᠪᠠᠴᠤ ᠭᠠᠮᠰᠢᠭ ᠤ᠋ᠨ ᠮᠥᠷ ᠰᠡᠭᠦᠳᠡᠷ ᠬᠠᠷᠠᠭᠳᠠᠬᠤ ᠦᠭᠡᠢ ᠃ ᠭᠠᠭᠴᠠᠬᠦ ᠪᠠᠭᠠᠲᠤᠷ ᠬᠥᠳᠡᠯᠮᠦᠷᠢ ᠶ᠋ᠢᠨ ᠠᠮᠵᠢᠯᠲᠠ ᠢᠯᠠᠯᠲᠠ ᠪᠠᠷ ᠳᠦᠭᠦᠷᠦᠭᠡᠳ ᠂ ᠪᠠᠶᠠᠷ ᠤ᠋ᠨ ᠳᠠᠪᠠᠯᠭᠠᠨ ᠴᠡᠩᠭᠡᠯ ᠦ᠋ᠨ ᠳᠣᠯᠭᠢᠶᠠᠨ ᠰᠣᠯᠢᠪᠴᠢᠨ᠎ᠠ ᠃ 
      ᠠᠰᠢᠳᠠ ᠶ᠋ᠢᠨ ᠤᠯᠠᠭᠠᠨ ᠨᠠᠷᠠ ᠠᠮᠢᠯᠠᠯ ᠤ᠋ᠨ ᠢᠯᠴᠢ ᠶ᠋ᠢ ᠪᠠᠳᠠᠷᠠᠭᠤᠯᠵᠤ ᠪᠠᠢᠬᠤ ᠪᠣᠯᠬᠣᠷ ᠡᠩ ᠦᠭᠡᠢ ᠥᠷᠭᠡᠨ ᠠᠯᠠᠱᠠᠨ ᠳ᠋ᠤ᠌ ᠡᠪᠦᠯ ᠪᠣᠯᠤᠭᠰᠠᠨ ᠪᠣᠯᠪᠠᠴᠤ ᠂ ᠬᠥᠮᠦᠰ ᠦ᠋ᠨ ᠰᠡᠳᠬᠢᠯ ᠳ᠋ᠦ᠍ ᠬᠠᠪᠤᠷ ᠤ᠋ᠨ ᠤᠯᠠᠷᠢᠯ ᠮᠡᠲᠦ ᠰᠠᠢᠬᠠᠨ ᠰᠠᠨᠠᠭᠳᠠᠨ᠎ᠠ ᠃