ᠵᠢᠷᠮᠦᠰᠦᠨ ᠮᠠᠨᠠᠨ 〈 4 〉 - ᠲ ᠂ ᠭᠣᠮᠪᠣᠵᠠᠪ Жирэмсэн манан 〈 4 〉 - Т ᠂ Гомбожав ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠮᠦᠰᠦᠨ ᠮᠠᠨᠠᠨ 〈 4 〉 - ᠲ ᠂ ᠭᠣᠮᠪᠣᠵᠠᠪ Жирэмсэн манан 〈 4 〉 - Т ᠂ Гомбожав

ᠵᠢᠷᠮᠦᠰᠦᠨ ᠮᠠᠨᠠᠨ 〈 4 〉 - ᠲ ᠂ ᠭᠣᠮᠪᠣᠵᠠᠪ Жирэмсэн манан 〈 4 〉 - Т ᠂ Гомбожав

2023-05-27

227

ᠵᠢᠷᠮᠦᠰᠦᠨ ᠮᠠᠨᠠᠨ - 4


        ᠦᠨᠦᠴᠢᠨ ᠨᠤᠲ  

 ᠪᠢᠲᠡᠭᠦᠬᠡᠨ ᠭᠦᠬᠡᠷᠡᠬᠦ ᠮᠤᠳᠤᠨ ᠤ ᠰᠡᠭᠦᠳᠡᠷ ᠲᠦ᠂ ᠪᠢ 
 ᠪᠡᠶ᠎ᠡ ᠤᠷᠤᠭᠤ ᠪᠠᠨ ᠵᠢᠭᠤᠳᠠᠵᠤ ᠰᠠᠭᠤᠨ᠎ᠠ 

 ᠨᠢᠮᠬᠡᠨ ᠰᠢᠷ᠎ᠠ ᠰᠢᠭᠦᠷ 
 ᠨᠠᠮᠠᠢ᠍ᠢ ᠬᠥᠨᠳᠡᠶ᠋ᠢᠬᠡᠨ ᠦᠮᠦᠭᠯᠡᠵᠦ 
 ᠬᠤᠯᠠ ᠬᠠᠷᠠᠭᠳᠠᠵᠤ ᠣᠶ᠋ᠢᠷ᠎ᠠ ᠪᠠᠷᠢᠭᠳᠠᠬᠤ
 ᠠᠶᠤᠯ 
 ᠠᠮᠢᠰᠬᠤᠯ ᠪᠦᠬᠦᠨ ᠢ ᠮᠢᠨᠢ ᠡᠷᠴᠢᠮᠯᠡᠨ᠎ᠡ 

 ᠲᠡᠭᠦᠨ ᠦ ᠶᠡᠭᠦᠷᠡᠭᠦ ᠨᠢ 
 ᠳᠡᠰᠬᠡᠯ ‍ᠢᠶ᠋ᠠᠨ ᠳᠠᠪᠠᠭᠰᠠᠨ ᠭᠡᠳᠡᠭᠡ ᠶᠤᠮ 
 ᠬᠠᠮᠠᠷ ᠳᠠᠲᠠᠬᠤ ᠳᠠᠭᠤᠨ ᠤ ᠴᠠᠭᠠᠨ᠎ᠠ 
 ᠬᠠᠨ᠎ᠠ ᠶᠢᠨ ᠢᠷᠤᠭᠠᠷ ᠬᠥᠨᠳᠡᠶ᠋ᠢᠯᠡᠨ ᠤᠷᠤᠰᠬᠤ 
 ᠬᠠᠷᠠᠵᠠ ᠪᠤᠯᠠᠭ ᠢ ᠪᠢ 
 ᠴᠢᠰᠤᠨ ᠰᠤᠳᠠᠰᠤᠨ ᠤ ᠪᠠᠨ ᠱᠤᠤᠭᠢᠬᠤ ᠴᠢᠮᠡᠭᠡ ᠪᠡᠷ ᠮᠡᠳᠡᠭᠰᠡᠨ ᠶᠤᠮ 

 ᠫᠥᠷᠱ ᠨᠢ ᠬᠠᠷᠢᠭᠰᠠᠨ ᠴᠠᠭ ᠤᠨ ᠵᠡᠭᠥᠥ 
       ᠴᠠᠰᠢ ᠴᠦ᠍ ᠦᠭᠡᠢ 
       ᠨᠠᠰᠢ ᠴᠦ᠍ ᠦᠭᠡᠢ 
 ᠴᠡᠴᠡᠷᠡᠩᠬᠡᠨ ᠳᠡᠭᠦᠵᠢᠩᠨᠡᠵᠤ 
 ᠭᠦᠭᠡᠷᠡᠭᠦ ᠪᠡᠨ ᠮᠠᠷᠲᠠᠭᠰᠠᠨ ᠲᠡᠨᠡᠭ ᠮᠤᠳᠤᠨ 
 ᠬᠦᠭᠡᠷᠦᠬᠦᠢ᠂ ᠨᠢᠴᠦᠭᠦᠨ ᠢᠴᠢᠩᠭᠦᠷᠡᠯ ᠳᠡᠬᠡᠨ ᠪᠠᠶᠠᠰᠬᠤ ᠪᠢᠯᠡ 

 ᠡᠭᠦᠳᠡ ᠮᠠᠨᠠᠬᠤ ᠴᠢᠯᠠᠭᠤᠨ ᠠᠷᠰᠯᠠᠨ ᠤ 
 ᠡᠯᠡᠭᠳᠡᠭᠰᠡᠨ ᠰᠦᠷ 
 ᠡᠨᠡ ᠂ ᠵᠠᠪᠠᠯ ᠤᠩᠰᠢᠬᠤ ᠭᠢᠴᠢᠶᠡᠯ
 ᠨᠠᠮᠠᠢ᠍ᠢ ᠵᠤᠳᠤᠭᠰᠠᠨ ᠰᠢᠳᠠᠮ 
 ᠪᠢ 
 ᠤᠬᠢᠯᠠᠵᠤ ᠴᠢᠳᠠᠭᠰᠠᠨ ᠦᠭᠡᠢ ᠦᠨᠦᠴᠢᠨ ᠳᠤᠲᠠᠭᠠᠯ᠎ᠠ 

 ᠮᠢᠨᠤ ᠵᠢᠷᠤᠭᠰᠠᠨ 
 ᠦᠷᠦᠭᠡᠰᠦᠨ ᠤᠯᠠᠭᠠᠨ ᠱᠤᠭᠤᠮ 
 ᠶᠡᠬᠡ ᠲᠡᠤᠬᠡ ᠶᠢᠨ ᠱᠤᠤᠭᠢᠵᠤ ᠢᠷᠡᠬᠦ ᠴᠢᠭᠯᠡᠯ 
 ᠢᠨᠢᠶᠡᠩᠬᠡᠨ ᠳᠤᠷᠠᠶ᠋ᠢᠨ᠎ᠠ ᠠ᠋ 
 
      ᠡᠬᠡ ᠭᠠᠵᠠᠷ ‍ᠤᠨ ᠳᠠᠲᠠᠬᠤ ᠭᠥᠴᠥ 

 ᠪᠢ ᠠᠰᠠᠷ ᠵᠢᠷᠤᠯ᠎ᠠ 
 ––
 ᠬᠡᠮᠬᠡᠷᠡᠬᠦ ᠳᠠᠭᠤᠨ ᠠᠴᠠ ᠪᠠᠨ 
 ᠬᠡᠢ ᠪᠤᠯᠭᠢᠵᠤ ᠪᠤᠰᠤᠭᠰᠠᠨ ᠳᠠᠪᠠᠯᠭᠠᠨ 
 ᠮᠢᠨᠤ ᠤᠶᠤᠨᠴᠢ ᠲᠡᠨᠡᠭᠯᠡᠯ ᠢ 
 ᠡᠷᠭᠦᠵᠤ ᠴᠢᠳᠠᠭ᠎ᠠ ᠦᠭᠡᠢ 
 ᠡᠪᠬᠡᠵᠤ ᠤᠨᠠᠯ᠎ᠠ 

 ᠵᠢᠮᠢᠰ 
 ᠮᠢᠨᠤ᠂ ᠤᠬᠠᠮᠰᠠᠷ ᠠᠴᠠ ᠪᠠᠨ ᠵᠢᠭᠤᠳᠠᠬᠤ ᠭᠦᠴᠦᠨ ᠦ
 ᠤᠷᠤᠰᠢᠬᠤ ᠬᠡᠯᠪᠡᠷᠢ 
 ᠪᠤᠯᠵᠤ — ᠴᠢᠳᠠᠭ᠎ᠠ ᠦᠭᠡᠢ 
 ᠡᠰᠢᠨ ᠡᠴᠡ ᠪᠡᠨ ᠳᠠᠰᠤᠷᠠᠯ᠎ᠠ 

 ᠰᠤᠴᠢᠮᠠᠭ ᠫᠤᠤᠳᠠᠯ ᠳᠤ ᠤᠭᠵᠤᠮ ᠦᠷᠭᠦᠨ
 ᠵᠢᠱᠢᠶ᠎ᠡ ᠵᠢᠷᠤᠵᠤ ᠪᠦᠷᠭᠦᠳ 
 ᠮᠢᠨᠤ᠂ ᠤᠭᠤᠰᠤᠷ ᠳᠠᠰᠤᠴᠢᠬᠤ ᠬᠡᠶ᠋ᠢᠷᠬᠡᠯ ‍ᠢ
 ᠡᠭᠦᠯᠡᠨ ᠳᠦ ᠵᠠᠯᠭᠠᠵᠤ᠂ ᠴᠢᠳᠠᠭ᠎ᠠ ᠦᠭᠡᠢ 
 ᠡᠭᠦᠷ᠂ ᠥᠷ᠎ᠡ ᠳᠡᠬᠡᠨ ᠳᠠᠷᠤᠭᠳᠠᠵᠤ ᠪᠤᠴᠠᠯ᠎ᠠ ᠁

 ᠴᠠᠭᠠᠰᠤ
 ᠮᠢᠨᠦ ᠬᠡᠯᠪᠡᠷᠢᠰᠢᠵᠦ ᠴᠢᠲᠠᠬ᠋᠎ᠠ ᠦᠭᠡᠢ ᠪᠣᠲᠣᠯ ᠳᠦ 
 ᠬᠠᠷ᠎ᠠ ᠰᠠᠨᠠᠵᠤ ᠴᠣᠭᠣᠷᠣᠯ᠎ᠠ ᠡ

ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌ 
          <  ᠢᠷᠡᠬᠦ ᠵᠠᠭᠤᠨ ᠤ ᠬᠣᠩᠬᠣᠨ ᠳᠠᠭᠤᠨ > ᠎ ᠡᠴᠡ ᠬᠠᠭᠤᠯᠪᠠ᠃

       ᠦᠰᠦᠭ ᠠᠮᠢᠯᠠᠭᠤᠯᠤᠭᠰᠠᠨ ᠨᠢ ᠄  ᠴᠣᠯᠮᠣᠨᠲᠤᠶᠠᠭ᠎ᠠ 
          ᠬᠢᠨᠠᠭᠴᠢ ᠄   ᠲᠤᠭᠴᠢ ᠰᠠᠷᠠᠨ᠎ᠠ
               2023 ᠂ 5 ᠂ 24  ᠪ ᠡᠲᠦᠷ