ᠵᠢᠷᠦᠬᠡᠨ ᠳᠦ ᠰᠦᠨᠳᠡᠷᠯᠡᠭᠰᠡᠨ ᠨᠤᠲᠤᠭ - ᠠ‍ ᠂ ᠦᠵᠦᠮ᠎ᠡ Зүрхэнд сүндэрлэсэн нутаг - А ᠂ үзэм ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠦᠬᠡᠨ ᠳᠦ ᠰᠦᠨᠳᠡᠷᠯᠡᠭᠰᠡᠨ ᠨᠤᠲᠤᠭ - ᠠ‍ ᠂ ᠦᠵᠦᠮ᠎ᠡ Зүрхэнд сүндэрлэсэн нутаг - А ᠂ үзэм

ᠵᠢᠷᠦᠬᠡᠨ ᠳᠦ ᠰᠦᠨᠳᠡᠷᠯᠡᠭᠰᠡᠨ ᠨᠤᠲᠤᠭ - ᠠ‍ ᠂ ᠦᠵᠦᠮ᠎ᠡ Зүрхэнд сүндэрлэсэн нутаг - А ᠂ үзэм

2023-05-26

222

ᠵᠢᠷᠦᠬᠡᠨ ᠳᠦ ᠰᠦᠨᠳᠡᠷᠯᠡᠭᠰᠡᠨ ᠨᠤᠲᠤᠭ

       
         — ᠬᠠᠶ᠋ᠢᠷ᠎ᠠ ᠶ᠋ᠢᠨ ᠲᠥᠪ ᠲᠦ ᠴᠢ ᠪᠠᠶ᠋ᠢᠬ᠋᠎ᠠ ᠡᠴᠡ 
              ᠵᠢᠷᠦᠬᠡᠨ ᠬᠣᠶ᠋ᠢᠮᠣᠷ ᠲᠦ ᠨᠤᠲᠤᠭ ᠴᠢᠨᠢ ᠨᠠᠮᠤᠷᠵᠢᠨᠠᠮ 

                 ᠠ‍᠂ ᠦᠵᠦᠮ᠎ᠡ   

    ᠤᠷᠢᠬᠠᠨ ᠬᠠᠪᠤᠷ ᠦ᠋ᠨ ᠴᠠᠰᠤ
    ᠤᠬᠢᠯᠠᠨ ᠬᠠᠶ᠋ᠢᠯᠤᠨ ᠤᠷᠤᠰᠬᠤ ᠰᠢᠭ᠋
    ᠤᠷᠲᠤ ᠮᠥᠷᠡᠨ ᠪ ᠤᠰᠤ
    ᠣᠶ᠋ᠢᠯᠤᠨ ᠳᠠᠪᠠᠯᠭᠠᠯᠠᠵᠤ ᠴᠠᠯᠭᠢᠯᠠᠬᠤ ᠰᠢᠭ᠋
    ᠰᠡᠤᠠᠬᠢᠯ ᠦᠢᠮᠦᠷᠡᠨ ᠳᠡᠩᠰᠡᠷᠡᠬᠦ  ᠳᠦ
    ᠵᠡᠭᠦᠲᠦ᠂ ᠪᠣᠲᠣᠯ ᠠ᠋ᠴᠠ ᠭᠠᠷᠤᠰᠢ ᠦᠭᠡᠢ
    ᠵᠡᠭᠦᠨ ᠰᠥᠨᠢᠳ ᠪᠣᠲᠣᠯ ᠳᠦ ᠲᠣᠲᠣᠷᠠᠨ
    ᠴᠠᠩᠭᠠᠮ᠎ᠠ ᠵᠤᠨ ᠪ ᠬᠠᠯᠠᠭᠤᠨ  ᠳᠦ
    ᠰᠡᠷᠢᠭᠦᠨ ᠴᠢᠭᠢᠭᠯᠢᠭ ᠴᠡᠩᠬᠡᠷᠯᠡᠵᠦ
    ᠴᠠᠷᠴᠠᠭᠠᠮ᠎ᠠ ᠡᠪᠦᠯ ᠦ᠋ᠨ ᠬᠦᠢᠲᠡᠨ  ᠳᠦ
    ᠬᠠᠯᠠᠭᠤ ᠲᠦᠤᠭᠡᠬᠦᠯᠵᠦ ᠳᠤᠷᠠᠰᠤᠭᠳᠠᠨᠠᠮ !

    ᠵᠡᠭᠡᠷ᠎ᠡ ᠲᠡᠰᠢᠭᠰᠡᠨ ᠭᠣᠪᠢ ᠪᠠᠨ ᠬᠠᠷᠠᠭᠠᠳ
    ᠲᠡᠯᠴᠢᠯᠡᠵᠦ ᠪᠣᠰᠬᠤ ᠨᠢᠯᠬ᠎ᠠ ᠢᠨᠵᠠᠬ᠋᠎ᠠ ᠰᠢᠭ᠋
    ᠵᠡᠷᠭᠡᠯᠭᠡ ᠰᠦᠮᠡᠯᠵᠡᠭᠰᠡᠨ ᠬᠠᠩᠭᠠᠢ ᠪᠠᠨ ᠰᠢᠷᠲᠡᠭᠡᠳ
    ᠤᠶᠠᠷᠠᠨ ᠪᠤᠶ᠋ᠢᠯᠠᠬᠤ ᠪᠣᠲᠣᠭᠣ ᠰᠢᠭ᠋
    ᠬᠤᠪᠢᠶᠠᠭᠲᠠᠰᠢ ᠦᠭᠡᠢ ᠭᠠᠭᠴᠠ ᠰᠡᠤᠠᠬᠢᠯ ᠶ᠋ᠢᠡᠷ
    ᠬᠣᠯᠠ ᠨᠤᠲᠤᠭ ᠊ᠢ ᠴᠢᠨᠢ ᠡᠪᠡᠶ᠋ᠢᠯᠡᠨ ᠰᠠᠨᠠᠬᠤᠢ ᠳᠦ
    ᠬᠠᠶ᠋ᠢᠷ᠎ᠠ ᠶ᠋ᠢᠨ ᠳᠠᠷᠬᠠᠨ ᠵᠢᠮ᠎ᠡ ᠪᠡᠷ
    ᠬᠤᠪᠢᠲᠠᠵᠤ ᠨᠠᠲᠠᠲᠤ ᠰᠦᠨᠲᠡᠷᠯᠡᠬᠦ
    ᠭᠠᠯ ᠵᠠᠯᠠᠭᠤ ᠦᠶ᠎ᠡ ᠶ᠋ᠢᠨ ᠮᠢᠨᠢ
    ᠭᠠᠩᠭᠠᠩ ᠳᠤᠷᠠᠯᠠᠯ  ᠳᠦ ᠥᠮᠴᠢᠯᠡᠭᠳᠡᠭᠰᠡᠨ
    ᠭᠠᠭᠴᠠᠬᠠᠨ ᠨᠠᠰᠤᠨ ᠪ ᠮᠠᠨᠢ ᠵᠠᠶᠠᠭᠠᠨ  ᠳᠦ ᠡᠷᠢᠭᠳᠡᠬᠦ
    ᠭᠠᠶ᠋ᠢᠬᠠᠮᠰᠢᠬᠲᠤ ᠲᠡᠨᠢᠭᠦᠨ ᠨᠤᠲᠤᠭ ᠡ 
    
   《 ᠭᠤᠷᠪᠠᠨ ᠳᠠᠪᠠᠬ᠋᠎ᠠ 》 ᠰᠡᠤᠠᠬᠦᠯ ᠦ᠋ᠨ ᠶᠡᠷᠦᠩᠬᠡᠢ 25 — 26 ᠬᠤᠭᠤᠴᠠᠬ᠋᠎ᠠ ᠠ᠋ᠴᠠ
      ᠦᠰᠦᠭ  ᠠᠮᠢᠯᠠᠭᠤᠯᠤᠭᠴᠢ ᠄ ᠨᠠᠷᠠᠨᠰᠤᠶᠤᠯ  
         ᠬᠢᠨᠠᠭᠴᠢ ᠄  ᠨᠠᠨᠲᠢᠨ
                       2023.5.26