ᠬᠥᠬᠡ ᠰᠢᠯᠢ ᠶ᠋ᠢᠨ ᠪᠠᠭᠤᠴᠠ - ᠤᠷᠠᠳ ᠮᠠᠯᠴᠢᠨ · ᠦ ᠪᠣᠷᠣᠭᠠᠨ Хөх шилийн бууц - Урд малчин · Ө ᠂ Бороон
ᠬᠥᠬᠡ ᠰᠢᠯᠢ ᠶ᠋ᠢᠨ ᠪᠠᠭᠤᠴᠠ
ᠤᠷᠠᠳ ᠮᠠᠯᠴᠢᠨ · ᠦ ᠪᠣᠷᠣᠭᠠᠨ
ᠪᠣᠷᠣᠬᠠᠨ ᠲᠣᠯᠣᠭᠠᠢ ᠶ᠋ᠢᠨ ᠪᠠᠭᠤᠴᠠ ᠠ᠋ᠴᠠ
ᠪᠤᠭᠤᠷᠤᠯ ᠦ᠋ᠨ ᠳᠣᠮᠣᠭ ᠥᠨᠲᠡᠯᠵᠡᠨᠡ
ᠪᠣᠲᠣᠭᠣᠨ ᠬᠥᠬᠡ ᠵᠡᠷᠭᠡᠯᠭᠡᠨ ᠳᠦ
ᠪᠣᠲᠣᠯ ᠦ᠋ᠨ ᠮᠠᠨᠠᠨ ᠬᠥᠪᠦᠯᠵᠡᠨ᠎ᠡ
ᠬᠥᠬᠡ ᠰᠢᠯᠢ ᠶ᠋ᠢᠨ ᠪᠠᠭᠤᠴᠠ ᠠ᠋ᠴᠠ
ᠬᠥᠯᠥᠭ ᠦ᠋ᠨ ᠳᠣᠮᠣᠭ ᠦᠦᠷᠰᠡᠨ᠎ᠡ
ᠬᠥᠪᠴᠢᠨ ᠴᠡᠩᠬᠡᠷ ᠤᠨᠢᠶᠠᠷ ᠲᠤ
ᠬᠦᠰᠡᠯ ᠦ᠋ᠨ ᠵᠢᠯᠣᠭᠣ ᠰᠤᠨᠤᠯᠵᠠᠨ᠎ᠠ
ᠲᠤᠯᠬ᠋ᠠ ᠶ᠋ᠢᠨ ᠭᠤᠷᠪᠠᠨ ᠴᠢᠯᠠᠭᠤᠨ ᠠ᠋ᠴᠠ
ᠲᠡᠦᠬᠡ ᠶ᠋ᠢᠨ ᠭᠢᠯᠪᠠᠭᠠᠨ ᠴᠨᠬᠢᠯᠤᠨᠠ
ᠲᠣᠷᠭᠠᠨ ᠭᠣᠪᠢ ᠶ᠋ᠢᠨ ᠴᠠᠶ᠋ᠢᠲᠠᠮ ᠳᠦ
ᠳᠥᠷᠦᠭᠡᠨ ᠳᠠᠭᠤᠨ ᠬᠠᠩᠭᠢᠨᠠᠨ᠎ᠠ
ᠬᠦᠷᠡᠩ ᠰᠢᠯᠢ ᠶ᠋ᠢᠨ ᠪᠠᠭᠤᠴᠠ ᠠ᠋ᠴᠠ
ᠬᠦᠴᠦᠲᠦ ᠪᠦᠷᠭᠦᠳ ᠲᠡᠭᠥᠯᠢᠨᠠ
ᠬᠥᠷᠥᠰᠥᠲᠦ ᠳᠡᠯᠡᠬᠡᠢ ᠶ᠋ᠢᠨ ᠠᠭᠤᠲᠠᠮ ᠳᠦ
ᠬᠥᠬᠡ ᠮᠣᠩᠭᠣᠯ ᠲᠡᠮᠡᠦᠯᠦᠨ᠎ᠡ
2019.7.7
ᠦᠰᠦᠭ ᠠᠮᠢᠯᠠᠭᠤᠯᠤᠭᠴᠢ ᠄ ᠣᠤᠠᠬᠠᠨᠴᠡᠴᠡᠭ
ᠬᠢᠨᠠᠭᠴᠢ ᠪᠠᠭᠰᠢ ᠄ ᠭᠠᠷᠮᠡ ᠂ ᠯᠢᠶᠠᠩ ᠵᠢᠨ ᠬᠤᠸᠠ
