ᠨᠠᠷᠠ ᠰᠠᠷ᠎ᠠ ᠬᠣᠶᠠᠷ - ᠮ ᠂ ᠠᠰᠠᠷ Нар сар хоёр - М ᠂ Асар
ᠨᠠᠷᠠ ᠰᠠᠷ᠎ᠠ ᠬᠣᠶᠠᠷ
–– ᠥᠪᠥᠷ ᠮᠣᠩᠭᠣᠯ ᠤ᠋ᠨ ᠮᠣᠩᠭᠣᠯ ᠬᠡᠯᠡ ᠪᠢᠴᠢᠭ ᠦ᠋ᠨ ᠲᠣᠰᠠᠬᠠᠢ ᠮᠡᠷᠭᠡᠵᠢᠯ ᠦ᠋ᠨ
ᠰᠤᠷᠭᠠᠭᠤᠯᠢ ᠪᠠᠢᠭᠤᠯᠤᠭᠳᠠᠭᠰᠠᠨ ᠭᠤᠴᠢᠨ ᠵᠢᠯ ᠦ᠋ᠨ ᠣᠢ ᠪᠠᠷ
1
ᠡᠩ ᠳᠡᠯᠡᠬᠡᠢ ᠳ᠋ᠦ᠍ ᠄
ᠬᠥᠬᠥᠭᠦᠯᠵᠦ ᠥᠰᠬᠡᠭᠰᠡᠨ ᠡᠬᠡ ᠶ᠋ᠢᠨ ᠠᠴᠢ ᠳᠠᠯᠠᠢ
ᠬᠥᠮᠦᠵᠢᠭᠦᠯᠵᠦ ᠰᠤᠷᠭᠠᠭᠰᠠᠨ ᠪᠠᠭᠰᠢ ᠶ᠋ᠢᠨ ᠠᠯᠳᠠᠷ ᠰᠦᠮᠪᠦᠷ
ᠨᠠᠳᠠᠳᠤ ᠂ ᠴᠢᠮᠠᠲᠤ ᠨᠢᠭᠡ ᠯᠡ ᠠᠳᠠᠯᠢ ᠃
2
ᠦᠷ᠎ᠡ ᠭᠡᠵᠦ ᠵᠢᠷᠦᠬᠡ᠃
ᠦᠷ᠎ᠡ ᠳ᠋ᠡᠭᠡᠨ ᠭᠡᠪᠡᠯ ᠡᠬᠡ ᠶ᠋ᠢᠨ ᠴᠠᠭᠠᠨ ᠰᠦ ᠬᠠᠷᠠᠮ ᠦᠭᠡᠢ ᠢᠪᠢᠯᠳᠡᠭ ᠃
ᠰᠦ ᠨᠢ ᠰᠢᠷᠭᠢᠪᠡᠴᠦ ᠰᠡᠳᠬᠢᠯ ᠨᠢ ᠰᠢᠷᠭᠢᠬᠦ ᠦᠭᠡᠢ ᠂ ᠬᠠᠢᠷ᠎ᠠ ᠶ᠋ᠢᠨ ᠪᠤᠯᠠᠭ ᠨᠢ ᠡᠭᠦᠷᠢᠳᠡ ᠦᠷ᠎ᠡ ᠳ᠋ᠡᠭᠡᠨ ᠣᠨᠳᠣᠷᠣᠨ᠎ᠠ ᠃
3
ᠱᠠᠪᠢ ᠭᠡᠵᠦ ᠦᠷ᠎ᠡ᠃
ᠱᠠᠪᠢ ᠳ᠋ᠠᠭᠠᠨ ᠭᠡᠪᠡᠯ ᠪᠠᠭᠰᠢ ᠬᠥᠮᠦᠨ ᠡᠷᠳᠡᠮ ᠴᠢᠳᠠᠪᠤᠷᠢ ᠪᠠᠨ ᠬᠠᠷᠠᠮ ᠦᠭᠡᠢ ᠠᠭᠤᠳᠠᠯᠳᠠᠭ ᠃
ᠡᠷᠳᠡᠮ ᠨᠢ ᠵᠢᠷᠭᠠᠪᠠᠴᠤ ᠦᠨᠳᠦᠰᠦ ᠨᠢ ᠲᠠᠰᠤᠷᠠᠬᠤ ᠦᠭᠡᠢ ᠂ ᠡᠷᠳᠡᠨᠢ ᠶ᠋ᠢᠨ ᠵᠢᠯᠣᠭᠣ ᠨᠢ ᠬᠡᠵᠢᠶᠡᠳᠡ ᠱᠠᠪᠢ ᠪᠠᠨ ᠬᠥᠳᠡᠯᠦᠨ᠎ᠡ ᠃
4
ᠪᠢᠷ᠎ᠠ ᠰᠠᠢᠲᠠᠢ ᠡᠵᠢ ᠶ᠋ᠢᠨ ᠦᠷ᠎ᠡ ᠂ ᠨᠠᠢᠷ ᠤ᠋ᠨ ᠲᠠᠯᠠᠪᠠᠢ ᠳ᠋ᠤ᠌ ᠣᠷᠣᠢᠯᠠᠵᠤ ᠂ ᠡᠬᠡ ᠶ᠋ᠢᠨ ᠠᠴᠢ ᠶ᠋ᠢ ᠭᠠᠢᠬᠠᠭᠤᠯᠤᠨ᠎ᠠ ᠃
ᠪᠢᠯᠢᠭ ᠰᠠᠢᠲᠠᠢ ᠪᠠᠭᠰᠢ ᠶ᠋ᠢᠨ ᠱᠠᠪᠢ ᠂ ᠲᠥᠷᠥ ᠶ᠋ᠢᠨ ᠰᠢᠯᠭᠠᠯᠲᠠ ᠳ᠋ᠤ᠌ ᠲᠥᠷᠥᠭᠦᠯᠵᠦ ᠂ ᠪᠠᠭᠰᠢ ᠶ᠋ᠢᠨ ᠠᠯᠳᠠᠷ ᠢ᠋ ᠮᠠᠨᠳᠤᠭᠤᠯᠤᠨ᠎ᠠ ᠃
5
ᠡᠬᠡ ᠬᠥᠮᠦᠨ ᠂ ᠦᠷ᠎ᠡ ᠳ᠋ᠡᠭᠡᠨ ᠠᠴᠢ ᠶ᠋ᠢᠨ ᠳᠠᠯᠠᠢ ᠶ᠋ᠢ ᠨᠡᠯᠦᠢᠯᠭᠡᠭᠰᠡᠨ ᠴᠦ᠍ ᠂
ᠪᠠᠭᠰᠢ ᠬᠥᠮᠦᠨ ᠂ ᠱᠠᠪᠢ ᠳ᠋ᠠᠭᠠᠨ ᠡᠷᠳᠡᠮ ᠦ᠋ᠨ ᠰᠦᠮᠪᠦᠷ ᠢ᠋ ᠰᠡᠬᠦᠢᠯᠭᠡᠭᠰᠡᠨ ᠴᠦ᠍ ᠂
ᠦᠷ᠎ᠡ ᠡᠴᠡ ᠪᠡᠨ ᠂ ᠱᠠᠪᠢ ᠠ᠋ᠴᠠ ᠪᠠᠨ ᠡᠵᠢ ᠪᠠᠭᠰᠢ ᠬᠣᠶᠠᠷ ᠮᠢᠨᠢ ᠶᠠᠭᠤ ᠴᠤ᠌ ᠬᠦᠰᠡᠳᠡᠭ ᠦᠭᠡᠢ ᠃
ᠶᠠᠭᠠᠬᠢᠭᠰᠠᠨ ᠥᠨᠢᠷ ᠬᠠᠢᠷ᠎ᠠ ᠪᠣᠢ ?
ᠶᠠᠭᠤᠲᠠᠢ ᠥᠭᠭᠢᠶᠡᠮᠦᠷ ᠰᠡᠳᠬᠢᠯ ᠪᠣᠢ ?
6
ᠡᠵᠢ ᠮᠢᠨᠢ ! ᠭᠡᠵᠦ ᠦᠷ᠎ᠡ ᠪᠣᠯᠣᠭᠰᠠᠳ ᠤ᠋ᠨ ᠵᠢᠷᠦᠬᠡ ᠮᠢᠩᠭᠠᠨ ᠭᠠᠵᠠᠷ ᠤ᠋ᠨ ᠠᠯᠤᠰ ᠠ᠋ᠴᠠ ᠡᠬᠡ ᠳ᠋ᠡᠭᠡᠨ ᠯᠡ ᠲᠡᠮᠡᠦᠯᠦᠨ᠎ᠡ ᠃
ᠪᠠᠭᠰᠢ ᠮᠢᠨᠢ ! ᠭᠡᠵᠦ ᠱᠠᠪᠢ ᠪᠣᠯᠣᠭᠰᠠᠳ ᠤ᠋ᠨ ᠲᠡᠷᠢᠭᠦᠨ ᠲᠦᠮᠡᠨ ᠬᠥᠮᠦᠨ ᠦ᠌ ᠳᠣᠲᠣᠷ᠎ᠠ ᠠ᠋ᠴᠠ ᠪᠠᠭᠰᠢ ᠳ᠋ᠠᠭᠠᠨ ᠯᠠ ᠪᠥᠬᠥᠢᠨ᠎ᠡ ᠃
7
ᠡᠬᠡ ᠪᠡᠨ ᠭᠡᠪᠡᠯ ᠦᠷ᠎ᠡ ᠪᠣᠯᠣᠭᠰᠠᠳ ᠤ᠋ᠨ ᠰᠡᠳᠬᠢᠯ ᠴᠦ᠍ ᠬᠣᠶᠠᠷ ᠦᠭᠡᠢ ᠃
ᠪᠠᠭᠰᠢ ᠪᠠᠨ ᠭᠡᠪᠡᠯ ᠱᠠᠪᠢ ᠪᠣᠯᠣᠭᠰᠠᠳ ᠤ᠋ᠨ ᠰᠠᠨᠠᠭ᠎ᠠ ᠴᠤ᠌ ᠠᠯᠠᠭ ᠦᠭᠡᠢ ᠃
ᠦᠷ᠎ᠡ ᠴᠢᠨᠢ ᠂ ᠱᠠᠪᠢ ᠴᠢᠨᠢ ᠂ ᠡᠵᠢ ᠪᠠᠭᠰᠢ ᠬᠣᠶᠠᠷ ᠲᠠᠭᠠᠨ ᠶᠠᠭᠠᠬᠢᠵᠤ ᠬᠠᠷᠢᠭᠤᠯᠳᠠᠭ ᠪᠢᠯᠡ ? ᠶᠠᠭᠤ ᠪᠠᠷᠢᠳᠠᠭ ᠪᠢᠯᠡ ?
8
ᠠᠴᠢ ᠲᠡᠭᠦᠰ ᠡᠵᠢ ᠮᠢᠨᠢ ᠠ᠋ !
ᠨᠠᠷᠠ ᠶ᠋ᠢ ᠦᠷ᠎ᠡ ᠴᠢᠨᠢ ᠲᠠᠨ ᠳ᠋ᠠᠭᠠᠨ ᠡᠷᠭᠦᠶ᠎ᠡ ᠃ ᠡᠵᠢ ᠮᠢᠨᠢ ᠡᠷᠡᠭᠡᠯᠵᠡᠯ ᠦᠭᠡᠢ ᠪᠡᠷ ᠲᠣᠭᠲᠠᠭᠠᠭᠠᠳ ᠠᠪᠬᠤ ᠪᠣᠯᠪᠠᠤ ᠃
9
ᠠᠯᠳᠠᠷ ᠬᠦᠨᠳᠦᠲᠦ ᠪᠠᠭᠰᠢ ᠮᠢᠨᠢ ᠠ᠋ ᠃
ᠰᠠᠷ᠎ᠠ ᠶ᠋ᠢ ᠱᠠᠪᠢ ᠴᠢᠨᠢ ᠲᠠᠨ ᠳ᠋ᠠᠭᠠᠨ ᠪᠠᠷᠢᠶ᠎ᠠ᠃
ᠪᠠᠭᠰᠢ ᠮᠢᠨᠢ ᠲᠠᠲᠠᠭᠠᠯᠵᠠᠯ ᠦᠭᠡᠢ ᠪᠡᠷ ᠲᠣᠰᠤᠭᠠᠳ ᠠᠪᠬᠤ ᠪᠣᠯᠪᠠᠤ ᠃
10
ᠣᠭᠲᠠᠷᠭᠤᠢ ᠳ᠋ᠤ᠌ ᠡᠦᠲᠦᠨ ᠮᠡᠴᠢᠳ ᠬᠡᠴᠢᠨᠡᠨ ᠴᠦ᠍ ᠪᠠᠢᠭ ᠂ ᠭᠡᠷᠡᠯ ᠰᠠᠢᠲᠠᠢ ᠨᠢ ᠨᠠᠷᠠ ᠰᠠᠷ᠎ᠠ ᠬᠣᠶᠠᠷ ᠠ᠋ ᠃
ᠣᠷᠴᠢᠯᠠᠩ ᠳ᠋ᠤ᠌ ᠠᠯᠳᠠᠷ ᠬᠦᠨᠳᠦᠲᠡᠨ ᠬᠡᠳᠦᠢ ᠴᠦ᠍ ᠪᠠᠢᠭ ᠂ ᠠᠴᠢ ᠶᠡᠬᠡᠲᠡᠢ ᠨᠢ ᠡᠵᠢ ᠪᠠᠭᠰᠢ ᠬᠣᠶᠠᠷ ᠠ᠋ ᠃
ᠦᠷ᠎ᠡ ᠴᠢᠨᠢ ᠂ ᠱᠠᠪᠢ ᠴᠢᠨᠢ ᠂ ᠨᠠᠷᠠ ᠶ᠋ᠢ ᠡᠷᠭᠦᠵᠦ ᠪᠠᠢᠨ᠎ᠠ ᠂ ᠰᠠᠷ᠎ᠠ ᠶ᠋ᠢ ᠪᠠᠷᠢᠵᠤ ᠪᠠᠢᠨ᠎ᠠ ᠃
ᠡᠵᠢ ᠮᠢᠨᠢ ᠂ ᠪᠠᠭᠰᠢ ᠮᠢᠨᠢ ᠨᠠᠷᠠᠨ ᠰᠠᠷᠠᠨ ᠠᠯᠳᠠᠷ ᠢ᠋ᠶ᠋ᠠᠨ ᠲᠣᠭᠲᠠᠭᠠᠨ ᠠᠪᠬᠤ ᠪᠣᠯᠲᠤᠭᠠᠢ !
11
ᠬᠥᠮᠦᠨ ᠲᠥᠷᠥᠯᠬᠢᠲᠡᠨ ᠳ᠋ᠦ᠍ ᠄
ᠡᠨᠡ ᠪᠡᠶ᠎ᠡ ᠶ᠋ᠢ ᠲᠥᠷᠥᠭᠦᠯᠦᠭᠰᠡᠨ ᠡᠬᠡ ᠶ᠋ᠢᠨ ᠠᠴᠢ ᠴᠤ᠌ ᠨᠠᠷᠠ᠃
ᠡᠷᠳᠡᠮ ᠨᠣᠮ ᠳ᠋ᠤ᠌ ᠰᠤᠷᠭᠠᠭᠰᠠᠨ ᠪᠠᠭᠰᠢ ᠶ᠋ᠢᠨ ᠠᠯᠳᠠᠷ ᠴᠤ᠌ ᠰᠠᠷ᠎ᠠ ᠃
ᠡᠬᠡ ᠶ᠋ᠢᠨ ᠠᠴᠢ ᠂ ᠪᠠᠭᠰᠢ ᠶ᠋ᠢᠨ ᠠᠯᠳᠠᠷ ᠂ ᠦᠷ᠎ᠡ ᠳ᠋ᠡᠭᠡᠨ ᠨᠠᠷᠠ ᠠ᠋ ! ᠱᠠᠪᠢ ᠳ᠋ᠠᠭᠠᠨ ᠰᠠᠷ᠎ᠠ ᠠ᠋ ᠃
12
ᠦᠷ᠎ᠡ ᠪᠣᠯᠣᠭᠰᠠᠳ ᠠ᠋ !
ᠱᠠᠪᠢ ᠪᠣᠯᠣᠭᠰᠠᠳ ᠠ᠋ !
ᠬᠥᠭᠰᠢᠨ ᠪᠤᠭᠤᠷᠤᠯ ᠡᠬᠡ ᠶ᠋ᠢᠨ ᠢ᠋ᠶ᠋ᠡᠨ ᠠᠴᠢ ᠶ᠋ᠢ ᠡᠭᠦᠷᠢᠳᠡ ᠬᠠᠷᠢᠭᠤᠯᠤᠶ᠎ᠠ !
ᠬᠦᠨᠳᠦᠲᠦ ᠣᠯᠠᠨ ᠪᠠᠭᠰᠢ ᠶ᠋ᠢᠨ ᠢ᠋ᠶ᠋ᠡᠨ ᠠᠯᠳᠠᠷ ᠢ᠋ ᠥᠨᠢᠳᠡ ᠳᠤᠷᠠᠰᠤᠶ᠎ᠠ !
1983 . 7 . 6 ᠬᠥᠬᠡᠬᠣᠲᠠ
