ᠵᠢᠷᠮᠦᠰᠦᠨ ᠮᠠᠨᠠᠨ 〈 3 〉 - ᠲ ᠂ ᠭᠣᠮᠪᠣᠵᠠᠪ Жирэмсэн манан 〈 3 〉 - Т ᠂ Гомбожав
ᠵᠢᠷᠮᠦᠰᠦᠨ ᠮᠠᠨᠠᠨ - 3
ᠪᠢ
ᠬᠣᠯᠠ ᠶ᠋ᠢᠨ ᠬᠣᠯᠠ ᠬᠣᠷᠸ᠋᠎ᠠ ᠶ᠋ᠢᠨ ᠭᠠᠲᠠᠨ᠎ᠠ ᠠ᠋ᠴᠠ ᠢᠷᠡᠵᠦ
ᠬᠣᠯᠠ ᠶ᠋ᠢᠨ ᠬᠣᠯᠠ ᠳᠤᠷᠠᠳᠬᠠᠯ ᠦ᠋ᠨ ᠭᠠᠲᠠᠨ᠎ᠠ ᠪᠠᠨ ᠪᠤᠴᠠᠬᠤ
ᠭᠤᠸ᠋᠎ᠠ ᠰᠠᠶ᠋ᠢᠬᠠᠨ ᠦᠯᠢᠭᠡᠷ ᠪᠢᠯᠡ
ᠲᠥᠭᠡᠷᠢᠯ ᠦ᠋ᠨ ᠬᠢᠵᠠᠭᠠᠷ ᠦᠭᠡᠢ ᠪᠠᠶᠠᠰᠤᠯ ᠳᠡᠭᠡᠷᠡᠬᠢ
ᠡᠷᠢᠯ ᠦ᠋ᠨ ᠦᠵᠦᠭᠦᠷ ᠦᠭᠡᠢ ᠭᠤᠨᠢᠬ ᠳᠣᠣᠷᠠᠬᠢ
ᠣᠶ᠋ᠢᠴᠢᠯ ᠪᠣᠰᠤᠯ ᠦ᠋ᠨ ᠣᠯᠠᠨ ᠮᠣᠩᠭᠣᠯ ᠲᠣᠬ᠋᠎ᠠ ᠪᠢᠯᠡ
ᠨᠠᠷᠠ ᠡᠴᠡ ᠲᠤᠶ᠋ᠢᠯ ᠦᠭᠡᠢ ᠵᠠᠶ᠋ᠢᠲᠠᠭᠤ
ᠨᠠᠷᠠᠨ ᠪ ᠭᠡᠷᠡᠯ ᠲᠡᠢ
ᠵᠠᠢ ᠦᠭᠡᠢ ᠲᠤᠲᠤᠨᠤ ᠢᠨᠢᠶᠡᠲᠦ ᠪᠠ ᠨᠢᠯᠪᠤᠰᠤ ᠪᠢᠯᠡ
ᠳᠡᠯᠭᠡᠷᠡᠯ ᠦ᠋ᠨ ᠶᠠᠭᠠᠨ ᠪᠠᠶᠠᠰᠤᠯ ᠳᠦ ᠳᠠᠭᠤᠯᠠᠬᠤ
ᠵᠤᠯᠭᠠᠷᠠᠯ ᠦ᠋ᠨ ᠬᠥᠩᠭᠡᠨ ᠭᠤᠨᠢᠬ ᠲᠤ ᠤᠬᠢᠯᠠᠬᠤ
ᠭᠦᠨ ᠲᠤᠩᠭᠠᠯᠠᠭ ᠭᠣᠷᠣᠬ᠎ᠠ ᠶ᠋ᠢᠨ ᠤᠰᠤ ᠪᠢᠯᠡ
ᠬᠡᠵᠢᠶᠡᠲᠡ ᠬᠠᠪᠢᠷᠭᠠᠯᠠᠬᠤ ᠦᠭᠡᠢ ᠰᠠᠷᠠᠨ ᠤ
ᠮᠥᠩᠬᠡ ᠲᠡᠷᠭᠡᠯ ᠭᠡᠷᠡᠯ
ᠪᠢ ᠪᠢᠯᠡ — ᠪᠢ ᠪᠢᠯᠡ ᠡ !
ᠡᠬᠢᠯᠡᠯ ᠪᠤᠶᠤ ᠲᠡᠭᠦᠰᠬᠡᠯ
ᠡᠭᠦᠯᠡ ᠲᠠᠢ ᠰᠥᠨᠢ ᠶᠢᠨ ᠲᠡᠭᠷᠢ
ᠡᠨᠡ ᠦᠷᠦᠪᠴᠢᠨ ᠳᠡᠭᠡᠷ᠎ᠡ ᠵᠢᠷᠤᠯ᠎ᠠ
ᠨᠤᠴᠤᠭᠠ ᠮᠦᠷ ᠦᠨ ᠬᠢᠨᠢ
ᠬᠤᠷᠤᠮᠬᠠᠨ ᠴᠡᠭᠢᠯ᠂ ᠨᠠᠳᠠᠳᠤ
ᠨᠢᠭᠤᠴᠠᠬᠠᠨ ᠬᠤᠷᠤ᠎ᠠ ᠶ᠋ᠢᠨ ᠲᠦᠮᠡᠨ ᠡᠭᠥᠳᠡ ᠶᠢ
ᠴᠠᠯᠠᠶ᠋ᠢᠲᠠᠯᠠ ᠨᠡᠭᠡᠭᠡᠵᠤ ᠴᠡᠭᠡᠵᠢᠯᠡᠭᠥᠯᠥᠯᠡ ᠡ !
ᠬᠡᠭᠡᠷ᠎ᠡ ᠲᠠᠯ᠎ᠠ ᠶᠢᠨ ᠡᠨᠳᠡᠭᠦᠷᠡᠯ
ᠨᠢᠯᠬᠠᠬᠠᠨ ᠰᠤᠨᠢᠭᠤᠴᠠᠯ ᠠᠩᠭᠠᠯᠵᠠᠭᠤᠯᠵᠤ
ᠨᠢᠮᠬᠡᠨ ᠰᠢᠷ᠎ᠠ ᠳᠠᠯᠠᠪᠴᠢ ᠳᠡᠷᠪᠢᠰᠭᠢᠨ ᠪᠤᠰᠤᠨ᠎ᠠ
ᠡᠷᠢᠶᠡᠨ ᠴᠤᠬᠤᠷ ᠠᠷᠭᠠᠳᠠᠯ
ᠡᠳᠥᠷ ᠦᠨ ᠵᠡᠭᠦᠳᠦ ᠴᠠᠭᠠᠬᠠᠨ ᠴᠡᠴᠡᠭᠯᠡᠭᠦᠯᠵᠦ
ᠡᠭᠥᠳᠡᠨ ᠰᠢᠳᠥᠨ ᠦ ᠤᠩᠭᠤᠷᠬᠠᠢ
ᠰᠠᠷᠠᠨ ᠲᠡᠷᠭᠡᠯ ᠠᠮᠢᠰᠬᠤᠯᠯᠠᠨ᠎ᠠ ᠪᠢᠯᠡ
ᠡᠬᠡ ᠶᠢᠨ ᠰᠦ᠋ ᠬᠦᠭᠡᠷᠥᠬᠦᠢ ᠭᠢᠯᠢᠰᠲᠠᠨᠠ
ᠡᠩᠭᠡᠷ ᠡᠴᠡ ᠪᠡᠨ ᠳᠠᠰᠤᠷᠠᠬᠤ ᠳᠤᠪᠴᠢ
ᠡᠨᠡ ᠪᠦᠭᠦᠨ ᠢ ᠮᠡᠳᠡᠭᠰᠡᠨ ᠦᠭᠡᠢ ᠡ
ᠪᠠᠶ᠋ᠢᠭᠠᠯᠢ ᠶᠢᠨ ᠠᠯᠢᠶᠠᠯᠠᠯ ᠴᠡᠴᠡᠭᠡᠰ ᠲᠡᠮᠵᠢᠨ
ᠪᠠᠷᠢᠭᠳᠠᠬᠤ ᠦᠭᠡᠢ ᠭᠡᠵᠤ ᠬᠦᠩᠭᠡᠬᠡᠨ ᠳᠤᠲᠠᠭᠠᠨ᠎ᠠ
ᠪᠠᠯᠠᠷᠯᠢᠭ ᠭᠦᠰᠡᠬᠦᠢ᠂ ᠪᠤᠴᠠᠯ ᠮᠠᠷᠲᠠᠨ
ᠬᠡᠭᠡᠷ᠎ᠡ ᠳᠥᠭᠥᠷᠡᠩ ᠬᠡᠶ᠋ᠢᠷᠬᠡᠵᠦ ᠶᠠᠪᠤᠨ᠎ᠠ
ᠰᠠᠶ᠋ᠢᠨ ᠰᠠᠨᠠᠭᠰᠠᠨ ᠴᠢᠯᠠᠭᠤᠨ ᠤ ᠢᠳᠬᠠᠯ
ᠦᠷᠦᠪᠳᠦᠯ ᠳᠡᠬᠡᠨ ᠶᠠᠭᠠᠬᠠᠨ ᠬᠤᠴᠤᠷᠴᠤ
ᠰᠠᠯᠬᠢ᠂ ᠠᠶ᠋ᠢᠯ ᠤᠨ ᠭᠠᠳᠠᠭᠤᠷ
ᠰᠠᠨᠠᠭ᠎ᠠ ᠠᠯᠳᠠᠵᠤ ᠦᠩᠭᠡᠷᠡᠨ᠎ᠡ ᠪᠢᠯᠡ
ᠪᠠᠷᠢᠭᠳᠠᠵᠤ ᠴᠢᠳᠠᠬᠤ ᠦᠭᠡᠢ ᠳᠤᠲᠠᠭᠠᠬᠤ ᠳᠤᠲᠤᠮ ᠢᠶ᠋ᠠᠨ
ᠭᠡᠤᠭᠡᠨ ᠪᠥᠱᠥᠭᠥᠷᠬᠡᠯ ᠬᠠᠳᠠᠨ᠎ᠠ
ᠪᠤᠷᠤᠭᠠᠨ ᠠᠯᠠᠭ᠎ᠠ ᠠ᠋
ᠰᠡᠷᠢᠵᠤ ᠴᠢᠳᠠᠬᠤ ᠦᠭᠡᠢ ᠳᠤᠭᠳᠤᠯᠬᠤ ᠳᠤᠲᠤᠮ ᠢᠶ᠋ᠠᠨ
ᠡᠳᠦᠷ ᠦᠨ ᠵᠡᠭᠦᠳᠦ ᠬᠠᠭᠰᠠᠨᠠ
ᠪᠤᠷᠤᠭᠠᠨ ᠠᠯᠠᠭ᠎ᠠ ᠠ᠋
᠁ ᠁
ᠬᠠᠭᠤᠷᠠᠶ᠋ᠢᠬᠠᠨ ᠪᠤᠲᠠᠷᠠᠬᠤ ᠳᠠᠯᠠᠪᠴᠢᠨ ᠳᠤᠤᠷ᠎ᠠ
ᠬᠤᠮᠠᠭ ᠳᠡᠷᠡᠯᠡᠨ ᠤᠨᠲᠠᠬᠤ
ᠭᠦᠰᠢᠶ᠎ᠡ ᠦᠭᠡᠢ ᠭᠤᠨᠢᠭ
ᠬᠡᠭᠡᠷ᠎ᠡ ᠲᠠᠯ᠎ᠠ ᠶᠢᠨ ᠮᠢᠨᠢ
ᠭᠤᠤ᠎ᠠ ᠰᠠᠶ᠋ᠢᠬᠠᠨ ᠡᠨᠳᠡᠭᠦᠷᠡᠯ ᠯᠠ ᠪᠠᠶ᠋ᠢᠭᠠᠰᠠᠢ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠡᠭᠷᠢ ᠡᠵᠢ ᠂ ᠴᠣᠯᠮᠣᠨᠲᠤᠶᠠᠭ᠎ᠠ
ᠬᠢᠨᠠᠭᠴᠢ ᠄ ᠴᠣᠯᠮᠣᠨᠲᠤᠶᠠᠭ᠎ᠠ
2023 ᠂ 5 ᠂ 24 ᠪ ᠡᠲᠦᠷ
