3-29-30ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠤᠶ᠋ᠢᠲᠤᠬᠢ ᠲᠦᠳᠡᠬᠦ ᠶ᠋ᠢ ᠤᠨᠠᠭᠠᠬᠤ ᠠᠷᠭ᠎ᠠ᠂ ᠤᠨᠠᠵᠤ ᠭᠡᠮᠲᠦᠭᠰᠡᠨ ᠰᠢᠷᠬ᠎ᠠ ᠶ᠋ᠢ ᠵᠠᠰᠠᠬᠤ ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. 3-29-30ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠤᠶ᠋ᠢᠲᠤᠬᠢ ᠲᠦᠳᠡᠬᠦ ᠶ᠋ᠢ ᠤᠨᠠᠭᠠᠬᠤ ᠠᠷᠭ᠎ᠠ᠂ ᠤᠨᠠᠵᠤ ᠭᠡᠮᠲᠦᠭᠰᠡᠨ ᠰᠢᠷᠬ᠎ᠠ ᠶ᠋ᠢ ᠵᠠᠰᠠᠬᠤ

3-29-30ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠤᠶ᠋ᠢᠲᠤᠬᠢ ᠲᠦᠳᠡᠬᠦ ᠶ᠋ᠢ ᠤᠨᠠᠭᠠᠬᠤ ᠠᠷᠭ᠎ᠠ᠂ ᠤᠨᠠᠵᠤ ᠭᠡᠮᠲᠦᠭᠰᠡᠨ ᠰᠢᠷᠬ᠎ᠠ ᠶ᠋ᠢ ᠵᠠᠰᠠᠬᠤ

ᠠᠩᠭᠢᠯᠠᠯ:ᠡᠷᠡᠭᠦᠯ ᠡᠩᠬᠡ
2023-05-26

323

ᠬᠤᠶ᠋ᠢᠲᠤᠬᠢ ᠲᠦᠳᠡᠬᠦ ᠶ᠋ᠢ ᠤᠨᠠᠭᠠᠬᠤ ᠠᠷᠭ᠎ᠠ

  ᠬᠣᠶ᠋ᠢᠲᠤᠬᠢ ᠲᠦᠳᠡᠪᠡᠰᠦ ( ᠡᠰᠡ ᠭᠠᠷᠪᠠᠰᠤ ) ᠨᠢᠷᠤᠭᠤᠨ ᠤ᠋ ᠠᠷᠤ ᠳ᠋ᠤ᠌ ᠂ ᠬᠣᠶᠠᠷ ᠪᠥᠭᠡᠷᠡᠨ ᠵᠠᠪᠰᠠᠷ ᠲᠤ᠌᠂ ᠮᠠᠨ ᠤ᠋ ᠮᠣᠩᠭᠣᠯ ᠤ᠋ᠨ ᠵᠠᠩᠰᠢᠯ ᠢ᠋ᠶ᠋ᠠᠷ ᠬᠠᠭᠤᠴᠢᠨ ᠬᠥᠯᠥᠰᠥ ᠲᠡᠢ ᠳᠡᠷ᠎ᠡ ᠶ᠋ᠢ ᠭᠠᠯ ᠳ᠋ᠤ᠌ ᠬᠠᠯᠠᠭᠤᠯᠵᠤ ᠲᠥᠭᠡᠨᠡ᠃ ᠲᠡᠭᠦᠨ ᠢ᠋ᠶ᠋ᠡᠷ ᠡᠰᠡ ᠴᠢᠳᠠᠪᠠᠰᠤ ᠬᠠᠪᠲᠠᠭᠠᠢ ᠮᠣᠳᠣᠨ ᠳᠡᠭᠡᠷ᠎ᠡ ᠰᠠᠭᠤᠯᠭᠠᠵᠤ᠂ ᠠᠷᠤ ᠥᠪᠥᠷ ᠦ᠋ᠨ ᠮᠣᠳᠣ ᠶ᠋ᠢ ᠰᠦᠬᠡ ᠪᠡᠷ ᠳᠡᠯᠡᠳᠪᠡᠰᠦ ᠮᠠᠭᠠᠳ ᠤᠨᠠᠨ᠎ᠠ᠃ ᠡᠰᠡ ᠴᠢᠳᠠᠪᠠᠰᠤ ᠵᠠᠼᠤᠸᠠ᠂ ᠲᠠᠩᠫᠤᠷᠤᠮ᠂ ᠵᠠᠷᠤ᠂ ᠵᠣᠩᠰᠢ᠂ ᠪᠤᠷᠠᠮ ᠊ᠢ ᠨᠠᠶ᠋ᠢᠷᠠᠭᠤᠯᠵᠤ᠂ ᠴᠢᠯᠠᠭᠤᠨ ᠬᠠᠭ ᠊ᠢ ᠪᠤᠴᠠᠯᠭᠠᠭᠰᠠᠨ ᠳᠠᠩ ᠢ᠋ᠶ᠋ᠠᠷ ᠳᠠᠷᠤᠭᠤᠯᠪᠠᠰᠤ ᠮᠠᠭᠠᠳ ᠤᠨᠠᠮᠤᠢ᠃ ᠳᠣᠲᠣᠷ ᠠ᠋ᠴᠠ ᠲᠠᠬᠢᠶᠠᠨ ᠥᠨᠳᠡᠭᠡᠨ ᠰᠢᠷ᠎ᠠ ᠶ᠋ᠢ ᠦᠭᠪᠡᠰᠦ ᠪᠠᠰᠠ ᠰᠠᠢᠨ ᠪᠠᠶ᠋ᠢᠲᠠᠭ᠃

ᠤᠨᠠᠵᠤ ᠭᠡᠮᠲᠦᠭᠰᠡᠨ ᠰᠢᠷᠬ᠎ᠠ ᠶ᠋ᠢ ᠵᠠᠰᠠᠬᠤ

  ᠮᠣᠷᠢ ᠲᠡᠮᠡᠭᠡ ᠪᠠ ᠠᠭᠤᠯᠠ ᠭᠠᠩᠭ᠎ᠠ ᠂ ᠬᠠᠯᠢᠯ ᠲᠡᠷᠢᠭᠦᠲᠡᠨ ᠥᠨᠳᠥᠷ ᠡᠴᠡ ᠤᠨᠠᠵᠤ᠂ ᠮᠢᠬ᠎ᠠ ᠠᠷᠠᠰᠤ᠂ ᠶᠠᠰᠤᠨ ᠳ᠋ᠤ᠌ ᠭᠡᠮ ᠭᠠᠷᠴᠤ᠂ ᠰᠢᠷᠬᠠᠲᠤᠵᠤ ᠮᠤᠩᠬᠠᠷᠠᠭᠰᠠᠨ ᠳᠠᠷᠤᠢ ᠳ᠋ᠤ᠌ ᠮᠥᠩᠭᠥᠨ ᠤᠰᠤ —18 ᠶ᠋ᠢ ᠥᠭ᠃ ᠳᠣᠲᠣᠷ ᠬᠠᠯᠠᠭᠤᠨ ᠦᠯᠦ ᠡᠭᠦᠰᠬᠦ᠂ ᠭᠡᠮ ᠪᠦᠬᠦᠨ ᠊ᠢ ᠠᠷᠢᠯᠭᠠᠨ ᠴᠢᠳᠠᠮᠤᠢ ᠃ ᠬᠠᠪᠤᠳᠪᠠᠰᠤ ᠪᠣᠶ᠋ᠢᠭᠠᠷ᠂ ᠪᠠᠷᠠᠬᠱᠦᠢ᠍ᠨ᠂ ᠪᠠᠷᠪᠠᠲᠠ᠂ ᠬᠣᠨᠢᠨ ᠬᠣᠷᠭᠣᠯ᠂ ᠰᠡᠯᠲᠡ ᠶ᠋ᠢ ᠨᠡᠶ᠋ᠢᠯᠡᠭᠦᠯᠦᠨ ᠱᠠᠪᠰᠢᠵᠤ ᠣᠷᠢᠶᠠᠪᠠᠰᠤ ᠰᠢᠷ᠎ᠠ ᠤᠰᠤ ᠶ᠋ᠢ ᠬᠠᠲᠠᠭᠠᠨ᠎ᠠ᠃ ᠰᠢᠷᠬ᠎ᠠ ᠪᠠᠶ᠋ᠢᠪᠠᠰᠤ ᠳᠡᠭᠡᠷᠡᠬᠢ ᠡᠮ ᠊ᠢ ᠰᠢᠪᠡᠵᠦ᠂ ᠲᠣᠷᠭ᠎ᠠ ᠪᠠᠷ ᠣᠷᠢᠶᠠᠨ ᠨᠣᠬᠠᠢ ᠶ᠋ᠢᠨ ᠤᠩᠭᠠᠰᠤᠨ ᠬᠢᠷᠪᠤᠰᠤ ᠶ᠋ᠢ ᠭᠠᠪᠤᠷ ᠲᠤ᠌ ᠬᠣᠯᠢᠵᠤ ᠰᠦᠷᠴᠢ᠃ ᠮᠤᠩᠬᠠᠷᠠᠪᠠᠰᠤ ᠡᠷᠬᠢᠮ —8 ᠤ᠋ ᠳᠡᠭᠡᠷ᠎ᠡ ᠳ᠋ᠤᠮᠷᡁᠢ᠂ ᠬᠠᠴᠸ ᠭᠦᠷᠭᠦᠮ ᠊ᠢ ᠨᠡᠮᠡᠵᠦ ᠦᠭᠪᠡᠰᠦ ᠮᠤᠩᠬᠠᠷᠠᠭᠰᠠᠨ ᠨᠢ ᠥᠪᠡᠷ ᠢ᠋ᠶ᠋ᠡᠨ ᠠᠷᠢᠯᠤᠮᠤᠢ᠃ ᠰᠠᠮᠫᠢᠯ —25 ᠶ᠋ᠢ ᠦᠭᠪᠡᠰᠦ ᠪᠦᠬᠦᠨ ᠳ᠋ᠦ᠍ᠷ ᠲᠤᠰᠠᠲᠠᠢ᠃ ᠢᠯᠠᠩᠭᠤᠶ᠎ᠠ ᠬᠢᠲᠠᠳ ᠨᠡᠷ᠎ᠡ ᠪᠡᠷ ᠰᠠᠨ ᠬᠤᠸᠠᠩ ᠪᠤᠤ ᠯᠠ ᠸᠠᠨ (三黄宝腊丸 ) ᠬᠡᠮᠡᠬᠦ ᠡᠨᠡ ᠡᠮ ᠣᠯᠳᠠᠪᠠᠰᠤ ᠮᠠᠰᠢ ᠲᠤᠰᠠᠲᠠᠢ᠃

   ᠦᠰᠦᠭ ᠠᠮᠢᠯᠠᠭᠤᠯᠤᠭᠴᠢ ᠄ ᠦᠯᠵᠡᠶ᠋ᠢᠪᠠᠭᠠᠲᠤᠷ
   ᠬᠢᠨᠠᠭᠰᠠᠨ ᠨᠢ ᠄ ᠣᠤᠠᠬᠠᠨᠰᠤ᠎ᠡ