ᠮᠠᠨ ᠤ ᠪᠠᠭᠠᠲᠤᠷ - ᠮ ᠂ ᠠᠰᠠᠷ Манай баатар - М ᠂ Асар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨ ᠤ ᠪᠠᠭᠠᠲᠤᠷ - ᠮ ᠂ ᠠᠰᠠᠷ Манай баатар - М ᠂ Асар

ᠮᠠᠨ ᠤ ᠪᠠᠭᠠᠲᠤᠷ - ᠮ ᠂ ᠠᠰᠠᠷ Манай баатар - М ᠂ Асар

2023-05-25

218

ᠮᠠᠨ ᠤ ᠪᠠᠭᠠᠲᠤᠷ


                       ᠭᠠᠳᠠ ᠮᠡᠢᠷᠡᠨ ᠦ᠌ ᠮᠡᠨᠳᠦᠯᠡᠭᠰᠡᠨ ᠨᠠᠶᠠ ᠶᠢᠰᠦᠨ ᠵᠢᠯ  ᠤᠨ ᠣᠢ ᠪᠠᠷ 

           ᠪᠠᠭᠠᠲᠤᠷ ᠡᠷ᠎ᠡ 
        1
     ᠪᠠᠭᠠᠲᠤᠷ ᠭᠡᠵᠦ ᠪᠢᠷ᠎ᠠ ᠲᠠᠢ ᠴᠢᠳᠠᠯ ᠲᠠᠢ ᠬᠥᠮᠦᠨ ᠢ᠋ ᠬᠡᠯᠡᠬᠦ ᠪᠢᠰᠢ ᠂ ᠬᠠᠷᠢᠨ ᠪᠢᠯᠢᠭᠲᠡᠢ ᠰᠥᠰᠥᠲᠡᠢ ᠡᠷ᠎ᠡ ᠶ᠋ᠢ ᠬᠡᠯᠡᠨ᠎ᠡ ᠃
     ᠲᠠᠭᠠᠷᠠᠨ᠎ᠠ ᠤᠤ ? ᠦᠭᠡᠢ ᠦᠦ  ᠲᠠ ᠨᠢᠭᠡ ᠪᠣᠳᠣᠵᠤ ᠦᠵᠡ  
        2
     ᠦᠬᠡᠷ ᠴᠢᠯᠠᠭᠤ ᠶ᠋ᠢ ᠡᠷᠭᠦᠭᠡᠳ ᠪᠣᠰᠳᠠᠭ ᠡᠷ᠎ᠡ ᠴᠢᠨᠢ ᠂ ᠥᠨᠳᠡᠭᠡᠨ ᠴᠢᠯᠠᠭᠤᠨ ᠳ᠋ᠤ᠌ ᠲᠠᠷᠤᠭᠳᠠᠴᠢᠭᠠᠳ ᠬᠥᠳᠡᠯᠵᠦ ᠳᠡᠢᠯᠬᠦ ᠦᠭᠡᠢ ᠃ 
     ᠦᠨᠡᠨ ᠦᠦ? ᠬᠤᠳᠠᠯ ᠤᠤ ? ᠥᠩᠭᠡᠷᠡᠭᠰᠡᠨ ᠡᠦᠲᠦ  ᠮᠤᠩᠭᠦᠢ ᠪᠢᠵᠡ ᠃ 
        3
     ᠭᠠᠳᠠ ᠶ᠋ᠢᠨ ᠭᠠᠢᠬᠠᠮᠰᠢᠭᠲᠠᠢ ᠨᠢ ᠦᠬᠡᠷ ᠴᠢᠯᠠᠭᠤ ᠶ᠋ᠢ ᠬᠥᠳᠡᠯᠭᠡᠬᠦ ᠴᠢᠳᠠᠯ ᠲᠠᠢ ᠳ᠋ᠠᠭᠠᠨ ᠪᠢᠰᠢ ᠂ ᠥᠨᠳᠡᠭᠡᠨ ᠴᠢᠯᠠᠭᠤ ᠶ᠋ᠢ ᠬᠥᠨᠳᠡᠬᠦ ᠵᠢᠷᠦᠬᠡ ᠲᠠᠢ ᠳ᠋ᠠᠭᠠᠨ ᠶᠤᠮ᠃
     ᠢᠲᠡᠭᠡᠨ᠎ᠡ ᠦᠦ ? ᠦᠭᠡᠢ ᠦᠦ  ? ᠦᠨᠡᠮᠰᠢᠵᠦ ᠶᠠᠳᠠᠮᠠᠷ ᠴᠤ᠌ ᠶᠠᠪᠤᠳᠠᠯ ᠪᠢᠰᠢ  ᠳᠡ᠃ 
        4
     ᠮᠠᠨᠤᠬᠤ ᠵᠢᠩᠰᠡ ᠶ᠋ᠢᠨ ᠬᠡᠮᠬᠡ ᠣᠢᠴᠢᠭᠰᠠᠨ ᠭᠠᠵᠠᠷ ᠠ᠋ᠴᠠ ᠮᠠᠨ ᠤ᠋ ᠪᠠᠭᠠᠲᠤᠷ ᠪᠣᠰᠴᠤ ᠵᠣᠭᠰᠣᠭᠰᠠᠨ ᠪᠢᠵᠡ ᠃ 
     ᠲᠡᠢᠮᠦ ᠤᠤ  ? ᠪᠢᠰᠢᠦ ? ᠶᠠᠭ ᠴᠢᠨᠠᠷ ᠢ᠋ ᠨᠢ ᠬᠡᠯᠡᠪᠡᠯ ᠡᠢᠮᠦ ᠯᠡ ᠪᠣᠢ ᠃ 

          ᠪᠠᠭᠴᠠ ᠴᠡᠴᠡᠭ 
     ᠪᠠᠭᠠᠲᠤᠷ ᠲᠠᠭᠠᠨ ᠭᠡᠵᠦ ᠪᠠᠭᠴᠠ ᠴᠡᠴᠡᠭ ᠠᠪᠤᠯ᠎ᠠ ᠃ ᠲᠡᠭᠡᠭᠡᠳ ᠴᠣᠬᠣᠮ ᠬᠠᠮᠢᠭ᠎ᠠ ᠭᠡᠵᠦ ᠲᠠᠯᠪᠢᠳᠠᠭ ᠪᠢᠯᠡ ?
     ᠠᠷᠠᠳ ᠤ᠋ᠨ ᠴᠡᠴᠡᠷᠯᠢᠭ ᠲᠦ᠍ ᠦᠦ ? 
     ᠪᠤᠯᠠᠰᠢ ᠨᠢ ᠲᠡᠨᠳᠡ ᠦᠭᠡᠢ ᠃ 
     ᠳᠠᠯᠠᠨ ᠬᠠᠷ᠎ᠠ ᠶ᠋ᠢᠨ ᠣᠩᠭᠣᠨ ᠳ᠋ᠤ᠌ ᠤᠤ ? 
     ᠴᠢᠨᠳᠠᠷ ᠨᠢ ᠠᠳᠠ ᠦᠭᠡᠢ ᠃
     ᠁ 
    ᠲᠡᠭᠡᠪᠡᠯ ᠂ ᠬᠠᠰᠢ ᠯᠠ ᠥᠯᠵᠡᠢᠮᠦᠷᠡᠨ ᠳ᠋ᠦ᠍ ᠤᠷᠤᠰᠬᠠᠬᠤ ᠶᠤᠮ ᠪᠢᠵᠡ ? 
    ᠦᠭᠡᠢ ᠬᠥᠮᠦᠨ ᠳ᠋ᠦ᠍ ᠦᠭᠴᠢᠬᠡᠶ᠎ᠡ᠃ 
    ᠤᠴᠢᠷ ᠨᠢ ᠂ ᠬᠥᠰᠢᠶ᠎ᠡ ᠳᠤᠷᠠᠰᠬᠠᠯ ᠨᠢ ᠬᠥᠮᠦᠰ ᠦ᠋ᠨ ᠰᠡᠳᠬᠢᠯ ᠵᠢᠷᠦᠬᠡᠨ ᠳ᠋ᠦ᠍ ᠰᠦᠨᠳᠡᠷᠯᠡᠵᠦ ᠪᠠᠢᠳᠠᠭ ᠶᠤᠮ ᠃ 

          ᠪᠠᠶᠠᠰᠤᠯ ᠲᠤᠬᠤᠷᠤᠭᠤᠯᠤᠯ 
    ᠥᠪᠥᠷ ᠮᠣᠩᠭᠣᠯ –– ᠵᠢᠱ᠌ᠢᠶᠡᠴᠢ ᠣᠷᠣᠨ ᠂ ᠡᠨᠡ ᠪᠣᠯ ᠶᠠᠭ ᠦᠨᠡᠨ!
    ᠥᠴᠥᠭᠡᠳᠦᠷ ᠡᠢᠮᠦ ᠪᠠᠢᠭᠰᠠᠨ ᠂ ᠥᠨᠥᠳᠥᠷ ᠴᠦ᠍ ᠡᠢᠮᠦ ᠪᠠᠢᠭᠰᠠᠭᠠᠷ ᠃ 
    ᠨᠠᠮ ᠠ᠋ᠴᠠ ᠢᠩᠭᠢᠵᠦ ᠦᠵᠡᠵᠦ ᠪᠠᠢᠨ᠎ᠠ ᠃ 
    ᠨᠡᠢᠲᠡ ᠪᠡᠷ ᠢ᠋ᠶ᠋ᠡᠨ ᠴᠦ᠍ ᠢᠩᠭᠢᠵᠦ ᠮᠡᠳᠡᠷᠡᠵᠦ ᠪᠠᠢᠨ᠎ᠠ ᠃ 
    ᠭᠡᠬᠦ ᠳ᠋ᠡᠭᠡᠨ ᠂ ᠦᠨᠡᠯᠡᠭᠦᠱᠢᠲᠡᠢ ᠨᠢ ᠭᠡᠪᠡᠯ ᠥᠴᠥᠭᠡᠳᠦᠷ ᠨᠢ ᠪᠢᠰᠢ ᠬᠠᠷᠢᠨ ᠥᠨᠥᠳᠥᠷ ᠨᠢ ᠪᠠᠢᠳᠠᠭ ᠃ 
    ᠡᠭᠦᠨ ᠳ᠋ᠦ᠍ ᠂ ᠦᠷᠡᠭᠳᠡᠭᠰᠡᠨ ᠪᠠᠭᠠᠲᠤᠷ ᠭᠠᠳᠠ ᠮᠢᠨᠢ ᠶᠢᠰᠦᠨ ᠪᠤᠯᠠᠭ ᠤ᠋ᠨ ᠳᠣᠣᠷ᠎ᠠ ᠴᠢ ᠪᠡᠶᠡᠰᠦᠨ ᠲᠤᠬᠤᠷᠤᠬᠤ ᠪᠣᠯᠤᠭᠠᠰᠠᠢ !
                                  1981 . 2 . 12 ᠲᠤ᠌ ᠪᠢᠴᠢᠵᠦ 1983 . 9 . 19 ᠳ᠋ᠦ᠍ ᠵᠠᠰᠠᠪᠠ ᠃