ᠴᠠᠬᠢᠭᠤᠷ ᠤᠨ ᠭᠠᠯ - ᠮ ᠂ ᠠᠰᠠᠷ Цахиурын гал - М ᠂ Асар
ᠴᠠᠬᠢᠭᠤᠷ ᠤᠨ ᠭᠠᠯ
ᠴᠦᠳᠡᠨᠵᠡ
ᠴᠦᠳᠡᠨᠵᠡ ᠭᠡᠵᠦ ᠬᠦᠬᠦᠷ ᠲᠣᠯᠣᠭᠠᠢ ᠲᠠᠢ ᠨᠣᠴᠣᠭᠠᠯᠭᠠ ᠪᠠᠢᠳᠠᠭ ᠃
ᠭᠡᠪᠡᠴᠦ ᠂ ᠵᠢᠷᠤᠭᠤᠯ ᠢ᠋ᠶ᠋ᠠᠷ ᠵᠢᠷᠤᠬᠤ ᠦᠭᠡᠢ ᠴᠠᠭ ᠲᠤ᠌ ᠲᠡᠷᠡ ᠶᠠᠭᠠᠬᠢᠭᠰᠠᠨ ᠴᠤ᠌ ᠥᠪᠡᠷ ᠢ᠋ᠶ᠋ᠡᠨ ᠨᠣᠴᠣᠵᠤ ᠪᠡᠶ᠎ᠡ ᠪᠡᠨ ᠦᠭᠡᠢ ᠬᠢᠬᠦ ᠦᠭᠡᠢ ᠪᠢᠵᠡ᠃
ᠴᠠᠬᠢᠭᠤᠷ
ᠴᠠᠬᠢᠭᠤᠷ ᠭᠡᠳᠡᠭ ᠲᠡᠷᠡ ᠪᠡᠶ᠎ᠡ ᠪᠡᠷ ᠢ᠋ᠶ᠋ᠡᠨ ᠴᠢᠯᠠᠭᠤ ᠪᠠᠢᠳᠠᠭ ᠃
ᠭᠡᠶ᠎ᠡ ᠂ ᠬᠡᠲᠡ ᠪᠡᠷ ᠴᠣᠬᠢᠬᠤ ᠳ᠋ᠤ᠌ ᠬᠦᠷᠪᠡᠯ ᠲᠡᠷᠡ ᠪᠠᠰᠠ ᠠᠷᠭ᠎ᠠ ᠦᠭᠡᠢ ᠣᠴᠢ ᠪᠠᠳᠠᠷᠠᠵᠤ ᠭᠠᠯ ᠰᠠᠭᠤᠯᠭᠠᠳᠠᠭ ᠪᠢᠰᠢᠦ
ᠨᠡᠭᠦᠷᠡᠰᠦ
ᠨᠡᠭᠦᠷᠡᠰᠦ ᠶ᠋ᠢ ᠦᠵᠡᠬᠦ ᠳ᠋ᠦ᠍ ᠬᠠᠷ᠎ᠠ ᠥᠩᠭᠡ ᠲᠡᠢ ᠂ ᠲᠡᠮᠲᠡᠷᠢᠬᠦ ᠳ᠋ᠦ᠍ ᠬᠦᠢᠲᠡᠨ ᠴᠢᠨᠠᠷ ᠲᠠᠢ ᠪᠠᠢᠳᠠᠭ ᠃
ᠭᠡᠲᠡᠯ᠎ᠡ ᠂ ᠭᠠᠯ ᠳ᠋ᠤ᠌ ᠣᠷᠣᠭᠠᠳ ᠬᠥᠭᠵᠢᠬᠦ ᠳ᠋ᠦ᠍ ᠬᠦᠷᠪᠡᠯ ᠳᠥᠯᠥ ᠨᠢ ᠤᠯᠠᠭᠠᠨ ᠂ ᠢᠯᠴᠢ ᠨᠢ ᠬᠠᠯᠠᠭᠤᠨ ᠂ ᠦᠨᠡᠰᠦ ᠨᠢ ᠴᠠᠭᠠᠨ ᠪᠠᠢᠳᠠᠭ ᠪᠢᠰᠢᠦ
1981 . 11 . 26 ᠬᠥᠬᠡᠬᠣᠲᠠ
