ᠪᠢ ᠮᠠᠢᠭ᠎ᠠ-ᠲ ᠲᠦᠪᠰᠢᠠᠠᠮᠤᠭᠤᠯᠠᠩ-ᠭᠠᠢᠬᠠᠮᠰᠢᠭ᠌ᠲᠤ ᠵᠢᠵᠢᠭᠬᠡᠨ ᠬᠦᠮᠦᠰ-Би майга- т түвшинамгалан-Гайхамшигт жижигхэн хүмүүс ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠮᠠᠢᠭ᠎ᠠ-ᠲ ᠲᠦᠪᠰᠢᠠᠠᠮᠤᠭᠤᠯᠠᠩ-ᠭᠠᠢᠬᠠᠮᠰᠢᠭ᠌ᠲᠤ ᠵᠢᠵᠢᠭᠬᠡᠨ ᠬᠦᠮᠦᠰ-Би майга- т түвшинамгалан-Гайхамшигт жижигхэн хүмүүс

ᠪᠢ ᠮᠠᠢᠭ᠎ᠠ-ᠲ ᠲᠦᠪᠰᠢᠠᠠᠮᠤᠭᠤᠯᠠᠩ-ᠭᠠᠢᠬᠠᠮᠰᠢᠭ᠌ᠲᠤ ᠵᠢᠵᠢᠭᠬᠡᠨ ᠬᠦᠮᠦᠰ-Би майга- т түвшинамгалан-Гайхамшигт жижигхэн хүмүүс

2023-05-25

417

ᠪᠢ ᠮᠠᠢᠭ᠎ᠠ

ᠪᠢ ᠮᠣᠷᠢ ᠤᠨᠤᠵᠤ ᠮᠠᠢᠭ᠎ᠠ ᠪᠣᠯᠤᠭᠰᠠᠨ ᠮᠣᠩᠭᠣᠯ
ᠰᠤᠭᠤᠨᠠᠭ ᠨᠣᠭᠣᠭᠠᠨ ᠲᠠᠯ᠎ᠠ ᠬᠠᠨ᠎ᠠ ᠪᠠᠨ ᠳᠤᠭᠤᠶ᠋ᠢᠯᠠᠬᠤ ᠰᠢᠭ᠋ ᠮᠠᠢᠭ᠎ᠠ
ᠰᠣᠷᠣᠨ ᠪᠤᠭᠤᠶ᠋ᠢᠯᠢ ᠲᠩᠷᠢ ᠳ᠋ᠦ᠍ ᠭᠣᠭᠴᠣᠭᠠᠷᠠᠬᠤ ᠰᠢᠭ᠋ ᠮᠠᠢᠭ᠎ᠠ
ᠬᠠᠴᠠᠷ ᠭᠤᠸ᠋᠎ᠠ ᠥᠬᠢᠳ ᠦ᠋ᠨ ᠬᠠᠷᠠᠴᠠ ᠬᠠᠷ᠎ᠠ ᠬᠥᠮᠥᠰᠬᠡ ᠰᠢᠭ ᠮᠠᠢᠭ᠎ᠠ᠂ ᠪᠢ ᠮᠠᠢᠭ᠎ᠠ
ᠳᠤᠭᠤᠷ᠎ᠠ ᠡᠷᠭᠢᠬᠦ ᠰᠢᠭ ᠮᠠᠢᠭ᠎ᠠ
ᠨᠢᠳᠦ ᠡᠷᠭᠢᠬᠦ ᠰᠢᠭ ᠮᠠᠢᠭ᠎ᠠ
ᠤᠶᠠᠭᠠᠨ ᠤ᠋ ᠮᠣᠳᠣ ᠰᠢᠭ᠋ ᠮᠠᠢᠭ᠎ᠠ
ᠤᠶᠠᠭᠠᠴᠢᠳ ᠰᠢᠭ᠋ ᠮᠠᠢᠭ᠎ᠠ
ᠬᠡᠯᠬᠡᠭᠡᠷ᠂ ᠬᠠᠯᠬᠠᠭᠠᠷ ᠪᠥᠬᠡᠴᠦᠳ ᠰᠢᠭ ᠮᠠᠢᠭ᠎ᠠ
ᠬᠡᠯᠡᠭᠰᠡᠨ ᠴᠦ᠍ ᠮᠠᠢᠭ᠎ᠠ
ᠬᠡᠯᠡᠭᠡ ᠦᠭᠡᠢ ᠴᠦ᠍ ᠮᠠᠢᠭ᠎ᠠ
ᠪᠢ ᠮᠠᠢᠭ᠎ᠠ
ᠶᠡᠬᠡ ᠳᠡᠯᠡᠬᠡᠢ ᠶ᠋ᠢᠨ ᠲᠡᠩᠭᠡᠯᠢᠭ ᠨᠠᠮ᠎ᠠ ᠶ᠋ᠢ ᠳᠠᠭᠤᠷᠢᠶᠠᠵᠤ ᠡᠷᠭᠢᠨ᠎ᠡ
ᠶᠡᠬᠡ ᠳᠡᠭᠡᠷ᠎ᠡ ᠰᠢᠪᠠᠭᠤᠳ ᠨᠠᠮ᠎ᠠ ᠶ᠋ᠢ ᠳᠠᠭᠤᠷᠢᠶᠠᠵᠤ ᠵᠢᠷᠭᠢᠨ᠎ᠡ
ᠬᠠᠵᠠᠭᠠᠷ ᠤ᠋ᠨ ᠲᠡᠩᠭᠡᠯᠢᠭ ᠨᠠᠮ᠎ᠠ ᠶ᠋ᠢ ᠳᠠᠭᠤᠷᠢᠶᠠᠵᠤ ᠵᠥᠷᠢᠨ᠎ᠡ
ᠬᠠᠭᠠᠨ ᠰᠣᠶᠣᠮᠪᠣ ᠶ᠋ᠢᠨ ᠬᠣᠶᠠᠷ ᠵᠢᠭᠠᠰᠤ ᠨᠠᠮ᠎ᠠ ᠶ᠋ᠢ ᠳᠠᠭᠤᠷᠢᠶᠠᠵᠤ ᠵᠢᠷᠤᠨ᠎ᠠ
ᠪᠢ ᠮᠠᠢᠭ᠎ᠠ
ᠨᠠᠷᠠ ᠲᠣᠭᠣᠷᠢᠭᠤᠯᠵᠤ ᠲᠠᠲᠠᠯᠠᠭᠰᠠᠨ ᠵᠠᠷᠭᠤ ᠶ᠋ᠢᠨ ᠪᠢᠴᠢᠭ ᠰᠢᠭ ᠮᠠᠢᠭ᠎ᠠ
ᠨᠠᠮᠤᠷ ᠤ᠋ᠨ ᠠᠯᠲᠠᠨ ᠠᠷᠭᠠᠮᠵᠢᠶ᠎ᠠ ᠰᠢᠪᠡᠭᠡ ᠶ᠋ᠢᠨ ᠲᠣᠯᠣᠭᠠᠢ ᠰᠢᠭ᠋ ᠮᠠᠢᠭ᠎ᠠ
ᠬᠣᠷᠸ᠋᠎ᠠ ᠶ᠋ᠢᠨ ᠬᠥᠬᠡ ᠰᠣᠷᠪᠢ ᠮᠠᠬᠢᠷ ᠰᠡᠯᠡᠮ᠎ᠡ ᠰᠢᠭ ᠮᠠᠢᠭ᠎ᠠ
ᠬᠣᠲᠠᠯᠠᠭᠰᠠᠨ ᠣᠳᠣᠨ ᠤ᠋ ᠵᠡᠯ᠎ᠡ ᠲᠩᠷᠢ ᠶ᠋ᠢᠨ ᠵᠠᠭᠠᠳᠠᠰᠤ ᠰᠢᠭ᠋ ᠮᠠᠢᠭ᠎ᠠ
ᠵᠠᠪᠢᠯᠠᠬᠤ ᠳ᠋ᠤ᠌ ᠠᠮᠠᠷᠬᠠᠨ ᠪᠠᠶ᠋ᠢᠲᠠᠭ ᠶᠤᠮ ᠮᠠᠢᠭ᠎ᠠ
ᠵᠠᠪᠢᠯᠠᠬᠤ ᠪᠠᠷ ᠢ᠋ᠶ᠋ᠠᠨ ᠵᠠᠯᠪᠠᠷᠢᠳᠠᠭ ᠶᠤᠮ ᠮᠠᠢᠭ᠎ᠠ
ᠰᠠᠷᠠ ᠬᠦᠷᠢᠶᠡᠯᠡᠬᠦ ᠨᠢ ᠬᠥᠮᠦᠨ ᠦ᠌ ᠶᠠᠪᠤᠳᠠᠯ ᠪᠢᠰᠢ᠂ ᠮᠢᠨᠦᠬᠢ
ᠰᠣᠯᠣᠩᠭ᠎ᠠ ᠲᠠᠲᠠᠬᠤ ᠨᠢ ᠰᠠᠷᠠᠨ ᠤ᠋ ᠶᠠᠪᠤᠳᠠᠯ ᠪᠢᠰᠢ᠂ ᠮᠢᠨᠦᠬᠢ
ᠨᠢᠷᠤᠭᠤᠨ ᠳᠡᠭᠡᠷ᠎ᠡ ᠮᠢᠨᠢ ᠢᠴᠡᠭᠰᠡᠨ ᠰᠢᠨ᠎ᠡ ᠶ᠋ᠢᠨ ᠭᠤᠷᠪᠠᠨ ᠤ᠋ ᠰᠠᠷᠠ ᠰᠢᠭ᠋ ᠮᠠᠢᠭ᠎ᠠ
ᠳᠥᠷᠪᠡᠨ ᠪᠡᠷᠬᠡ ᠪᠣᠯᠤᠭᠰᠠᠨ ᠰᠢᠷᠠᠮᠠᠯ ᠲᠣᠭᠣᠷᠢᠯᠭ᠎ᠠ ᠰᠢᠭ᠋ ᠮᠠᠢᠭ᠎ᠠ
ᠲᠤᠭᠤᠷᠠᠢ ᠶ᠋ᠢᠨ ᠬᠡ ᠲᠡᠢ ᠮᠠᠢᠭ᠎ᠠ
ᠲᠤᠯᠭᠠᠨ ᠤ᠋ ᠪᠦᠰᠡᠯᠡᠭᠦᠷ ᠰᠢᠭ ᠮᠠᠢᠭ᠎ᠠ
ᠪᠢ ᠮᠣᠷᠢ ᠤᠨᠤᠵᠤ ᠮᠠᠢᠭ᠎ᠠ ᠪᠣᠯᠤᠭᠰᠠᠨ
ᠮᠣᠷᠢᠨ ᠬᠤᠭᠤᠷ ᠳᠠᠷᠤᠵᠤ ᠮᠠᠢᠭ᠎ᠠ ᠪᠣᠯᠤᠭᠰᠠᠨ ᠮᠣᠩᠭᠣᠯ
ᠠᠳᠤᠭᠤᠨ ᠤ᠋ ᠬᠠᠪᠢᠷᠭ᠎ᠠ ᠰᠢᠭ᠋ ᠮᠠᠢᠭ᠎ᠠ
ᠠᠷᠤᠭ ᠱᠡᠵᠡᠭᠡᠢ ᠰᠢᠭ ᠮᠠᠢᠭ᠎ᠠ
ᠬᠣᠷᠸ᠋᠎ᠠ ᠳ᠋ᠤ᠌ ᠬᠣᠪᠣᠷᠬᠠᠨ ᠮᠠᠢᠭ᠎ᠠ
ᠠᠷᠰᠯᠠᠨ ᠵᠠᠭᠠᠨ  ᠳ᠋ᠤ᠌ ᠰᠣᠶᠣᠭᠠᠳᠠᠭᠰᠠᠨ ᠡᠷᠲᠡᠨ ᠦ᠌ ᠡᠪᠦᠭᠡᠳ ᠰᠢᠭ ᠮᠠᠢᠭ᠎ᠠ
ᠠᠯᠲᠠᠨ ᠰᠤᠮᠤ ᠪᠠᠨ ᠠᠯᠳᠠᠬᠤ ᠭᠡᠵᠦ ᠡᠪᠰᠢᠶᠡᠭᠰᠡᠨ ᠨᠤᠮᠤ ᠰᠢᠭ᠋ ᠮᠠᠢᠭ᠎ᠠ
ᠡᠵᠢ ᠰᠢᠭ ᠢ᠋ᠶ᠋ᠡᠨ ᠮᠠᠢᠭ᠎ᠠ
ᠡᠴᠢᠭᠡ ᠰᠢᠭ ᠢ᠋ᠶ᠋ᠡᠨ ᠮᠠᠢᠭ᠎ᠠ
ᠬᠡᠦᠬᠡᠳ ᠦ᠋ᠳ ᠮᠢᠨᠢ ᠮᠠᠢᠭ᠎ᠠ
ᠬᠠᠭᠠᠨ ᠴᠢᠩᠭᠢᠰ ᠮᠢᠨᠢ ᠮᠠᠢᠭ᠎ᠠ
ᠬᠠᠰ ᠯᠤᠤ ᠲᠠᠮᠠᠭ᠎ᠠ ᠮᠢᠨᠢ ᠮᠠᠢᠭ᠎ᠠ
ᠶᠠᠰᠤ ᠮᠢᠨᠢ ᠮᠠᠢᠭ᠎ᠠ
ᠴᠢᠰᠤ ᠮᠢᠨᠢ ᠮᠠᠢᠭ᠎ᠠ
ᠶᠠᠭᠠᠬᠢᠯᠲᠠ ᠴᠤ᠌ ᠦᠭᠡᠢ ᠮᠠᠢᠭ᠎ᠠ
ᠶᠠᠭᠠᠬᠢᠬᠤ ᠠᠷᠭ᠎ᠠ ᠦᠭᠡᠢ ᠬᠥᠬᠡ ᠲᠣᠯᠪᠣᠲᠤ ᠬᠥᠬᠡ ᠲᠩᠷᠢ ᠮᠢᠨᠢ ᠮᠠᠢᠭ᠎ᠠ
ᠪᠢ ᠮᠣᠷᠢ ᠤᠨᠤᠵᠤ ᠮᠠᠢᠭ᠎ᠠ ᠪᠣᠯᠤᠭᠰᠠᠨ ᠮᠠᠢᠭ᠎ᠠ

   
ᠠᠮᠢᠯᠠᠭᠤᠯᠤᠭᠰᠠᠨ ᠄ ᠬᠠᠰᠴᠢᠮᠡᠭ
   
ᠬᠢᠨᠠᠭᠰᠠᠨ ᠄ ᠠᠯᠲᠠᠠ᠋ᠭᠤᠯᠠ

ᠲ ᠲᠦᠪᠰᠢᠠᠠᠮᠤᠭᠤᠯᠠᠩ ᠤᠨ ᠲᠤᠬᠠᠢ