ᠠᠮᠢᠲᠠᠳ ᠤᠨ ᠤᠴᠢᠷ (ᠮᠦᠴᠡᠯᠭᠡ ᠰᠢᠯᠦᠭ ) - ᠮ ᠂ ᠠᠰᠠᠷ Амьтдын учир (мөчлөг шүлэг ) - М ᠂ Асар
ᠠᠮᠢᠲᠠᠳ ᠤᠨ ᠤᠴᠢᠷ (ᠮᠦᠴᠡᠯᠭᠡ ᠰᠢᠯᠦᠭ )
ᠰᠠᠮᠵᠠ
– ᠲᠠ ᠲᠡᠭᠡᠵᠦ ᠦᠵᠡᠳᠡᠭ ᠪᠢ ᠢᠩᠭᠢᠵᠦ ᠪᠣᠳᠣᠳᠠᠭ
1
ᠬᠥᠭᠡᠷᠦᠬᠦᠢ ᠰᠠᠮᠵᠠ ᠂ ᠦᠢᠯᠡ ᠲᠡᠢ ᠴᠦ᠍ ᠠᠮᠢᠲᠠᠨ ᠃
ᠡᠷᠲᠡ ᠴᠠᠭ ᠲᠤ᠌ ᠨᠢᠭᠡ ᠯᠡ ᠪᠡᠴᠢᠨ ᠲᠣᠯᠣᠭᠠᠢ ᠳ᠋ᠠᠭᠠᠨ ᠴᠠᠭᠠᠷᠢᠭ ᠬᠢᠯᠭᠡᠭᠰᠡᠨ ᠡᠴᠡ ᠂ ᠡᠳᠦᠭᠡ ᠪᠣᠯᠬᠤ ᠳ᠋ᠤ᠌ ᠬᠡᠴᠢᠨᠡᠨ ᠰᠠᠮᠵᠠᠨ ᠤ᠋ ᠬᠦᠵᠦᠭᠦᠨ ᠳ᠋ᠦ᠍ ᠭᠢᠨᠵᠢ ᠣᠷᠣᠪᠠ᠃
ᠬᠥᠭᠡᠷᠦᠬᠦᠢ ᠰᠠᠮᠵᠠ ᠬᠦᠢᠲᠡᠨ ᠲᠡᠮᠦᠷ ᠭᠢᠨᠵᠢ ᠶ᠋ᠢ ᠭᠠᠷ ᠤ᠋ᠨ ᠣᠷᠣ – ᠬᠠ ᠪᠠᠷ ᠢᠶᠠᠨ ᠬᠠᠶᠠ ᠬᠠᠶᠠ ᠮᠠᠭᠠᠵᠢᠵᠤ ᠮᠠᠯᠲᠠᠨ᠎ᠠ ᠃
ᠲᠡᠭᠡᠶ᠎ᠡ ᠯᠡ ᠂ ᠲᠡᠯᠴᠢᠯᠡᠬᠦ ᠲᠡᠳᠦᠢ ᠲᠠᠯᠠᠭᠠᠷ ᠬᠡᠷᠡᠭ ᠃ ᠲᠡᠭᠦᠨ ᠢ᠋ ᠲᠡᠷᠡ ᠲᠠᠰᠤᠳᠠᠵᠤ ᠳᠡᠢᠯᠬᠦ ᠡᠴᠡ ᠬᠣᠯᠠᠳᠠᠭᠠᠳ ᠂ ᠲᠠᠶᠠᠭᠳᠠᠵᠤ ᠴᠢᠳᠠᠬᠤ ᠠ᠋ᠴᠠ ᠠᠩᠭᠢᠵᠢᠷᠠᠵᠠᠢ ᠃
ᠬᠥᠮᠦᠨ ᠪᠢᠰᠢ ᠰᠠᠮᠵᠠ ᠶᠤᠮ ᠪᠣᠯᠬᠣᠷ ᠂ ᠬᠥᠭᠡᠷᠦᠬᠦᠢ ᠲᠡᠭᠦᠨ ᠦ᠌ ᠰᠠᠨᠠᠨ ᠰᠠᠨᠠᠨ ᠲᠡᠭᠡᠬᠦ ᠨᠢ ᠵᠥᠪ ᠴᠦ᠍ ᠶᠦ᠍ᠮ ᠪᠣᠯᠪᠠᠤ?
2
ᠬᠡᠯᠲᠡᠷᠬᠡᠢ ᠬᠠᠷᠠᠩᠭ᠎ᠠ ᠶ᠋ᠢᠨ ᠳᠠᠭᠤᠨ ᠂ ᠰᠡᠮᠡᠷᠬᠡᠢ ᠲᠠᠰᠢᠭᠤᠷ ᠤ᠋ᠨ ᠳᠣᠬᠢᠯᠲᠠ ᠪᠠᠷ ᠂ ᠦᠢᠯᠡ ᠲᠡᠢ ᠰᠠᠮᠵᠠ ᠦᠬᠡᠷ ᠴᠠᠮ ᠤ᠋ᠨ ᠪᠠᠭᠠᠰᠢ ᠪᠠᠨ ᠭᠠᠷᠭᠠᠵᠤ ᠡᠬᠢᠯᠡᠯ᠎ᠡ ᠃
ᠡᠰᠢ ᠳᠠᠰᠢ ᠦᠰᠦᠷᠴᠦ ᠂ ᠳᠡᠭᠡᠭᠰᠢ ᠳᠣᠭᠣᠭᠰᠢ ᠲᠣᠩᠭᠣᠴᠠᠨ ᠬᠥᠯᠥᠰᠥ ᠤᠰᠤ ᠪᠠᠨ ᠰᠢᠪᠬᠠᠵᠤ ᠂ ᠬᠥᠯ ᠨᠢᠷᠤᠭᠤ ᠪᠠᠨ ᠬᠥᠰᠢᠭᠡᠭᠰᠡᠨ ᠦ᠌ ᠬᠠᠷᠢᠭᠤ ᠂ ᠰᠠᠮᠵᠠᠨ ᠤ᠋ ᠠᠯᠠᠭᠠᠨ ᠳ᠋ᠤ᠌ ᠬᠣᠷᠣᠬᠠᠢ ᠲᠠᠢ ᠬᠡᠳᠦᠬᠡᠨ ᠴᠢᠪᠠᠭ᠎ᠠ᠂ ᠡᠵᠡᠨ ᠦ᠌ ᠡᠪᠦᠷ ᠲᠦ᠍ ᠡᠪᠬᠡᠭᠡᠲᠡᠢ ᠪᠠᠬᠠᠨ ᠵᠣᠭᠣᠰ᠃
ᠭᠡᠶ᠎ᠡ ᠯᠡ ᠂ ᠰᠠᠮᠵᠠ ᠪᠠᠰᠠ ᠣᠯᠬᠤ ᠪᠠᠨ ᠣᠯᠵᠤ ᠭᠡᠮᠡᠨ ᠴᠢᠪᠠᠭ᠎ᠠ ᠶ᠋ᠢ ᠠᠮᠠᠨ ᠳ᠋ᠠᠭᠠᠨ ᠬᠢᠴᠢᠭᠡᠳ ᠴᠢᠨᠠᠳᠤᠬᠢ ᠵᠣᠭᠣᠰ ᠢ᠋ ᠣᠢᠰᠢᠶᠠᠮᠠᠷ᠃
ᠴᠠᠭᠠᠰᠤᠨ ᠳ᠋ᠤ᠌ ᠣᠷᠣᠬᠤ ᠪᠠᠷ ᠴᠢᠪᠠᠭ᠎ᠠ ᠨᠢ ᠳᠡᠭᠡᠷ᠎ᠡ ᠭᠡᠵᠦ ᠰᠠᠮᠵᠠ ᠥᠪᠡᠷ ᠢ᠋ᠶ᠋ᠡᠨ ᠰᠣᠩᠭᠣᠪᠠ ᠭᠡᠵᠢ ᠦᠦ ?
3
ᠡᠷᠭᠢᠨ ᠲᠣᠭᠣᠷᠢᠨ ᠳ᠋ᠤᠨᠢ ᠡᠪᠬᠡᠷᠡᠵᠦ ᠵᠣᠭᠰᠣᠭᠰᠠᠨ ᠣᠯᠠᠨ ᠤ᠋ ᠳᠣᠲᠣᠷ᠎ᠠ ᠡᠨᠡ ᠲᠡᠷᠡ ᠶᠠᠷᠢᠶ᠎ᠠ ᠡᠭᠦᠰᠪᠡ
– ᠡᠨᠡ ᠰᠠᠮᠵᠠ ᠠ᠋ ! ᠦᠢᠯᠡ ᠲᠡᠢ ᠲᠥᠷᠥᠵᠡᠢ
– ᠡᠨᠡ ᠲᠡᠨᠡᠭ ᠠ᠋ ! ᠬᠥᠭᠡᠷᠦᠬᠦᠢ ᠴᠦ᠍ ᠠᠮᠢᠲᠠᠨ ᠦᠭᠡᠯᠡᠵᠦ ᠶᠠᠷᠢᠬᠤ ᠶ᠋ᠢ ᠨᠢ ᠰᠣᠨᠣᠰᠪᠠᠯ ᠂ ᠥᠷᠢ ᠡᠪᠡᠳᠴᠦ ᠪᠠᠢᠬᠤ ᠰᠢᠭ᠋ ᠂ ᠦᠵᠡᠬᠦ ᠨᠢᠳᠦᠨ ᠬᠠᠷᠠᠴᠠ ᠶ᠋ᠢ ᠨᠢ ᠠᠵᠢᠪᠠᠯ ᠂ ᠬᠣᠯᠠ ᠴᠠᠭᠠᠨ᠎ᠠ ᠠ᠋ᠴᠠ ᠪᠠᠨ ᠬᠦᠢᠲᠡ ᠣᠷᠬᠢᠭᠰᠠᠭᠠᠷ ᠡᠨᠡ ᠨᠢ ᠴᠦ᠍
ᠬᠣᠬᠢ ᠨᠢ ᠲᠡᠷᠡ !ᠲᠡᠷᠡ ᠭᠡᠬᠦ ᠰᠢᠭ ᠰᠠᠮᠵᠠ ᠤᠷᠤᠭᠤ ᠭᠢᠯᠠᠯᠵᠠᠨ᠎ᠠ᠃ ᠲᠡᠷᠡ ᠨᠢ ᠴᠦ᠍
ᠵᠠᠶᠠᠭ᠎ᠠ ᠨᠢ ᠲᠡᠨᠳᠡ! ᠭᠡᠬᠦ ᠮᠡᠲᠦ ᠰᠠᠮᠵᠠ ᠤᠷᠤᠭᠤ ᠰᠢᠯᠪᠢᠯᠵᠢᠨᠡ᠃
ᠳᠡᠯᠢᠭᠦᠨ ᠴᠢᠷᠠᠢ ᠂ ᠳᠡᠭᠡᠷᠡᠩᠭᠦᠢ ᠬᠠᠷᠠᠴᠠ ᠪᠦᠬᠦᠨ ᠪᠦᠷ ᠯᠡ ᠰᠠᠮᠵᠠ ᠤᠷᠤᠭᠤ ᠃
ᠬᠦᠵᠦᠭᠦᠦ ᠪᠡᠨ ᠣᠭᠣᠰᠣᠷᠯᠠᠭᠤᠯᠤᠭᠰᠠᠨ ᠰᠠᠮᠵᠠᠨ ᠤ᠋ ᠵᠣᠪᠠᠯᠠᠩ ᠬᠥᠮᠦᠰ ᠶᠡᠷᠦ ᠨᠢ ᠮᠡᠳᠡᠳᠡᠭ ᠦᠭᠡᠢ ᠴᠦ᠍ ᠪᠣᠯᠪᠠᠤ ?
4
ᠬᠠᠷᠠᠩᠭ᠎ᠠ ᠶ᠋ᠢᠨ ᠳᠠᠭᠤᠨ ᠳ᠋ᠤ᠌ ᠳᠦᠢᠷᠡᠨ ᠵᠠᠪᠳᠤᠭᠰᠠᠨ ᠴᠢᠬᠢ ᠨᠢ ᠮᠥᠳᠳᠥ ᠨᠠᠮ ᠪᠣᠯᠵᠤ ᠂ ᠲᠠᠰᠢᠭᠤᠷ ᠤ᠋ᠨ ᠬᠤᠢᠪᠢᠨ ᠳ᠋ᠤ᠌ ᠢᠵᠠᠷᠠᠨ ᠰᠢᠬᠠᠭᠰᠠᠨ ᠮᠠᠬᠠᠪᠣᠳ ᠨᠢ ᠭᠡᠯ ᠠᠶᠠᠳᠴᠤ ᠢᠷᠡᠲᠡᠯ᠎ᠡ ᠂ ᠬᠥᠨᠳᠡᠯᠡᠨ ᠡᠴᠡ ᠨᠢ ᠴᠣᠷᠭᠢᠵᠤ ᠂ ᠬᠦᠢᠲᠡᠨ ᠢ᠋ᠶ᠋ᠡᠷ ᠲᠤᠰᠬᠤ ᠬᠥᠮᠦᠰ ᠤᠨ ᠬᠠᠷᠠᠴᠠ ᠳ᠋ᠤ᠌ ᠵᠢᠷᠦᠬᠡ ᠨᠢ ᠵᠢᠬᠢᠭᠦᠰᠴᠦ ᠪᠣᠯᠤᠯᠲᠠᠢ ᠰᠠᠢᠬᠢ ᠰᠠᠮᠵᠠ ᠭᠡᠨᠡᠳᠲᠡ ᠪᠠᠢᠭᠰᠠᠭᠠᠷ ᠬᠠᠯᠢᠷ ᠠᠮᠠ ᠨᠢ ᠲᠠᠲᠠᠭᠠᠨᠠᠨ ᠂ ᠬᠠ ᠭᠤᠶ᠎ᠠ ᠨᠢ ᠠᠲᠠᠪᠠᠯᠵᠠᠭᠰᠠᠨ ᠢᠶᠠᠨ ᠦᠰᠦ ᠨᠢ ᠥᠷᠥᠪᠢᠰᠬᠢᠨ ᠪᠣᠰᠤᠭᠠᠳ ᠂ ᠨᠢᠳᠦ ᠨᠢ ᠴᠢᠬᠢᠰᠭᠡᠨ ᠭᠡᠷᠡᠯᠲᠦᠪᠡ ᠃
ᠬᠥᠮᠦᠨ ᠦ᠌ ᠬᠣᠩᠰᠢᠶᠠᠷ ᠬᠢᠲᠤᠭ᠎ᠠ ᠰᠢᠪᠦᠭᠡ ᠂ ᠬᠦᠢᠲᠡᠨ ᠬᠠᠷᠠᠴᠠ ᠨᠢ ᠬᠤᠷᠴᠠ ᠮᠡᠰᠡ ᠭᠡᠰᠡᠨ ᠢ᠋ ᠲᠡᠷᠡ ᠪᠠᠰᠠ ᠤᠬᠠᠵᠤ ᠮᠡᠳᠡᠭᠡ ᠶᠦ᠍ᠮ ᠪᠢᠵᠡ ? ᠵᠠᠢᠯᠠᠭᠤᠯ
5
ᠦᠢᠯᠡ ᠲᠡᠢ ᠰᠠᠮᠵᠠ ᠬᠥᠭᠡᠷᠦᠬᠦᠢ ᠴᠦ᠍ ᠠᠮᠢᠲᠠᠨ ᠃
ᠬᠦᠵᠦᠭᠦᠨ ᠦ᠌ ᠪᠡᠨ ᠭᠢᠨᠵᠢ ᠶ᠋ᠢ ᠬᠤᠷᠤᠭᠤ ᠬᠢᠮᠤᠰᠤ ᠪᠠᠷ ᠢ᠋ᠶ᠋ᠠᠨ ᠤᠭᠵᠢᠬᠤ ᠂ ᠤᠷᠤᠭᠤᠯ ᠰᠢᠲᠦ ᠪᠡᠷ ᠢ᠋ᠶ᠋ᠡᠨ ᠬᠡᠮᠡᠯᠢᠬᠦ ᠨᠢ
《 ᠳᠡᠭᠡᠳᠦ ᠶ᠋ᠢᠨ ᠦᠶ᠎ᠡ ᠳ᠋ᠡᠭᠡᠨ ᠪᠢᠳᠡ ᠴᠢᠨᠢ ᠬᠤᠷᠮᠤᠰᠲᠠ ᠲᠡᠭᠷᠢ ᠶ᠋ᠢ ᠲᠦᠢᠳᠴᠢᠳᠡᠭ ᠴᠢᠳᠠᠯ ᠲᠠᠢ ᠪᠠᠢᠭᠰᠠᠨ ᠳ᠋ᠠᠭ ᠡᠨᠡ ᠯᠡ ᠪᠠᠢᠭᠰᠠᠨ ᠦᠭᠡᠢ ᠪᠣᠯ ! 》 ᠭᠡᠬᠦ ᠰᠢᠭ ᠶᠦ᠍ᠮ ᠃
ᠬᠥᠮᠦᠰ ᠤᠨ ᠵᠦᠭ ᠬᠦᠵᠦᠭᠦᠦ ᠪᠡᠨ ᠭᠢᠯᠵᠢᠢᠯᠭᠡᠨ ᠤᠩᠬᠤᠭᠠᠷ ᠬᠣᠶᠠᠷ ᠨᠢᠳᠦ ᠪᠡᠨ ᠤᠷᠪᠠᠩ ᠤᠷᠪᠠᠩ ᠬᠢᠬᠦ ᠨᠢ ᠄ 《ᠲᠠᠨᠠᠷ ᠲᠠᠩᠳᠠ ᠨᠠᠮᠠᠶᠢ ᠲᠡᠭᠡᠵᠦ ᠵᠢᠬᠡᠭᠦᠨ ᠭᠢᠯᠤᠢᠬᠤ ᠴᠤ᠌ ᠶᠠᠭᠠᠮᠠᠢ ᠳ᠋ᠠ᠂ ᠲᠠᠰᠢᠭᠤᠷ ᠳᠠᠯᠠᠢᠭᠰᠠᠨ ᠲᠡᠭᠦᠨ ᠢ᠋ ᠲᠠᠯ᠎ᠠ ᠳ᠋ᠤᠨᠢ ᠬᠠᠶᠠᠴᠢᠳᠠᠭ ᠴᠢᠨᠢ ᠶᠠᠭᠠᠬᠢᠪᠠ ?》 ᠭᠡᠬᠦ ᠴᠦ᠍ ᠶᠤᠮᠰᠢᠭ᠃
ᠬᠥᠭᠡᠷᠦᠬᠦᠢ – ᠲᠡᠷᠡ ᠰᠠᠮᠵᠠ ᠂ ᠬᠡᠷᠪᠡ ᠬᠡᠯᠡ ᠮᠡᠳᠡᠳᠡᠭ ᠪᠠᠢᠭᠠᠳ ᠭᠢᠨᠵᠢ ᠦᠭᠡᠢ ᠪᠣᠯᠤᠭᠰᠠᠨ ᠴᠤ᠌ ᠪᠣᠯ ᠁
ᠪᠠᠭᠠᠯ
– ᠪᠠᠭᠠᠯ ᠭᠡᠵᠦ ᠪᠠᠵᠠᠭᠠᠬᠤ ᠦᠭᠡᠢ ᠠᠮᠢᠲᠠᠨ ᠂
ᠪᠢ ᠪᠠᠰᠠ ᠲᠤᠢᠯ ᠢ᠋ᠶ᠋ᠠᠷ ᠵᠢᠭᠰᠢᠳᠡᠭ ᠃
ᠪᠠᠭᠠᠯ ᠭᠡᠳᠡᠭ ᠨᠣᠬᠠᠢ ᠶ᠋ᠢᠨ ᠲᠥᠷᠥᠯ ᠴᠦ᠍ ᠂ ᠬᠣᠲᠠ ᠱᠠᠭᠢᠭᠤᠯᠤᠭᠠᠳ ᠬᠤᠯᠠᠭᠠᠢᠴᠢ ᠲᠡᠭᠦᠨ ᠢ᠋ ᠣᠢᠰᠢᠶᠠᠬᠤ ᠦᠭᠡᠢ ᠂ ᠬᠣᠨᠢᠨ ᠳ᠋ᠤ᠌ ᠳᠠᠭᠠᠭᠤᠯᠤᠭᠠᠳ ᠴᠢᠨᠣ᠎ᠠ ᠲᠡᠭᠦᠨ ᠡᠴᠡ ᠠᠶᠤᠬᠤ ᠦᠭᠡᠢ ᠃
ᠰᠤᠷ ᠰᠠᠢᠲᠤ ᠦᠰᠦ ᠪᠡᠷ ᠪᠡᠶ᠎ᠡ ᠪᠡᠨ ᠴᠢᠮᠡᠵᠦ ᠲᠥᠷᠥᠭᠡᠳ ᠂ ᠰᠣᠷᠮᠤᠤᠰᠤ ᠤᠷᠲᠤ ᠨᠢᠳᠦ ᠪᠡᠷ ᠡᠵᠡᠨ ᠢ᠋ᠶ᠋ᠡᠨ ᠠᠵᠢᠬᠤ ᠶ᠋ᠢ ᠪᠠᠭᠠᠯ ᠭᠡᠳᠡᠭ ᠠᠮᠢᠲᠠᠨ ᠳᠣᠲᠣᠷ᠎ᠠ ᠠ᠋ᠴᠠ ᠪᠠᠨ ᠳᠤᠷᠠᠯᠠᠵᠤ ᠂ ᠴᠠᠭᠠᠨ᠎ᠠ ᠠ᠋ᠴᠠ ᠪᠠᠨ ᠴᠢᠳᠠᠳᠠᠭ ᠯᠠ ᠭᠡᠨ᠎ᠡ ᠃
ᠡᠵᠡᠨ ᠨᠢ ᠡᠷᠬᠡᠯᠡᠭᠦᠯᠬᠦ ᠳ᠋ᠦ᠍ ᠪᠠᠭᠠᠯ ᠨᠢ ᠪᠢᠯᠳᠠᠤᠴᠢᠯᠠᠨᠠ ᠂ ᠡᠵᠡᠨ ᠦ᠌ ᠬᠢᠨᠢ ᠪᠠᠢᠳᠠᠯ ᠢ᠋ ᠮᠡᠳᠡᠶ᠎ᠡ ᠭᠡᠪᠡᠯ ᠪᠠᠭᠠᠯ ᠤ᠋ᠨ ᠬᠢᠨᠢ ᠰᠡᠭᠦᠯ ᠢ᠋ ᠯᠠᠪᠯᠠᠵᠤ ᠪᠠᠢ
ᠪᠠᠭᠠᠯ ᠤ᠋ᠨ ᠰᠡᠭᠦᠯ ᠬᠠᠪᠴᠢᠵᠤ ᠯᠠ ᠪᠠᠢᠪᠠᠯ ᠂ ᠡᠵᠡᠨ ᠦ᠌ ᠬᠢᠨᠢ ᠴᠢᠷᠠᠢ ᠠᠭᠤᠷ ᠲᠠᠢ ᠭᠡᠵᠦ ᠮᠡᠳᠡ ᠃ ᠪᠠᠭᠠᠯ ᠤ᠋ᠨ ᠰᠡᠭᠦᠯ ᠡᠷᠲᠦᠢᠵᠦ ᠯᠡ ᠪᠠᠢᠪᠠᠯ ᠂ ᠡᠵᠡᠨ ᠦ᠌ ᠬᠢᠨᠢ ᠴᠢᠷᠠᠢ ᠥᠭᠡᠳᠡ ᠲᠡᠢ ᠭᠡᠴᠦ ᠪᠣᠳᠣ ᠃
ᠠᠰᠠᠭᠤᠯᠭᠠᠨ ᠦᠭᠡᠢ ! ᠪᠢᠰᠢ ᠭᠡᠪᠡᠴᠦ ᠮᠥᠨ ! ᠲᠡᠢᠮᠦ ᠯᠠ ᠪᠠᠢᠬᠤ ᠠᠯᠪᠠᠲᠠᠢ ᠶᠤᠮ ᠃
ᠪᠤᠴᠠᠭᠠᠭᠠᠳ ᠬᠡᠯᠡᠭᠰᠡᠨ ᠴᠦ᠍ ᠲᠡᠷᠡ ᠃ ᠡᠵᠡᠨ ᠦ᠌ ᠬᠢᠨᠢ ᠴᠢᠷᠠᠢ ᠪᠠᠷᠤᠢᠵᠤ ᠯᠠ ᠪᠠᠢᠪᠠᠯ ᠂ ᠪᠠᠭᠠᠯ ᠤ᠋ᠨ ᠰᠡᠭᠦᠯ ᠬᠠᠪᠴᠢᠵᠤ ᠪᠠᠢᠳᠠᠭ ᠃ ᠡᠵᠡᠨ ᠦ᠌ ᠬᠢᠨᠢ ᠴᠢᠷᠠᠢ ᠮᠦᠰᠢᠶᠡᠵᠦ ᠯᠡ ᠪᠠᠢᠪᠠᠯ ᠪᠠᠭᠠᠯ ᠤ᠋ᠨ ᠰᠡᠭᠦᠯ ᠡᠷᠳᠦᠢᠵᠦ ᠪᠠᠢᠳᠠᠭ ᠃
ᠶᠠᠷᠢᠶᠠᠨ ᠦᠭᠡᠢ ! ᠬᠤᠳᠠᠯ ᠭᠡᠪᠡᠴᠦ ᠦᠨᠡᠨ ! ᠡᠢᠮᠦ ᠯᠡ ᠪᠠᠢᠬᠤ ᠶᠣᠰᠣᠲᠠᠢ ᠶᠤᠮ ᠃
ᠪᠠᠭᠠᠯ ᠤ᠋ᠨ ᠴᠢᠳᠠᠳᠠᠭ ᠮᠡᠳᠡᠳᠡᠭ ᠨᠢ ᠡᠨᠡᠭᠦᠬᠡᠨ ᠢ᠋ᠶ᠋ᠡᠷ ᠪᠠᠰᠠ ᠵᠣᠭᠰᠣᠬᠤ ᠪᠢᠰᠢ ᠃
ᠵᠤᠯᠠᠢ ᠶ᠋ᠢ ᠨᠢ ᠢᠯᠢᠪᠡᠯ ᠬᠦᠵᠦᠭᠦᠦ ᠪᠡᠨ ᠭᠤᠳᠤᠢᠵᠤ ᠂ ᠨᠢᠳᠦ ᠪᠡᠨ ᠠᠨᠢᠵᠤ ᠥᠭᠬᠦ ᠶ᠋ᠢ ᠪᠡᠷᠬᠡ ᠮᠡᠳᠡᠨ᠎ᠡ᠃
ᠵᠣ ᠶ᠋ᠢ ᠨᠢ ᠳᠠᠷᠤᠪᠠᠯ ᠬᠡᠪᠲᠡᠴᠢᠭᠡᠳ ᠬᠥᠷᠪᠡᠵᠦ ᠤᠷᠪᠠᠨ ᠪᠠᠭᠠᠰᠢ ᠭᠠᠷᠭᠠᠬᠤ ᠶ᠋ᠢ ᠤᠴᠢᠷ ᠦᠭᠡᠢ ᠴᠢᠳᠠᠨ᠎ᠠ ᠃
ᠪᠠᠰᠠ ᠲᠡᠭᠡᠭᠡᠳ ᠂ ᠡᠵᠡᠨ ᠦ᠌ ᠪᠡᠨ ᠡᠮᠦᠨ᠎ᠡ ᠬᠣᠢᠨ᠎ᠠ ᠠ᠋ᠴᠠ ᠱᠣᠭᠰᠢᠭᠠᠳ ᠳᠠᠭᠠᠬᠤ ᠭᠡᠭᠴᠢ ᠂ ᠥᠯᠮᠡᠢ ᠪᠣᠷᠪᠢ ᠶ᠋ᠢ ᠨᠢ ᠳᠣᠯᠢᠶᠠᠭᠠᠳ ᠰᠢᠷᠪᠠᠯᠵᠠᠬᠤ ᠭᠡᠭᠴᠢ ᠂ ᠴᠢᠳᠠᠯ ᠢ᠋ᠶ᠋ᠠᠷ ᠢ᠋ᠶ᠋ᠠᠨ ᠴᠢᠷᠮᠠᠢᠵᠤ ᠂ ᠬᠢᠷᠢ ᠪᠡᠷ ᠢᠶᠠᠨ ᠬᠢᠳᠡᠭ ᠠᠮᠢᠲᠠᠨ ᠳ᠋ᠠ᠃
ᠪᠠᠭᠠᠯ ᠢ᠋ ᠪᠠᠰᠠ ᠪᠠᠰᠤᠵᠤ ᠪᠣᠯᠬᠤ ᠭᠠᠢᠬᠠᠯ ᠪᠢᠰᠢ ᠃ ᠡᠵᠡᠨ ᠦ᠌ ᠪᠡᠨ ᠬᠣᠷᠮᠣᠢ ᠳᠣᠣᠷ᠎ᠠ ᠬᠡᠯᠡ ᠪᠡᠨ ᠭᠠᠷᠭᠠᠵᠤ ᠵᠣᠭᠰᠣᠭᠠᠳ ᠂ ᠭᠡᠨᠡᠳᠲᠡ ᠭᠡᠨᠡᠳᠲᠡ ᠭᠡᠮ ᠦᠭᠡᠢ ᠬᠥᠮᠦᠨ ᠦ᠌ ᠥᠭᠡᠳᠡ ᠡᠴᠡ ᠳᠠᠪ ᠳᠠᠪ ᠬᠢᠵᠦ ᠂ ᠰᠢᠲᠦ ᠦᠵᠡᠭᠦᠯᠦᠨ ᠠᠷᠬᠢᠷᠠᠬᠤ ᠨᠢ ᠬᠠᠷᠢᠨ ᠴᠤ᠌ ᠶᠠᠭ ᠨᠣᠬᠠᠢ ᠶᠤᠮ ᠠ᠋ !
ᠢᠯᠠᠩᠭᠤᠶ᠎ᠠ ᠡᠨᠡ ᠦᠶ᠎ᠡ ᠳ᠋ᠦ᠍ᠨᠢ ᠪᠣᠯ ᠪᠢ ᠬᠠᠷᠢᠨ ᠶᠠᠰᠤᠨ ᠠ᠋ᠴᠠ ᠪᠠᠨ ᠳᠤᠷ᠎ᠠ ᠭᠤᠲᠤᠨ ᠂ ᠳᠣᠲᠣᠷ᠎ᠠ ᠠ᠋ᠴᠠ ᠪᠠᠨ ᠵᠢᠭᠰᠢᠳᠡᠭ ᠪᠢᠯᠡ ᠃
ᠡᠨᠡ ᠪᠦᠬᠦ ᠮᠡᠳᠡᠳᠡᠭ ᠴᠢᠳᠠᠳᠠᠭ ᠢ᠋ᠶ᠋ᠠᠷ ᠢ᠋ᠶ᠋ᠠᠨ ᠡᠵᠡᠨ ᠦ᠌ ᠪᠡᠨ ᠬᠡᠰᠢᠭ ᠲᠦ᠍ ᠬᠦᠷᠲᠡᠵᠦ ᠂ ᠱᠥᠯᠥ ᠲᠣᠰᠣᠨ ᠳ᠋ᠤ᠌ ᠴᠠᠳᠴᠢᠬᠠᠪᠠᠯ᠂ ᠰᠢᠷᠡᠭᠡᠨ ᠳᠣᠣᠷ᠎ᠠ ᠰᠢᠷᠭᠤᠵᠤ ᠣᠷᠣᠭᠠᠳ ᠮᠠᠩᠰᠢᠭᠤᠷᠠᠵᠤ ᠣᠷᠬᠢᠳᠠᠭ ᠵᠣᠯᠢᠭ ᠰᠢᠦ ᠃
ᠭᠡᠪᠡᠴᠦ ᠂ ᠪᠠᠭᠠᠯ ᠭᠡᠵᠦ ᠪᠠᠰᠠ ᠨᠢᠭᠡ ᠰᠣᠨᠢᠬᠠᠨ ᠰᠢᠭ᠋ ᠪᠤᠶᠠᠨ ᠲᠠᠢ ᠠᠮᠢᠲᠠᠨ ᠴᠤ᠌ ᠪᠣᠯᠪᠠᠤ?
ᠤᠬᠤᠨ᠎ᠠ
– ᠠᠳᠠ ᠲᠡᠨᠳᠡ ᠦᠵᠡᠭᠳᠡᠵᠦ ᠪᠠᠢᠳᠠᠭ ᠂
ᠡᠢᠮᠦ ᠨᠢᠭᠡ ᠪᠠᠪᠠᠨᠠᠭᠤᠷ ᠤᠬᠤᠨ᠎ᠠ
ᠶᠠᠭᠠᠬᠢᠬᠤ ᠳ᠋ᠠᠭᠠᠨ ᠡᠢᠮᠦ ᠨᠢᠭᠡ ᠶᠠᠯᠳᠠᠭᠠᠷ ᠡᠪᠡᠷᠲᠦ ᠪᠡᠷ ᠤᠬᠤᠨ᠎ᠠ ᠲᠠᠯᠪᠢᠴᠢᠬᠰᠠᠨ ᠶᠤᠮ ? ᠶᠠᠯᠳᠠᠭᠠᠷ ᠡᠰᠡᠬᠦ ᠨᠢ ᠴᠦ᠍ ᠶᠠᠭᠠᠬᠢᠬᠤᠪ ᠳ᠋ᠠ᠂ ᠶᠠᠩᠰᠢᠶ᠎ᠠ ᠭᠡᠳᠡᠭ ᠨᠢ ᠶᠠᠭ ᠠᠷᠭ᠎ᠠ ᠦᠭᠡᠢ ᠃
ᠲᠣᠭᠲᠠᠭᠰᠠᠨ ᠰᠦᠷᠦᠭ ᠢ᠋ ᠳᠤᠮᠳᠠᠭᠤᠷ ᠨᠢ ᠰᠦᠯᠵᠢᠵᠦ ᠂ ᠠᠮᠤᠷ ᠢᠳᠡᠭᠦᠯᠬᠦ ᠦᠭᠡᠢ ᠤᠬᠤᠨᠠᠳᠠᠭᠠᠳ ᠭᠦᠶᠦᠨ᠎ᠡ ᠃
ᠬᠣᠲᠠᠯᠠᠭᠰᠠᠨ ᠬᠣᠨᠢ ᠶ᠋ᠢ ᠳᠣᠲᠣᠭᠤᠷ ᠨᠢ ᠬᠤᠳᠬᠤᠵᠤ ᠂ ᠲᠠᠢᠪᠤᠭᠤ ᠬᠡᠪᠲᠡᠭᠦᠯᠬᠦ ᠦᠭᠡᠢ ᠪᠠᠪᠠᠨᠠᠳᠠᠭᠠᠳ ᠲᠠᠭᠤᠨ᠎ᠠ ᠃
ᠬᠥᠭ ᠴᠠᠭ ᠦᠭᠡᠢ ᠬᠥᠭᠡᠭᠡᠴᠡᠯᠳᠦᠵᠦ ᠂ ᠬᠤᠷᠠᠭ᠎ᠠ ᠢᠰᠢᠭᠡ ᠶ᠋ᠢ ᠴᠢ ᠲᠠᠭᠠᠷᠢᠭᠤᠯᠤᠭᠠᠳ ᠂ ᠲᠠᠩᠳᠠ ᠤᠬᠤᠨᠠᠳᠠᠵᠤ ᠂ ᠲᠠᠩᠳᠠ ᠪᠠᠪᠠᠨᠠᠳᠠᠭᠠᠳ ᠯᠠ ᠶᠠᠷᠰᠢᠭ ᠪᠠᠢᠨ᠎ᠠ ᠳ᠋ᠠ᠃
ᠤᠬᠤᠨ᠎ᠠ ᠶᠤᠮ ᠴᠢᠨᠢ ᠳ᠋ᠠ᠂ ᠢᠮᠠᠭ᠎ᠠ ᠪᠠᠨ ᠲᠠᠭᠤᠬᠤ ᠴᠤ᠌ ᠶᠠᠭᠠᠮᠠᠢ ᠃ ᠤᠴᠢᠷ ᠦᠭᠡᠢ ᠶᠠᠭᠤ ᠭᠡᠵᠦ ᠪᠠᠰᠠ ᠬᠣᠨᠢ ᠶ᠋ᠢ ᠣᠴᠢᠭᠠᠳ ᠳᠣᠷᠭᠢᠵᠤ ᠲᠤᠷᠪᠢᠵᠤ ᠦᠵᠡᠨ᠎ᠡ ᠪᠣᠢ ? ᠳᠠᠵᠢᠨ ᠪᠢᠰᠢᠦ ᠃
ᠵᠢᠷᠭᠤᠭᠠᠨ ᠢᠮᠠᠭᠠᠨ ᠳ᠋ᠦ᠍ ᠵᠢᠷᠠᠨ ᠤᠬᠤᠨ᠎ᠠ ᠵᠤᠳ ᠭᠡᠬᠦ ᠳ᠋ᠦ᠍ ᠂ ᠡᠢᠮᠦ ᠪᠠᠪᠠᠨᠠᠭᠤᠷ ᠤᠬᠤᠨ᠎ᠠ ᠵᠢᠷᠠᠨ ᠢᠮᠠᠭᠠᠨ ᠳ᠋ᠤ᠌ ᠨᠢᠭᠡ ᠯᠡ ᠪᠠᠢᠶ᠎ᠠ ᠴᠤ᠌ ᠠᠮᠠᠷ ᠦᠭᠡᠢ ᠶᠠ ᠃
ᠲᠣᠳᠢ
– ᠲᠡᠢᠮᠦ ᠨᠢᠭᠡ ᠲᠠᠯ᠎ᠠ ᠲᠠᠢ ᠭᠡᠬᠦ ᠳ᠋ᠦ᠍
ᠡᠢᠮᠦ ᠪᠠᠰᠠ ᠨᠢᠭᠡ ᠲᠠᠯ᠎ᠠ ᠪᠣᠢ ᠃
1
ᠲᠣᠳᠢ ᠭᠡᠳᠡᠭ ᠰᠢᠪᠠᠭᠤ ᠴᠣᠬᠣᠮ ᠶᠠᠮᠠᠷᠬᠠᠨ ᠠᠮᠢᠲᠠᠨ ᠪᠣᠢ ?
ᠦᠰᠦ ᠨᠢ ᠭᠠᠳᠠᠨ᠎ᠠ ᠪᠠᠨ ᠰᠢᠪᠠᠭᠤ ᠶ᠋ᠢ ᠂ ᠦᠭᠡ ᠮᠡᠳᠡᠬᠦ ᠦᠭᠡᠢ ᠠᠳᠤᠭᠤᠰᠤ ᠶ᠋ᠢ ᠬᠥᠮᠦᠰ ᠲᠠᠩᠳᠠ ᠪᠠᠨ ᠮᠠᠭᠤᠯᠠᠬᠤ ᠶᠤᠮ ᠂ ᠬᠥᠲᠥᠯᠪᠦᠷᠢ ᠳ᠋ᠦ᠍ ᠭᠠᠷᠭᠠᠭᠠᠳ ᠴᠤ᠌ ᠪᠤᠷᠤᠭᠤᠳᠬᠠᠬᠤ ᠶᠤᠮ ᠃
ᠬᠥᠭᠡᠷᠦᠬᠦᠢ – ᠠᠷᠠᠢ ᠯᠠ ᠨᠢᠭᠡ ᠪᠠᠭ᠎ᠠ ᠬᠡᠲᠦᠷᠡᠭᠦᠯᠴᠢᠵᠦ ᠪᠠᠢᠭ᠎ᠠ ᠨᠢ ᠪᠢᠰᠢ ᠪᠢᠵᠡ ?
2
ᠦᠭᠡᠢ ᠶᠡᠷᠦ ᠨᠢ ᠲᠡᠢᠮᠦ ᠪᠢᠰᠢ ᠭᠡᠵᠢ ᠦᠦ ?
ᠳᠠᠭᠤᠷᠢᠶᠠᠯᠭᠠᠬᠤ ᠨᠢ ᠴᠢᠨᠦ ᠵᠥᠪ ᠂ ᠳᠠᠭᠤᠷᠢᠶᠠᠭᠰᠠᠨ ᠨᠢ ᠲᠣᠳᠢ ᠶ᠋ᠢᠨ ᠪᠤᠷᠤᠭᠤ ᠂ ᠡᠨᠡ ᠴᠢᠨᠢ ᠬᠠᠷᠢᠨ ᠭᠣᠣᠯᠴᠢ ᠶᠤᠮ ᠭᠡᠵᠦ ᠦᠦ ? ᠵᠠ ?
ᠲᠡᠭᠡᠭᠡᠳ ᠂ ᠲᠣᠳᠢ ᠴᠣᠬᠣᠮ ᠦᠭᠡ ᠶ᠋ᠢ ᠴᠢᠨᠢ ᠦᠭᠡᠷᠡᠲᠡᠯᠡᠭᠦᠯᠵᠦ ᠂ ᠰᠠᠨᠠᠭ᠎ᠠ ᠶ᠋ᠢ ᠴᠢᠨᠢ ᠰᠣᠯᠢᠪᠠᠤ? ᠵᠢᠱ᠌ᠢᠶᠡᠯᠡᠪᠡᠯ ᠄
ᠬᠠᠷ᠎ᠠ ᠭᠡᠰᠡᠨ ᠢ᠋ ᠴᠢᠨᠢ ᠴᠠᠭᠠᠨ ᠭᠡᠪᠡᠦ ? ᠦᠭᠡᠢ ᠰᠢᠦ ᠳᠡ ᠃
ᠬᠠᠷᠢᠶᠠᠯ ᠢ᠋ ᠴᠢᠨᠢ ᠢᠷᠦᠭᠡᠯ ᠪᠣᠯᠭᠠᠪᠠᠤ ? ᠦᠭᠡᠢ ᠰᠢᠦ ᠳᠡ ᠃
ᠲᠡᠭᠡᠪᠡᠯ ᠪᠣᠯᠤᠯ᠎ᠠ ᠯᠠ ᠰᠢᠳᠡ ᠂ ᠦᠭᠡ ᠮᠡᠳᠡᠬᠦ ᠦᠭᠡᠢ ᠠᠮᠢᠲᠠᠨ ᠥᠭᠡᠷ᠎ᠡ ᠴᠣᠬᠣᠮ ᠶᠠᠭᠠᠬᠢᠳᠠᠭ ᠪᠢᠯᠡ ?
3
ᠲᠣᠳᠢ ᠶ᠋ᠢᠨ ᠲᠥᠷᠥᠯᠬᠢ ᠨᠢᠭᠡ ᠣᠨᠴᠠᠯᠢᠭ ᠨᠢ ᠬᠡᠯᠡ ᠤᠷᠠᠨ ᠲᠠᠢ ᠃
ᠲᠣᠳᠢ ᠶ᠋ᠢᠨ ᠰᠠᠢᠬᠠᠨ ᠨᠢᠭᠡ ᠵᠠᠩ ᠨᠢ ᠬᠥᠮᠦᠨ ᠢᠯᠭᠠᠳᠠᠭ ᠦᠭᠡᠢ ᠃
ᠲᠣᠳᠢ ᠶ᠋ᠢᠨ ᠰᠠᠢᠨᠲᠠᠢ ᠨᠢᠭᠡ ᠲᠠᠯ᠎ᠠ ᠨᠢ ᠦᠭᠡ ᠭᠠᠵᠢᠭᠤᠳᠠᠭᠤᠯᠳᠠᠭ ᠦᠭᠡᠢ ᠃
ᠳᠠᠭᠤᠷᠢᠶᠠᠯᠭᠠᠬᠤ ᠠ᠋ᠴᠠ ᠴᠢ ᠬᠡᠷᠪᠡ ᠵᠢᠷᠦᠬᠡ ᠲᠠᠢ ᠯᠠ ᠶᠤᠮ ᠪᠣᠯ ᠂ ᠳᠠᠭᠤᠷᠢᠶᠠᠬᠤ ᠳ᠋ᠠᠭᠠᠨ ᠲᠣᠳᠢ ᠬᠠᠷᠢᠨ ᠵᠣᠷᠢᠭ ᠲᠠᠢ ᠯᠠ ᠰᠢᠪᠠᠭᠤ ᠃
ᠢᠲᠡᠭᠡᠬᠦ ᠦᠭᠡᠢ ᠪᠣᠯ ᠴᠢ ᠨᠢᠭᠡ ᠬᠠᠷᠢᠶᠠᠵᠤ ᠦᠵᠡ ᠂ ᠥᠭᠡᠳᠡ ᠡᠴᠡ ᠴᠢᠨᠢ ᠲᠡᠷᠡ ᠶᠠᠭᠠᠬᠢᠪᠠᠴᠤ ᠢᠷᠦᠭᠡᠬᠦ ᠪᠡᠷ ᠦᠭᠡᠢ ᠃
4
ᠲᠣᠳᠢ ᠭᠡᠵᠦ ᠦᠰᠦ ᠨᠢ ᠭᠠᠳᠠᠨ᠎ᠠ ᠪᠠᠨ ᠰᠢᠪᠠᠭᠤ ᠂ ᠡᠢᠮᠦ ᠯᠡ ᠬᠥᠭᠡᠷᠦᠬᠦᠨ ᠠᠮᠢᠲᠠᠨ
ᠲᠣᠳᠢ ᠶ᠋ᠢ ᠮᠠᠭᠤᠯᠠᠭᠠᠳ ᠪᠠᠢᠳᠠᠭ ᠨᠥᠬᠥᠳ ᠮᠢᠨᠢ ᠳᠤᠯᠢᠳᠠ ᠪᠣᠳᠣᠬᠤ ᠪᠣᠯᠪᠠᠤ ᠃
ᠲᠣᠭᠣᠰ
– ᠥᠩᠭᠡ ᠨᠢ ᠥᠩᠭᠡ ᠂
ᠵᠠᠩ ᠨᠢ ᠵᠠᠩ ᠃
1
ᠰᠠᠢᠬᠠᠨ ᠪᠣᠯᠭᠠᠨ ᠰᠠᠢᠨ ᠪᠢᠰᠢ ᠂ ᠡᠨᠡ ᠪᠣᠯ ᠥᠪ ᠦᠨᠡᠨ ᠃
ᠲᠣᠭᠣᠰ ᠢ᠋ᠶ᠋ᠠᠷ ᠠᠪᠴᠤ ᠬᠡᠯᠡᠶ᠎ᠡ ᠂ ᠥᠩᠭᠡ ᠵᠠᠩ ᠬᠣᠶᠠᠷ ᠨᠢ ᠦᠰᠦᠳ ᠥᠭᠡᠷ᠎ᠡ ᠃
ᠲᠠᠭᠠᠷᠠᠨ᠎ᠠ ᠤᠤ ? ᠦᠭᠡᠢ ᠦᠦ ? ᠲᠠ ᠨᠢᠭᠡ ᠯᠠᠪᠯᠠᠵᠤ ᠦᠵᠡ ᠃
2
ᠲᠣᠭᠣᠰ ᠤ᠋ᠨ ᠰᠡᠭᠦᠯ ᠦᠵᠡᠬᠦ ᠶᠦ᠍ᠮ ᠭᠡᠳ ᠲᠣᠣᠷ ᠤ᠋ᠨ ᠭᠠᠳᠠᠭᠤᠷ ᠬᠥᠮᠦᠰ ᠰᠢᠪᠠᠯᠳᠤᠨᠠ ᠃
ᠲᠣᠭᠣᠰ ᠬᠠᠷᠢᠨ ᠠᠵᠢᠭ ᠴᠤ᠌ ᠦᠭᠡᠢ ᠂ ᠲᠣᠩᠭᠣᠰ ᠲᠣᠩᠭᠣᠰ ᠢᠳᠡᠰᠢ ᠡᠷᠢᠨ᠎ᠡ ᠃
ᠡᠩ ᠦᠨ ᠳᠠᠪᠠᠯᠳᠠᠨ ᠣᠢᠰᠢᠶᠠᠬᠤ ᠴᠤ᠌ ᠦᠭᠡᠢ ᠂ ᠡᠪᠦᠭᠡᠳ ᠡᠮᠡᠭᠡᠳ ᠢ᠋ ᠦᠲᠡᠭᠡᠷᠬᠦ ᠴᠦ᠍ ᠦᠭᠡᠢ ᠃
3
ᠲᠡᠭᠡᠲᠡᠯ᠎ᠡ ᠂ ᠡᠷᠢᠶᠡᠨ ᠪᠠᠩᠵᠢᠯ ᠂ ᠠᠯᠠᠭ ᠬᠦᠷᠮ᠎ᠡ ᠲᠡᠢ ᠨᠢᠭᠡ ᠬᠡᠦᠬᠡᠨ ᠂ ᠣᠯᠠᠨ ᠤ᠋ ᠳᠣᠲᠣᠭᠤᠷ ᠣᠷᠣᠭᠠᠳ ᠢᠷᠡᠯ᠎ᠡ ᠃
ᠲᠣᠭᠣᠰ ᠬᠡᠳᠦᠢᠨ ᠦᠵᠡᠵᠦ ᠵᠠᠪᠳᠤᠭᠠᠳ ᠂ ᠥᠳᠥ ᠰᠥᠳᠥ ᠪᠡᠨ ᠵᠠᠰᠠᠨ ᠦᠵᠡᠰᠬᠦᠯᠡᠩ ᠰᠡᠭᠦᠯ ᠢ᠋ᠶ᠋ᠡᠨ ᠰᠢᠬᠦᠷᠯᠡᠪᠡ ᠃
ᠲᠣᠯᠣᠭᠠᠢ ᠳᠡᠭᠡᠷᠡᠬᠢ ᠰᠡᠴᠢᠭ ᠨᠢ ᠴᠦ᠍ ᠲᠤᠩ ᠣᠮᠣᠭᠯᠠᠩ ᠰᠡᠷᠡᠯᠵᠢᠨᠡ ᠃
4
– ᠶᠠᠮᠠᠷ ᠰᠠᠢᠬᠠᠨ ᠶᠤᠮ !
– ᠶᠠᠭᠠᠬᠢᠭᠰᠠᠨ ᠭᠣᠶᠣ ᠪᠣᠢ !
– ᠁
ᠬᠦᠷᠢᠶᠡᠯᠡᠵᠦ ᠵᠣᠭᠰᠣᠭᠰᠠᠨ ᠬᠥᠮᠦᠰ ᠠᠮᠠ ᠠᠮᠠᠨ ᠳ᠋ᠠᠭᠠᠨ ᠱᠠᠭᠰᠢᠵᠤ ᠂ ᠠᠯᠠᠭ᠎ᠠ ᠲᠠᠰᠢᠨ ᠬᠥᠭᠡᠷᠦᠯᠳᠦᠨ᠎ᠡ ᠃
5
ᠶᠠᠮᠠᠷ ᠰᠠᠢᠬᠠᠨ ᠳ᠋ᠠᠭᠠᠨ ᠭᠡᠵᠢ ᠠᠲᠠᠭ᠎ᠠ ᠨᠢ ᠬᠥᠳᠡᠯᠵᠦ ᠪᠠᠢᠬᠤ ᠳ᠋ᠤ᠌ ᠂
ᠦᠵᠡ ᠳ᠋ᠠ᠂ ᠲᠡᠷᠡ ! ᠥᠩᠭᠡᠲᠦ ᠰᠡᠭᠦᠯ ᠨᠢ ᠮᠢᠷᠠᠰᠬᠢᠬᠦ ᠶᠢᠨ ᠰᠠᠴᠠᠭᠤ ᠂ ᠦᠰᠦ ᠵᠢᠰᠦ ᠨᠢ ᠴᠦ᠍ ᠠᠷᠵᠢᠰᠭᠢᠭᠠᠳ ᠄
《ᠴᠢᠨᠦ ᠪᠠᠩᠵᠢᠯ ᠰᠠᠢᠬᠠᠨ ᠤᠤ ? ᠮᠢᠨᠦ ᠰᠡᠭᠦᠯ ᠭᠣᠶᠣ ᠤᠤ ? 》 ᠭᠡᠭᠰᠡᠭᠡᠷ ᠬᠣᠶᠠᠷ ᠨᠢᠳᠦ ᠨᠢ ᠡᠷᠢᠶᠡᠨ ᠪᠠᠩᠵᠢᠯ ᠤᠷᠤᠭᠤ ᠯᠠ ᠤᠴᠠᠷᠯᠠᠨᠠ ᠪᠢᠰᠢᠦ ᠃
6
ᠬᠦᠷᠢᠶᠡᠯᠡᠵᠦ ᠵᠣᠭᠰᠣᠭᠰᠠᠨ ᠣᠯᠠᠨ ᠢ᠋ᠶ᠋ᠠᠷ ᠢ᠋ᠶ᠋ᠠᠨ ᠬᠥᠷ ᠬᠥᠷ ᠬᠡᠯᠴᠢᠵᠦ᠂ ᠡᠮᠦᠨᠡᠬᠢ ᠨᠢ ᠡᠷᠡᠬᠡᠢ ᠭᠠᠷᠭᠠᠨ ᠭᠠᠢᠬᠠᠯᠴᠠᠨᠠ ᠠᠷᠤ ᠳ᠋ᠠᠬᠢ ᠨᠢ ᠠᠮᠠ ᠪᠠᠨ ᠪᠠᠷᠢᠨ ᠲᠣᠪ ᠳᠤᠭᠤᠢ ᠯᠠ ᠪᠠᠢᠯᠴᠠᠨ᠎ᠠ ᠃
ᠲᠣᠭᠣᠰ ᠲᠡᠭᠡᠬᠦ ᠳ᠋ᠦ᠍ ᠂ ᠪᠢ ᠳᠤᠬᠤᠨ ᠳᠡᠭᠡᠷ᠎ᠡ ᠪᠡᠨ ᠨᠢᠳᠦ ᠦᠭᠡᠢ ᠭᠡᠰᠡᠨ ᠰᠢᠭ ᠰᠡᠭᠦᠯ ᠭᠡᠳᠡᠭ ᠢ᠋ ᠴᠢᠨᠢ ᠳᠡᠯᠭᠡᠭᠰᠡᠨ ᠳᠡᠭᠡᠷ᠎ᠡ ᠪᠡᠨ ᠳᠡᠯᠭᠡᠭᠡᠳ ᠤᠯᠠᠮ ᠴᠤ᠌ ᠰᠡᠷᠭᠡᠢᠵᠦ ᠵᠣᠭᠰᠣᠨ᠎ᠠ ᠃
ᠠᠢ ᠬᠥᠭᠡᠷᠦᠬᠦᠢ ! ᠴᠢᠮ᠎ᠠ ᠠ᠋ᠴᠠ ᠥᠭᠡᠷ᠎ᠡ ᠨᠢ ᠴᠦ᠍ ᠴᠢᠮᠠᠯᠠᠬᠠᠢ ᠳ᠋ᠠᠭᠠᠨ ᠨᠢᠳᠦ ᠲᠡᠢ ᠨᠢ ᠨᠢᠭᠡ ᠴᠤ᠌ ᠦᠭᠡᠢ ᠰᠢᠦ ᠃
1981.11.15 ᠬᠥᠬᠡᠬᠣᠲᠠ
