ᠵᠢᠷᠮᠦᠰᠦᠨ ᠮᠠᠨᠠᠨ 〈 2 〉 - ᠲ ᠂ ᠭᠣᠮᠪᠣᠵᠠᠪ Жирэмсэн манан 〈 2 〉 - Т ᠂ Гомбожав
ᠵᠢᠷᠮᠦᠰᠦᠨ ᠮᠠᠨᠠᠨ - 2
ᠭᠣᠨᠢᠬᠲᠤ ᠵᠦᠴᠦᠭᠡ
ᠵᠡᠭᠡᠯᠢ ᠳᠦᠭᠦᠷᠡᠩ ᠂ ᠬᠦᠮᠦᠰ
ᠮᠥᠷᠥ ᠮᠥᠷᠥ ᠪᠡᠨ ᠢᠪᠡᠯᠴᠡᠵᠦ ᠶᠠᠪᠤᠨ᠎ᠠ
ᠬᠣᠭᠣᠷᠣᠨᠲᠣ ᠪᠠᠨ
ᠪᠦᠷ ᠴᠦ᠍ ᠂ ᠲᠠᠨᠢᠯ ᠪᠤᠰᠤ ᠡ
ᠪᠢ ᠭᠡᠷ ᠶ᠋ᠢᠡᠨ ᠰᠠᠨᠠᠯ᠎ᠠ
ᠳᠡᠯᠭᠡᠭᠦᠷ ᠬᠤᠲᠠᠯᠲᠤᠬ᠋ᠠ ᠨᠣᠭᠤᠳ ᠂ ᠳᠠᠩᠳᠠ
ᠲᠠᠯ᠎ᠠ ᠵᠠᠮ ᠠᠯᠤᠰ
ᠳ᠋ᠸᠩ ᠦ᠋ᠨ ᠭᠡᠷᠡᠯ
ᠲᠡᠮᠲᠡᠷᠢᠬᠦ ᠲᠣᠲᠣᠮ ᠪᠠᠷᠢᠬᠲᠠᠬᠤ ᠦᠭᠡᠢ
ᠪᠢ ᠂ ᠭᠡᠷ ᠵᠦᠭ ᠶ᠋ᠢᠡᠨ ᠭᠦᠶᠦᠯ᠎ᠡ
ᠥᠨᠥᠴᠢᠨ ᠪᠣᠲᠣᠯ ᠶ᠋ᠢᠠᠨ
ᠥᠪᠡᠷ ᠲᠠᠢ ᠪᠠᠨ ᠰᠢᠪᠡᠨᠡᠬᠦ ᠳᠦ
ᠦᠬᠡᠷ ᠦ᠋ᠨ ᠡᠪᠡᠷ ᠬᠣᠶᠠᠷ ᠲᠡᠰᠢ ᠤᠷᠭᠤᠨ᠎ᠠ
ᠡᠭᠦᠲᠡ ᠪᠡᠨ ᠨᠡᠭᠡᠭᠡᠨ
ᠥᠭᠡᠲᠡ ᠡᠴᠡ ᠮᠢᠨᠢ ᠢᠨᠢᠶᠠᠬᠦ ᠪᠦᠰᠡᠬᠦᠢ ᠤᠷᠤᠭᠤ ᠪᠠᠨ
ᠪᠢ ᠱᠤᠩᠭᠤᠴᠢᠨ ᠣᠴᠢᠯ᠎ᠠ
ᠲᠡᠭᠡᠬᠦ ᠳᠦ
ᠲᠣᠯᠢ ᠂ ᠲᠤᠩ ᠬᠦᠢᠲᠡᠨ ᠦᠭᠡᠰ ᠶ᠋ᠢᠡᠷ ᠨᠠᠮᠠᠶ᠋ᠢ ᠡᠯᠡᠭᠯᠡᠨ᠎ᠡ ᠪᠢᠯᠡ ᠡ
ᠴᠡᠩᠬᠡᠷ ᠭᠣᠨᠢᠬ
ᠡᠲᠦᠷ ᠬᠣᠨᠣᠭ
ᠡᠨᠡ ᠂ ᠪᠦᠯᠢᠶᠡᠨ ᠴᠡᠩᠬᠡᠷ ᠨᠣᠮᠣᠬᠠᠨ ᠳᠠᠯᠠᠢ
ᠡᠭᠦᠷᠢᠲᠡ ᠡᠷᠬᠢ ᠤᠷᠤᠭᠤ ᠪᠠᠨ ᠢᠪᠡᠯᠵᠡᠨᠡ
ᠠᠯᠲᠠᠷᠠᠨ ᠭᠢᠯᠠᠯᠵᠠᠬᠤ ᠨᠢᠴᠦᠭᠦᠨ ᠲᠠᠩ ᠠ᠋ᠴᠠ
ᠠᠮᠢᠰᠬᠤᠯ ᠨᠣᠶ᠋ᠢᠲᠠᠨ ᠨᠢᠯᠬ᠎ᠠ ᠮᠥᠷ ᠦ᠋ᠳ ᠪᠦᠷᠦᠭᠬᠡᠨ ᠥᠷᠭᠦᠵᠦ
ᠠᠶᠤᠯ ᠵᠤᠯ ᠦ᠋ᠨ ᠬᠢᠵᠠᠭᠠᠷ ᠤᠷᠤᠭᠤ
ᠠᠯᠢᠶᠠᠬᠠᠨ ᠪᠡᠯᠴᠢᠵᠦ ᠴᠠᠰᠢᠯᠠᠨᠠ
ᠢᠴᠢᠯᠭᠡᠨ ᠳ᠋ᠡᠭᠡᠨ ᠤᠯᠠᠶ᠋ᠢᠵᠤ ᠶᠠᠪᠤᠬᠤ ᠲᠣᠪᠴᠢ ᠪᠢᠲᠡᠭᠦᠦ ᠬᠥᠬᠥᠨ ᠪ
ᠢᠪᠢᠯᠦᠩᠬᠡᠨ ᠨᠠᠮᠢᠯᠵᠠᠬᠤ ᠥᠩᠭᠡᠲᠦ ᠰᠦᠨ ᠳᠦ ᠬᠠᠭᠤᠷᠲᠠᠨ
ᠵᠡᠪᠡᠵᠢᠨ ᠰᠢᠷ᠎ᠠ ᠨᠣᠭᠤᠳ ᠳᠤᠷᠠᠲᠠᠶ᠋ᠢᠬᠠᠨ ᠤᠨᠠᠵᠤ
ᠡᠬᠡ ᠬᠠᠭᠤᠷᠠᠢ ᠶ᠋ᠢᠨ ᠠᠶᠠᠯᠠᠯ
ᠡᠮᠵᠡᠭᠬᠡᠨ ᠡᠬᠢᠯᠡᠨ᠎ᠡ
ᠦᠲᠡᠯᠲᠡ ᠶ᠋ᠢᠨ ᠪᠦᠪᠡᠢ
ᠡᠪᠦᠷ ᠳᠦᠭᠦᠷᠡᠩ ᠲᠡᠷᠭᠡᠯᠬᠡᠨ ᠬᠠᠩᠭᠢᠨᠠᠵᠤ
ᠡᠭᠦᠯᠡᠨ ᠴᠢᠯᠦᠭᠡᠨ ᠪ ᠭᠡᠷᠡᠯ ᠬᠢᠭᠡᠳ
ᠦᠵᠡᠭᠳᠡᠬᠦ ᠦᠭᠡᠢ ᠮᠤᠲᠤᠨ ᠪ ᠵᠢᠮᠢᠰ
ᠥᠯᠥᠰᠭᠦᠯᠡᠩ ᠳᠠᠷᠤᠬᠤ ᠭᠡᠵᠦ ᠳᠠᠯᠳᠠᠬᠠᠨ ᠴᠣᠬᠤᠯᠵᠠᠨᠠ
ᠥᠩᠭᠡᠷᠡᠬᠦ ᠠᠶᠠᠨ ᠪ ᠪᠠᠷ᠎ᠠ
ᠥᠷᠥᠨ᠎ᠡ ᠲᠡᠰᠢ ᠵᠢᠲᠠᠪᠠᠯᠵᠢᠵᠦ
ᠣᠢ ᠮᠤᠲᠤᠨ ᠪ ᠪᠡᠶ᠎ᠡ ᠪᠡᠨ ᠮᠡᠬᠡᠯᠡᠭᠰᠡᠨ ᠬᠦᠭᠡᠷᠡᠯ ᠳᠦ
ᠣᠶ᠋ᠢᠤᠠᠬᠠᠷ ᠠᠷᠭᠠᠲᠠᠭᠲᠠᠨ
ᠣᠯᠠᠨ ᠵᠢᠰᠦᠨ ᠴᠡᠴᠡᠭᠡᠰ ᠳᠤᠮᠳᠠᠭᠤᠷ
ᠣᠲᠣᠨ ᠴᠣᠬᠣᠷ ᠳᠡᠷᠪᠡᠵᠦ
ᠬᠠᠭᠤᠷᠠᠢ ᠪᠣᠷᠣᠭᠠᠨ ᠳᠦ ᠨᠣᠶ᠋ᠢᠲᠠᠨ ᠬᠠᠭᠤᠷᠲᠠᠨᠠ
ᠭᠣᠨᠢᠬ ᠪᠠᠶᠠᠰᠤᠯ ᠦ᠋ᠨ ᠭ᠌ᠸᠣᠮᠸᠲ᠋ᠷ ᠵᠢᠷᠤᠭ ᠳᠡᠭᠡᠷ᠎ᠡ
ᠭᠣᠣᠯ ᠶ᠋ᠢᠠᠷ ᠶ᠋ᠢᠠᠨ ᠶᠣᠭᠣᠵᠣ
ᠨᠡᠷ᠎ᠡ ᠪᠡᠨ ᠬᠡᠯᠡᠬᠦ ᠦᠭᠡᠢ ᠠᠭᠤᠯᠠᠰ ᠦ᠋ᠨ ᠰᠡᠭᠦᠲᠡᠷ ᠲᠦ
ᠪᠣᠰᠴᠤ ᠴᠢᠲᠠᠬᠤ ᠦᠭᠡᠢ ᠳᠠᠷᠤᠭᠳᠠᠨ ᠥᠩᠭᠡᠷᠡᠵᠦ
ᠵᠢᠰᠦ ᠪᠡᠨ ᠦᠵᠡᠭᠦᠯᠬᠦ ᠦᠭᠡᠢ ᠤᠰᠤᠨ ᠪ ᠵᠠᠬ᠎ᠠ ᠪᠠᠷ
ᠬᠠᠷᠠᠵᠤ ᠴᠢᠲᠠᠬᠤ ᠦᠭᠡᠢ ᠲᠣᠷᠮᠣᠯᠵᠠᠨ ᠵᠥᠷᠢᠵᠦ
ᠠᠶᠠᠰ ᠦᠭᠡᠢ ᠳᠠᠭᠤᠤ ᠶ᠋ᠢᠨ ᠠᠶᠠᠯᠭᠤ ᠦᠨᠲᠦᠷᠯᠡᠨᠡ
ᠲᠡᠭᠷᠢ ᠶ᠋ᠢᠨ ᠵᠤᠯᠠᠢ ᠪᠠᠷ
ᠲᠡᠷᠭᠡᠯᠬᠡᠨ ᠠᠶᠠᠯᠠᠬᠤ ᠰᠠᠷ᠎ᠠ ᠶ᠋ᠢ ᠬᠠᠪᠢᠷᠭᠠᠬᠠᠨ ᠲᠠᠨᠢᠵᠤ
ᠠᠷᠪᠠᠨ ᠲᠠᠪᠤᠨ
ᠠᠮᠢᠲᠤᠷᠠᠯ ᠦ᠋ᠨ ᠡᠨᠡᠬᠦ ᠬᠣᠷᠣᠮᠬᠠᠨ ᠮᠥᠰᠢᠶᠡᠯ ᠲᠠᠢ
ᠪᠣᠯᠵᠣᠬ᠋᠎ᠠ ᠦᠭᠡᠢ ᠬᠣᠯᠠᠲᠠᠨᠠ
ᠣᠯᠣᠭᠰᠠᠨ ᠰᠢᠷᠬ᠎ᠠ ᠪᠠᠨ ᠠᠨᠠᠭᠠᠵᠤ ᠠᠮᠵᠢᠯ ᠦᠭᠡᠢ ᠂ ᠴᠠᠭᠠᠬᠠᠨ ᠶᠣᠣᠯᠠᠵᠤ
ᠣᠯᠵᠤ ᠬᠦᠢᠴᠡᠭᠡ ᠦᠭᠡᠢ ᠰᠣᠷᠪᠢ ᠪᠠᠨ ᠤᠬᠲᠤᠨ
ᠤᠯᠠᠮ ᠱᠤᠤᠭᠢᠬᠤ ᠰᠤᠮᠤᠨ ᠳᠤᠮᠳᠠᠭᠤᠷ ᠶᠠᠭᠠᠨ ᠬᠡᠶ᠋ᠢᠷᠬᠡᠨ
ᠣᠬᠢᠯᠠᠯ ᠂ ᠳᠠᠭᠤᠯᠠᠯ ᠤᠷᠲᠤᠬᠠᠨ ᠰᠣᠪᠣᠵᠤ
ᠤᠯᠠᠷᠢᠯ ᠠ᠋ᠴᠠ ᠤᠯᠠᠷᠢᠯ ᠤᠷᠤᠭᠤ
ᠤᠶᠠᠩᠬ᠋᠎ᠠ ᠰᠢᠷᠭᠠᠯ ᠵᠢᠷᠭᠢᠨ᠎ᠡ
ᠳᠣᠪᠣ ᠶ᠋ᠢᠨ ᠳᠠᠯᠳᠠᠬᠠᠨ ᠴᠢᠯᠠᠭᠤᠵᠢᠨ ᠥᠨᠥᠴᠢᠷᠡᠬᠦ
ᠳᠤᠷᠠᠯᠠᠯ ᠦ᠋ᠨ ᠤᠶᠠᠬᠠᠨ ᠦᠭᠡᠰ ᠶ᠋ᠢᠡᠨ
ᠬᠡᠭᠡᠷ᠎ᠡ ᠶ᠋ᠢᠨ ᠰᠢᠪᠠᠭᠤᠨ ᠳᠦ ᠤᠬᠠᠮᠵᠢ ᠦᠭᠡᠢ ᠣᠷᠬᠢᠨ
ᠬᠥᠭᠦᠷᠭᠡ ᠪᠣᠰᠬᠤ ᠶ᠋ᠢᠨ ᠢᠷᠦᠭᠡᠯ ᠦᠭᠡᠢ
ᠬᠥᠬᠡᠮᠳᠦᠭ ᠮᠥᠩᠭᠥᠨ ᠭᠣᠣᠯ ᠦ᠋ᠨ ᠬᠣᠶᠠᠷ ᠡᠷᠬᠢ ᠮᠠᠨᠠᠯᠴᠢᠨ
ᠨᠣᠬᠠᠢ ᠶ᠋ᠢᠨ ᠳᠠᠭᠤᠨ ᠠ᠋ᠴᠠ ᠰᠡᠭᠦᠲᠡᠷ ᠶ᠋ᠢᠡᠨ ᠬᠠᠮᠠᠭᠠᠯᠠᠬᠤ ᠭᠡᠵᠦ
ᠨᠢᠯᠪᠤᠰᠤ ᠲᠠᠢ ᠪᠠᠨ ᠱᠠᠭᠢᠨ᠎ᠠ
ᠬᠡᠯᠡᠬᠦ ᠭᠡ ᠦᠭᠡ ᠪᠡᠨ ᠠᠪᠢᠶᠠᠯᠠᠬᠤ ᠠ᠋ᠴᠠ ᠤᠷᠢᠳ
ᠬᠡᠲᠡᠷᠬᠦ ᠤᠩᠰᠢᠬᠲᠠᠵᠤ
ᠬᠠᠮᠤᠭ ᠲᠠᠰᠤᠯᠬᠠᠨ ᠶᠠᠭᠤᠮᠠᠨ ᠠ᠋ᠴᠠ ᠪᠠᠨ
ᠬᠠᠮᠤᠭ ᠦ᠋ᠨ ᠲᠠᠨᠢᠯ ᠪᠤᠰᠤ ᠪᠦᠱᠦᠭᠦᠷᠬᠡᠨ
ᠪᠤᠲᠤᠭ ᠵᠤᠵᠠᠭᠠᠨ ᠠᠭᠠᠷ ᠳᠤᠮᠳᠠ
ᠪᠣᠲᠣᠯ ᠡᠴᠡ ᠪᠡᠨ ᠲᠥᠭᠡᠷᠢᠨ᠎ᠡ
ᠬᠣᠷᠣᠮ ᠴᠠᠤᠠᠴᠤ ᠂ ᠮᠥᠩᠬᠡ ᠥᠯᠥᠰᠦᠨ
ᠬᠣᠶ᠋ᠢᠴᠢ ᠳ᠋ᠠᠭᠠᠨ ᠥᠪᠯᠡᠬᠦ
ᠬᠠᠲᠠᠨ ᠬᠦᠷᠡᠩ ᠬᠦᠰᠢᠶ᠎ᠡ ᠪᠡᠬᠢᠨ
ᠬᠠᠩᠭᠠᠢ ᠳᠠᠮᠵᠢᠵᠤ ᠤᠬᠠᠭᠠᠷᠠᠨ᠎ᠠ
ᠪᠤᠴᠠᠬᠤ ᠬᠠᠯᠠᠭᠤᠨ ᠪ ᠪᠠᠨ ᠡᠬᠡᠨᠡ ᠭᠡᠰᠡᠨ ᠦᠭᠡ ᠶ᠋ᠢ
ᠪᠥᠬᠡᠴᠡᠶ᠋ᠢᠯᠡᠵᠦ ᠴᠢᠲᠠᠬᠤ ᠦᠭᠡᠢ
ᠪᠣᠷᠣ ᠲᠠᠯ᠎ᠠ ᠳᠦ
ᠡᠵᠡᠬᠦᠢ ᠬᠠᠶᠠᠩᠬᠠᠨ
ᠬᠢᠯᠠᠭᠠᠨ᠎ᠠ ᠶ᠋ᠢᠨ ᠲᠦᠷᠦᠭᠦᠦ
ᠬᠠᠷᠢᠬᠤ ᠶ᠋ᠢᠨ ᠠᠮᠵᠢᠯ ᠦᠭᠡᠢ ᠨᠢᠭᠡ ᠵᠦᠭ ᠲᠡᠭᠡᠨ ᠪᠤᠭᠤᠷᠤᠯᠰᠢᠨ
ᠪᠤᠲᠠᠷᠠᠵᠤ ᠤᠨᠠᠬᠤ ᠨᠠᠪᠴᠢᠨ ᠠ᠋ᠴᠠ ᠬᠢᠮᠲᠠᠬᠠᠨ ᠪᠤᠲᠠᠷᠠᠵᠤ
ᠪᠦᠷᠦᠢ ᠶ᠋ᠢᠨ ᠰᠢᠷᠭᠠᠯ ᠡᠪᠦᠷ ᠤᠷᠤᠭᠤ
ᠳᠤᠭᠤᠶ᠋ᠢᠬᠠᠨ ᠵᠢᠭᠤᠲᠠᠨ
ᠡᠬᠡ ᠬᠠᠭᠤᠷᠠᠢ ᠠ᠋ᠴᠠ ᠪᠠᠨ ᠡᠮᠵᠡᠭᠬᠡᠨ ᠬᠠᠯᠲᠤᠷᠢᠨᠠ ᠡ ᠁
ᠡᠲᠦᠷ ᠬᠣᠨᠣᠭ
ᠡᠨᠡ ᠂ ᠰᠡᠷᠢᠭᠦᠨ ᠴᠡᠩᠬᠡᠷ ᠠᠲ᠋ᠯᠠᠨᠲ ᠦ᠋ᠨ ᠳᠠᠯᠠᠢ
ᠡᠭᠦᠷᠢᠲᠡ ᠂ ᠲᠥᠪ ᠤᠷᠤᠭᠤ ᠪᠠᠨ ᠳᠣᠯᠭᠢᠶᠠᠯᠠᠨ᠎ᠠ
ᠮᠥᠩᠬᠦᠷᠡᠨ ᠴᠡᠯᠡᠯᠵᠡᠬᠦ ᠳᠠᠩ ᠤᠷᠤᠭᠤ ᠨᠢ
ᠮᠥᠷᠥᠭᠡᠲᠦᠯ ᠵᠤᠵᠠᠭᠠᠨ ᠬᠥᠯ ᠦ᠋ᠨ ᠮᠥᠷ ᠦ᠋ᠳ ᠲᠠᠶ᠋ᠢᠪᠤᠭᠤᠬᠠᠨ ᠬᠤᠷᠠᠵᠤ
ᠮᠥᠩᠬᠡ ᠨᠢᠭᠤᠴᠠᠬᠠᠨ ᠭᠤᠨᠢᠬ ᠵᠦᠭ ᠶ᠋ᠢᠡᠨ
ᠮᠡᠯᠡᠰ ᠮᠡᠯᠡᠰ ᠬᠥᠪᠪᠥᠨ ᠪᠤᠴᠠᠨ᠎ᠠ ᠡ !
ᠵᠠᠯᠠᠭᠤ ᠰᠢᠯᠦᠭᠴᠢᠳ ᠦᠨ ᠴᠣᠪᠣᠷᠠᠯ ᠪᠢᠴᠢᠭ᠌
< ᠢᠷᠡᠬᠦ ᠵᠠᠭᠤᠨ ᠤ ᠬᠣᠩᠬᠣᠨ ᠳᠠᠭᠤᠨ > ᠡᠴᠡ ᠬᠠᠭᠤᠯᠪᠠ᠃
ᠦᠰᠦᠭ ᠠᠮᠢᠯᠠᠭᠤᠯᠤᠭᠰᠠᠨ ᠨᠢ ᠄ ᠲᠤᠭᠴᠢ ᠰᠠᠷᠠᠨ᠎ᠠ
ᠬᠢᠨᠠᠭᠴᠢ ᠄ ᠭᠠᠸᠠ᠂ ᠴᠣᠯᠮᠣᠨᠲᠤᠶᠠᠭ᠎ᠠ
2023 ᠂ 5 ᠂ 24 ᠪ ᠡᠲᠦᠷ
