3-27-28ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠬᠢᠲᠠᠳ ᠡᠪᠡᠳᠴᠢᠨ ᠫᠢᠶᠢᠤᠽᠠ ᠶ᠋ᠢ ᠵᠠᠰᠠᠬᠤ᠂ ᠲᠦᠷᠭᠡᠨ ᠬᠥᠩᠭᠡᠵᠢᠭᠦᠯᠬᠦ ᠠᠷᠭ᠎ᠠ
ᠬᠣᠷᠢᠨ ᠳᠣᠯᠣᠭ᠎ᠠ ᠂ ᠬᠢᠲᠠᠳ ᠡᠪᠡᠳᠴᠢᠨ ᠫᠢᠶᠢᠤᠽᠠ ᠶ᠋ᠢ ᠵᠠᠰᠠᠬᠤ
ᠬᠢᠲᠠᠳ ᠡᠪᠡᠳᠴᠢᠨ ᠫᠢᠶᠢᠤᠽᠠ ᠬᠡᠮᠡᠬᠦ ᠴᠡᠴᠡᠷᠡᠬᠦ ᠡᠪᠡᠳᠴᠢᠨ ᠪᠣᠯ ᠴᠡᠴᠡᠷᠡᠬᠦ ᠡᠪᠡᠳᠴᠢᠲᠡᠨ ᠦ᠌ ᠢᠳᠡᠭᠡᠨ᠂ ᠠᠶᠠᠭ᠎ᠠ᠂ ᠠᠷᠢᠬᠢᠨ ᠬᠤᠨᠳᠠᠭ᠎ᠠ ᠠ᠋ᠴᠠ ᠬᠠᠯᠳᠠᠵᠤ ᠡᠪᠡᠳᠴᠢᠨ ᠲᠣᠰᠤᠭᠠᠳ᠂ ᠪᠡᠶ᠎ᠡ ᠴᠡᠴᠡᠷᠡᠬᠦ᠂ ᠨᠢᠭᠤᠷ ᠤ᠋ᠨ ᠥᠩᠭᠡ ᠬᠠᠷᠠᠯᠠᠬᠤ᠂ ᠡᠳᠦᠷ ᠴᠡᠴᠡᠷᠡᠪᠡᠰᠦ ᠰᠥᠨᠢ ᠠᠮᠤᠷᠯᠢᠬᠤ᠂ ᠰᠥᠨᠢ ᠴᠡᠴᠡᠷᠡᠪᠡᠰᠦ ᠡᠳᠦᠷ ᠠᠮᠤᠷᠯᠢᠬᠤ᠂ ᠠᠮᠤᠷᠯᠢᠬᠤ ᠤᠶ᠋ᠢᠷᠠᠲᠤᠪᠠᠯ ᠪᠡᠶ᠎ᠡ ᠬᠠᠯᠠᠭᠤᠴᠠᠨ ᠬᠥᠯᠥᠰᠥ ᠭᠠᠷᠤᠮᠤᠢ᠃ ᠲᠡᠷᠡ ᠡᠪᠡᠳᠴᠢᠨ ᠬᠠᠯᠠᠭᠤᠨ ᠬᠦᠢᠲᠡᠨ ᠠᠯᠢ ᠴᠤ᠌ ᠦᠭᠡᠢ ᠶᠦ᠍ᠮ᠃ ᠲᠡᠭᠦᠨ ᠳ᠋ᠦ᠍ ᠵᠤᠨ ᠤ᠋ ᠴᠠᠭ ᠤ᠋ᠨ ᠦᠬᠡᠷ ᠦ᠋ᠨ ᠨᠣᠶ᠋ᠢᠲᠠᠨ ᠠᠷᠭᠠᠯ ᠳᠣᠲᠣᠷ ᠫᠣᠸᠠᠷᠢ ᠮᠡᠲᠦ ᠬᠠᠷ᠎ᠠ ᠬᠠᠯᠢᠰᠤ ᠲᠠᠢ᠂ ᠳᠣᠲᠣᠷ ᠨᠢ ᠴᠠᠭᠠᠨ᠂ ᠳᠣᠯᠣᠭ᠎ᠠ ᠨᠠᠢ᠍ᠮᠠ ᠨᠣᠶ᠋ᠢᠲᠠᠨ ᠬᠠᠭᠤᠷᠠᠢ ᠠᠳᠠᠯᠢ ᠪᠣᠢ᠃ ᠬᠡᠢ ᠶ᠋ᠢᠨ ᠦᠶᠡᠰ ᠲᠦ᠍ ᠦᠵᠡᠭᠦᠯᠦᠭᠰᠡᠨ ᠶᠡᠬᠡ ᠴᠣᠭᠲᠤ —24 ᠪᠤᠶᠤ ᠭᠠᠯ ᠰᠤᠮᠤ —12᠂ ᠠᠯᠢ ᠪᠣᠯᠬᠤ ᠶ᠋ᠢ21 ᠭᠡᠮ ᠯᠤᠭᠡ ᠬᠠᠮᠲᠤ᠂ ᠤᠷᠢᠳ ᠤ᠋ᠨ ᠠᠷᠭᠠᠯ ᠤ᠋ᠨ ᠮᠥᠬᠥᠯᠢᠭ ᠊ᠢ ᠲᠠᠯᠬᠠᠯᠠᠨ ᠨᠠᠶ᠋ᠢᠷᠠᠭᠤᠯᠤᠬᠰᠠᠨ ᠲᠡᠭᠦᠨ ᠊ᠢ ᠡᠳᠦᠷ ᠪᠦᠷᠢ ᠬᠣᠶᠠᠷ ᠤᠳᠠᠭ᠎ᠠ᠂ ᠦᠳᠡᠰᠢ ᠪᠠ ᠥᠷᠯᠥᠭᠡ ᠳ᠋ᠦ᠍ ᠰᠦᠨ ᠦ᠌ ᠠᠷᠢᠬᠢ ᠶ᠋ᠢ ᠪᠤᠴᠠᠯᠭᠠᠵᠤ᠂ ᠬᠠᠯᠠᠭᠤᠨ ᠢ᠋ᠶ᠋ᠠᠷ ᠳᠠᠷᠤᠭᠤᠯᠵᠤ ᠥᠭ᠃
ᠬᠣᠷᠢᠨ ᠨᠠᠢ᠍ᠮᠠ᠂ ᠲᠦᠷᠭᠡᠨ ᠬᠥᠩᠭᠡᠵᠢᠭᠦᠯᠬᠦ ᠠᠷᠭ᠎ᠠ
ᠵᠢᠷᠮᠦᠰᠦᠨ ᠡᠮᠡᠭᠲᠡᠢ ᠨᠢᠷᠠᠶ᠋ᠢᠯᠠᠨ ᠡᠰᠡ ᠴᠢᠳᠠᠪᠠᠰᠤ ᠶᠡᠷᠦ ᠶ᠋ᠢᠨ ᠡᠮ᠂ ᠣᠯᠪᠢ ᠬᠤᠯᠤᠭᠠᠨ᠎ᠠ ᠶ᠋ᠢᠨ ᠮᠢᠬ᠎ᠠ᠂ ᠶᠠᠰᠤ᠂ ᠡᠰᠡ ᠣᠯᠳᠠᠪᠠᠰᠤ ᠮᠡᠯᠡᠬᠡᠢ ᠶ᠋ᠢᠨ ᠮᠢᠬ᠎ᠠ᠂ ᠡᠯᠵᠢᠭᠡᠨ ᠮᠢᠬ᠎ᠠ ᠶ᠋ᠢ ᠥᠭᠪᠡᠰᠦ ᠮᠠᠰᠢ ᠲᠦᠷᠭᠡᠨ ᠲᠤᠰᠠᠯᠠᠨ᠎ᠠ᠃ ᠦᠯᠦ ᠴᠢᠳᠠᠨ ᠡᠰᠡ ᠣᠯᠳᠠᠪᠠᠰᠤ ᠬᠠᠭᠤᠴᠢᠨ ᠭᠤᠲᠤᠯ ᠤ᠋ᠨ ᠤᠯᠠ ᠶ᠋ᠢ ᠴᠢᠨᠠᠵᠤ ᠤᠤᠭᠤᠯᠭᠠᠪᠠᠰᠤ ᠲᠤᠰᠠᠯᠠᠮᠤᠢ᠃ ᠡᠰᠡ ᠪᠥᠭᠡᠰᠦ ᠲᠠᠬᠢᠶᠠᠨ ᠥᠨᠳᠡᠭᠡᠨ ᠰᠢᠷ᠎ᠠ ᠶ᠋ᠢ ᠳᠣᠲᠣᠷ ᠠ᠋ᠴᠠ ᠥᠭ᠃ ᠮᠠᠭᠠᠳ ᠨᠢᠷᠠᠶ᠋ᠢᠯᠠᠬᠤ ᠭᠡᠮᠡᠨ ᠠᠶ᠋ᠢᠯᠠᠤᠠᠪᠠᠢ᠃ ᠡᠰᠡ ᠪᠥᠭᠡᠰᠦ ᠳᠠᠪᠤᠰᠤ ᠬᠠᠭᠤᠷᠴᠤ᠂ ᠤᠰᠤᠨ ᠳ᠋ᠤ᠌ ᠪᠤᠴᠠᠯᠭᠠᠵᠤ ᠤᠤᠭᠤᠯᠭᠠᠪᠠᠰᠤ ᠴᠢᠳᠠᠮᠤᠢ᠃ ᠠᠯᠢᠨ ᠴᠤ᠌ ᠡᠰᠡ ᠲᠤᠰᠠᠯᠠᠪᠠᠰᠤ ᠨᠣᠬᠠᠢ ᠶ᠋ᠢᠨ ᠢᠮ ᠦ᠋ᠨ ᠬᠠᠯᠠᠭᠤᠨ ᠴᠢᠰᠤ ᠥᠴᠦᠬᠡᠨ ᠊ᠢ ᠤᠰᠤᠨ ᠳ᠋ᠤᠷ ᠬᠣᠯᠢᠵᠤ ᠤᠤᠭᠤᠯᠭᠠᠪᠠᠰᠤ ᠰᠡᠵᠢᠭ ᠦᠭᠡᠢ ᠡᠳᠡᠭᠡᠷᠡᠬᠦ ᠪᠣᠯᠠᠢ᠃
ᠦᠰᠦᠭ ᠠᠮᠢᠯᠠᠭᠤᠯᠤᠭᠴᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠣᠤᠠᠬᠠᠨᠰᠤ᠎ᠡ
