ᠶᠡᠬᠡ ᠵᠠᠩᠵᠤᠨ ᠪ ᠬᠥᠰᠢᠶ᠎ᠡ - ᠪ · ᠣᠰᠤᠷ ᠲᠡᠮᠲᠡᠭᠯᠡᠪᠡ Их жанжны хөшөө - Б · Осор тэмдэглэв
ᠶᠡᠬᠡ ᠵᠠᠩᠵᠤᠨ ᠪ ᠬᠥᠰᠢᠶ᠎ᠡ
— ᠮᠣᠩᠭᠣᠯ ᠶ᠋ᠢᠠᠷ ᠠᠶᠠᠯᠠᠭᠰᠠᠨ ᠲᠡᠮᠲᠡᠭᠯᠡᠯ
ᠠᠭᠤᠷ ᠦ᠋ᠨ ᠲᠡᠷᠬᠡᠨ ᠳ᠋ᠦ᠍ ᠰᠠᠭᠤᠭᠰᠠᠭᠠᠷ
ᠤᠷᠲᠤ ᠵᠠᠮ ᠊ᠢ ᠬᠥᠬᠡᠭᠡᠯᠡ ᠳ᠋ᠠ ᠂
ᠠᠭᠤᠯᠠ ᠤᠰᠤ ᠶ᠋ᠢ ᠭᠡᠲᠦᠯᠦᠭᠰᠡᠭᠡᠷ
ᠤᠯᠠᠭᠠᠨᠪᠠᠭᠠᠲᠤᠷ ᠲᠤ ᠬᠦᠷᠦᠯ᠎ᠡ ᠃
ᠤᠰᠤ ᠨᠠᠷᠠ ᠨᠢ ᠲᠡᠩᠴᠡᠪᠡᠯ
ᠤᠷᠭᠤᠮᠠᠯ ᠰᠠᠶ᠋ᠢᠨ ᠳᠡᠯᠭᠡᠷᠡᠳᠡᠭ
ᠤᠯᠠᠭᠠᠨᠪᠠᠭᠠᠲᠤᠷ ᠊ᠢ ᠦᠵᠡᠬᠡᠳ ᠂
ᠤᠶᠠᠬᠠᠨ ᠰᠡᠤᠠᠬᠢᠯ ᠬᠥᠲᠡᠯᠦᠯᠡ ᠃
ᠪᠣᠷᠣᠭᠠᠨ ᠨᠠᠷᠠ ᠨᠢ ᠲᠡᠩᠴᠡᠪᠡᠯ
ᠪᠣᠲᠠᠰ ᠪᠦᠬᠦᠨ ᠳᠡᠯᠭᠡᠷᠡᠳᠡᠭ
ᠠᠪᠤᠷᠭᠤ ᠶᠡᠬᠡ ᠬᠥᠭᠵᠢᠯ ᠳ᠋ᠤᠨᠢ
ᠠᠶᠤᠤᠯᠢᠬᠠᠢ ᠲᠦᠬᠦᠷᠡᠩ ᠪᠠᠶᠠᠷᠯᠠᠯ᠎ᠠ ᠃
ᠪᠤᠮᠠᠨ ᠵᠠᠩ ᠦ᠋ᠨ ᠥᠨᠲᠥᠷ
ᠪᠣᠭᠲᠠ ᠠᠭᠤᠯᠠ ᠨᠢ ᠰᠦᠮᠪᠦᠷᠯᠡᠵᠡᠢ ᠃
ᠪᠣᠰᠤᠬ᠋᠎ᠠ ᠪᠡᠶ᠎ᠡ ᠨᠢ ᠰᠡᠬᠦᠶ᠋ᠢᠭᠡᠳ
ᠪᠤᠭᠤᠷᠤᠯ ᠳᠦᠷᠢ ᠪᠡᠨ ᠭᠠᠶ᠋ᠢᠬᠠᠭᠤᠯᠵᠠᠢ ᠃
ᠪᠤᠲᠠᠯᠠᠵᠤ ᠤᠷᠭᠤᠭᠰᠠᠨ ᠵᠦᠢᠯ ᠦ᠋ᠨ ᠮᠣᠲᠣ
ᠦᠵᠦᠭᠦᠷ ᠨᠢ ᠲᠣᠣᠷᠯᠠᠭᠠᠳ ᠰᠠᠭᠰᠠᠶ᠋ᠢᠵᠠᠢ ᠃
ᠪᠤᠯᠠᠭ ᠱᠠᠩᠲᠠ ᠭᠣᠣᠯ ᠭᠣᠷᠣᠬ᠎ᠠ
ᠪᠤᠷᠵᠠᠩ ᠦᠭᠡᠢ ᠲᠤᠨᠤᠷᠠᠵᠠᠢ ᠃
ᠪᠤᠵᠠᠭᠠᠢ ᠥᠨᠲᠥᠷ ᠨᠠᠷᠠᠰᠤᠨ ᠮᠣᠲᠣ
ᠥᠩᠭᠡ ᠨᠢ ᠨᠣᠭᠣᠭᠠᠨ ᠶ᠋ᠢᠠᠷ ᠪᠠᠭᠯᠠᠷᠠᠵᠠᠢ ᠃
ᠪᠤᠮᠪᠠᠭᠠᠷ ᠴᠠᠭᠠᠨ ᠬᠡᠷ ᠦ᠋ᠳ
ᠬᠣᠲᠠᠯᠠᠵᠤ ᠪᠠᠭᠤᠭᠠᠳ ᠡᠩᠨᠡᠷᠡᠵᠡᠢ ᠃
ᠤᠲᠤᠭᠠᠨ ᠰᠤᠭᠤᠨᠠᠭ ᠲᠠᠲᠠᠭᠤᠯᠲᠠᠭ
ᠵᠥᠭᠡᠬᠡᠪᠦᠷᠢ ᠶ᠋ᠢᠨ ᠮᠠᠰᠢᠨ ᠵᠥᠷᠢᠯᠲᠦᠵᠡᠢ ᠃
ᠠᠭᠤᠲᠠᠮ ᠵᠠᠮ ᠶ᠋ᠢᠠᠷ ᠵᠢᠷᠡᠯᠵᠡᠳᠡᠭ
ᠰᠠᠭᠤᠲᠠᠯ ᠦ᠋ᠨ ᠮᠠᠰᠢᠨ ᠬᠡᠯᠬᠢᠯᠲᠦᠵᠡᠢ ᠃
ᠤᠭᠤᠬᠢᠯᠠᠵᠤ ᠲᠦᠷᠭᠡᠨ ᠶᠠᠪᠤᠲᠠᠭ ᠠ᠋ᠴᠠ
ᠭᠠᠯᠲᠤ ᠳᠤᠭᠤᠢ ᠨᠢ ᠫᠠᠷᠴᠢᠬᠢᠨᠡᠵᠡᠢ ᠃
ᠤᠶᠠᠨ ᠵᠥᠬᠡᠯᠡᠨ ᠪᠥᠮᠪᠥᠯᠵᠡᠬᠦ ᠡᠴᠡ
ᠵᠣᠴᠢᠳ ᠦ᠋ᠨ ᠲᠡᠷᠭᠡ ᠰᠦᠯᠵᠢᠯᠲᠦᠵᠡᠢ ᠃
ᠤᠷᠲᠤ ᠵᠢᠯᠠᠬ᠋ᠠ ᠶ᠋ᠢᠨ ᠲᠠᠷᠢᠶᠠᠨ ᠳ᠋ᠦ᠍
ᠺᠣᠮᠪᠠᠶ᠋ᠢᠨ ᠮᠠᠰᠢᠨ ᠬᠦᠩᠭᠢᠨᠡᠵᠡᠢ ᠃
ᠠᠭᠤᠯᠠ ᠲᠡᠬᠡᠭᠦᠷ ᠡᠷᠬᠢᠯᠲᠦᠬᠦ ᠡᠴᠡ
ᠨᠢᠰᠳᠡᠭ ᠮᠠᠰᠢᠨ ᠳᠥᠩᠬᠢᠨᠡᠵᠡᠢ ᠃
ᠡᠷᠲᠡᠨᠢ ᠰᠤᠪᠤᠳ ᠦ᠋ᠨ ᠴᠠᠬᠢᠯᠭᠠᠨ ᠳ᠋ᠸᠩ
ᠠᠲᠠᠬᠡ ᠲᠠᠷᠲᠠᠭᠡ ᠳᠤᠯᠠᠯᠵᠠᠵᠤ ᠪᠠᠶ᠋ᠢᠨ᠎ᠠ ᠃
ᠡᠷᠬᠢᠮ ᠴᠠᠭ ᠦ᠋ᠨ ᠪᠠᠶᠠᠷᠲᠤ ᠳᠠᠭᠤᠨ
ᠡᠭᠡᠰᠢᠭ ᠲᠣᠲᠣᠬᠠᠨ ᠬᠠᠩᠭᠢᠨᠠᠵᠤ ᠪᠠᠶ᠋ᠢᠨ᠎ᠠ ᠃
ᠴᠠᠷᠲᠠᠵᠤ ᠬᠢᠭᠰᠡᠨ ᠵᠠᠰᠠᠮᠠᠯ ᠵᠠᠮ
ᠴᠠᠰᠢ ᠪᠠᠨ ᠠᠯᠤᠰ ᠲᠤ ᠵᠤᠷᠠᠶ᠋ᠢᠵᠤ ᠪᠠᠶ᠋ᠢᠨ᠎ᠠ ᠃
ᠬᠠᠰ ᠴᠠᠭᠠᠨ ᠠᠰᠠᠷ ᠦ᠋ᠳ ᠨᠢ
ᠬᠠᠷᠠᠬᠤ ᠨᠢᠲᠦ ᠶ᠋ᠢ ᠭᠢᠯᠪᠠᠭᠤᠯᠵᠤ ᠪᠠᠶ᠋ᠢᠨ᠎ᠠ ᠃
ᠠᠷᠢᠭᠤᠨ ᠲᠤᠤᠯᠠ ᠶ᠋ᠢᠨ ᠬᠥᠪᠡᠭᠡᠨ ᠳ᠋ᠦ᠍
ᠤᠯᠠᠭᠠᠨᠪᠠᠭᠠᠲᠤᠷ ᠰᠦᠨᠲᠡᠷᠯᠡᠵᠡᠢ ᠃
ᠠᠷᠠᠳ ᠦ᠋ᠨ ᠵᠢᠷᠭᠠᠯ ᠴᠠᠯᠭᠢᠯᠠᠭᠠᠳ
ᠠᠯᠲᠠᠨ ᠳᠡᠯᠡᠬᠡᠢ ᠳ᠋ᠦ᠍ ᠳᠠᠭᠤᠷᠢᠰᠴᠠᠢ ᠃
ᠨᠠᠶ᠋ᠢᠵᠠ ᠮᠣᠩᠭᠣᠯ ᠤᠯᠤᠰ ᠦ᠋ᠨ
ᠨᠠᠷᠠᠨ ᠰᠠᠴᠤᠷᠠᠯᠲᠤ ᠨᠡᠶ᠋ᠢᠰᠯᠡᠯ ᠬᠣᠲᠠ ᠂
ᠡᠯᠢᠭᠡᠨ ᠬᠠᠶ᠋ᠢᠷ᠎ᠠ ᠶ᠋ᠢ ᠲᠠᠲᠠᠭᠠᠳ
ᠡᠩ ᠦᠭᠡᠢ ᠪᠠᠶᠠᠷ ᠲᠦᠷᠦᠭᠦᠯᠵᠡᠢ ᠃
ᠠᠪᠤ ᠪᠠᠨ ᠪᠠᠶ᠋ᠢᠬᠤ ᠳ᠋ᠦ᠍ ᠪᠠᠵᠠᠭᠠᠭᠰᠠᠨ
ᠠᠷᠠᠯᠲᠤ ᠪᠠᠨ ᠶᠠᠭᠤᠨ ᠳ᠋ᠦ᠍ ᠭᠦᠭᠯᠨᠯᠡ ᠳ᠋ᠠ ᠂
ᠠᠬ᠎ᠠ ᠳᠡᠭᠦᠦ ᠮᠣᠩᠭᠣᠯ ᠦ᠋ᠨ ᠲᠤᠬᠠᠢ ᠲᠠᠢ
ᠠᠶᠠᠯᠭᠤ ᠪᠠᠬᠠᠨ ᠡᠷᠭᠦᠶ᠎ᠡ ᠳ᠋ᠠ ᠃
ᠡᠵᠢ ᠪᠡᠨ ᠪᠠᠶ᠋ᠢᠬᠤ ᠳ᠋ᠦ᠍ ᠪᠡᠯᠡᠳᠬᠡᠭᠰᠡᠨ
ᠡᠲᠡᠭᠡᠷ ᠶ᠋ᠢᠡᠨ ᠶᠠᠭᠤᠨ ᠳ᠋ᠦ᠍ ᠳᠠᠷᠤᠯ᠎ᠠ ᠳ᠋ᠠ ᠂
ᠡᠷᠡᠯᠬᠡᠭ ᠮᠣᠩᠭᠣᠯ ᠦ᠋ᠨ ᠬᠥᠭᠵᠢᠯ ᠊ᠢ
ᠡᠪᠯᠨᠭᠦᠯᠵᠤ ᠵᠢᠭᠠᠬᠠᠨ ᠬᠣᠯᠪᠣᠶ᠎ᠠ ᠳ᠋ᠠ ᠃
ᠳ᠋ᠠ ᠬᠦᠷᠢᠶ᠎ᠡ ᠬᠡᠳ ᠶᠠᠷᠢᠪᠠᠯ
ᠨᠠᠰᠤᠲᠠᠳ ᠠᠨᠲᠠᠬᠤ ᠦᠭᠡᠢ ᠮᠡᠲᠡᠨ᠎ᠡ ᠪᠠᠶ᠋ᠢᠬ᠎ᠠ
ᠳᠠᠪᠠᠭᠤ ᠰᠠᠶ᠋ᠢᠬᠠᠨ ᠬᠥᠭᠵᠢᠯ ᠊ᠢ ᠨᠢ
ᠡᠯᠭᠦᠵᠦ ᠠᠪᠤᠭᠠᠳ ᠬᠡᠯᠡᠶ᠎ᠡ ᠃
ᠤᠯᠠᠭᠠᠨᠪᠠᠭᠠᠲᠤᠷ ᠬᠣᠲᠠ ᠬᠡᠪᠡᠯ
ᠤᠯᠤᠰ ᠦ᠋ᠳ ᠨᠠᠷᠢᠨ ᠮᠡᠲᠡᠨ᠎ᠡ ᠪᠠᠶ᠋ᠢᠬ᠎ᠠ
ᠤᠷᠠᠨ ᠬᠣᠭᠣᠷ ᠦ᠋ᠨ ᠠᠶᠠᠯᠭᠤ ᠪᠡᠷ
ᠤᠶᠠᠩᠭᠠᠯᠠᠵᠤ ᠵᠢᠭᠠᠬᠠᠨ ᠲᠠᠭᠤᠯᠠᠶ᠎ᠡ ᠃
ᠬᠠᠷᠠᠭᠰᠠᠨ ᠦᠵᠡᠭᠰᠡᠨ ᠪᠦᠬᠦᠨ ᠊ᠢ ᠪᠡᠨ
ᠬᠠᠮᠤᠵᠤ ᠰᠢᠮᠡᠵᠦ ᠬᠡᠯᠡᠵᠦ ᠦᠭᠡᠢ ᠂
ᠬᠠᠲᠠᠨ ᠪᠠᠭᠠᠲᠤᠷ ᠦ᠋ᠨ ᠬᠥᠰᠢᠶ᠎ᠡ ᠶ᠋ᠢ ᠨᠢ
ᠬᠠᠮᠤᠭ ᠦ᠋ᠨ ᠲᠡᠷᠢᠭᠦᠨ ᠳ᠋ᠦ᠍ ᠮᠠᠭᠲᠠᠶᠡ ᠃
ᠰᠦᠷᠯᠢᠭ ᠬᠦᠴᠦᠲᠦ ᠤᠯᠤᠰ ᠦ᠋ᠨ ᠬᠢᠨᠢ
ᠪᠠᠲᠠᠷᠠᠯ ᠪᠦᠬᠦᠨ ᠊ᠢ ᠳᠤᠷᠠᠳᠬᠤ ᠦᠭᠡᠢ ᠂
ᠰᠦᠬᠡᠪᠠᠭᠠᠲᠤᠷ ᠦ᠋ᠨ ᠬᠥᠰᠢᠶ᠎ᠡ ᠶ᠋ᠢ ᠨᠢ
ᠪᠠᠲᠠᠭᠲᠤ ᠰᠢᠯᠦᠭ ᠶ᠋ᠢᠡᠷ ᠮᠠᠭᠲᠠᠶᠡ ᠃
ᠰᠢᠪᠠᠭᠤᠨ ᠬᠣᠩᠰᠢᠶᠠᠷᠲᠤ ᠡᠭᠡᠲᠡᠨ ᠭᠣᠲᠣᠯ ᠊ᠢ
ᠲᠥᠷᠥᠭᠡ ᠳᠠᠭᠠᠭᠠᠳ ᠢᠰᠭᠦᠯᠦᠭᠰᠡᠨ
ᠴᠣᠭᠲᠤ ᠮᠣᠩᠭᠣᠯ ᠦ᠋ᠨ ᠲᠣᠷᠭᠠᠨ ᠲᠡᠷᠯᠢᠭ ᠊ᠢ
ᠬᠦᠲᠡᠷ ᠪᠡᠶ᠎ᠡ ᠳ᠋ᠦ᠍ ᠡᠮᠦᠰᠴᠢᠭᠡᠭᠰᠡᠨ
ᠰᠢᠯᠲᠡᠲᠦ ᠲᠣᠷᠬ᠋᠎ᠠ ᠳᠤᠷᠳᠤᠩ ᠪᠥᠰ ᠊ᠢ
ᠲᠤᠮᠲᠠ ᠪᠡᠶ᠎ᠡ ᠳ᠋ᠦ᠍ ᠣᠷᠢᠶᠠᠴᠢᠬᠠᠭᠰᠠᠨ
ᠱ᠌ᠢᠷᠦ ᠶ᠋ᠢᠨ ᠣᠷᠣᠶ᠋ᠢᠲᠤ ᠭᠠᠩ ᠦ᠋ᠨ ᠮᠠᠯᠠᠭᠠᠢ ᠶ᠋ᠢ
ᠲᠡᠷᠢᠭᠦᠨ ᠳ᠋ᠦ᠍ ᠲᠠᠯᠪᠢᠭᠠᠳ ᠡᠮᠦᠰᠴᠢᠭᠡᠭᠰᠡᠨ
ᠰᠠᠮᠠᠭᠤᠨ ᠪ ᠳᠠᠷᠤᠯᠬ᠋ᠠ ᠬᠣᠷᠲᠤᠨ ᠫᠤᠤ
ᠰᠤᠭᠤᠨ ᠳᠣᠭᠤᠤᠷ ᠤᠨᠵᠢᠢᠬᠰᠠᠨ
ᠰᠠᠷᠠᠨ ᠭᠡᠷᠡᠯᠲᠦ ᠤᠷᠲᠤ ᠢᠯᠲᠦ
ᠲᠠᠰᠢᠶ᠎ᠠ ᠳᠠᠭᠠᠭᠠᠳ ᠭᠢᠯᠠᠯᠵᠠᠭᠰᠠᠨ
ᠰᠤᠮᠤᠨ ᠲᠠᠶ᠋ᠢᠰᠠ ᠰᠤᠷ ᠦ᠋ᠨ ᠪᠥᠰᠨ
ᠲᠤᠮᠲᠠ ᠪᠡᠶ᠎ᠡ ᠪᠡᠷ ᠣᠷᠢᠶᠠᠭᠰᠠᠨ
ᠰᠤᠨᠤᠮ᠎ᠠ ᠵᠠᠯᠠᠭᠤ ᠪᠠᠭᠠᠲᠤᠷ ᠡᠷ᠎ᠡ
ᠨᠢᠲᠦᠨ ᠳ᠋ᠦ᠍ ᠣᠨᠴᠠᠭᠠᠢ ᠬᠠᠷᠠᠭᠲᠠᠯᠠ ᠃
ᠰᠢᠷᠭᠠᠯ ᠵᠡᠭᠡᠷᠲᠡ ᠮᠣᠷᠢ
ᠰᠠᠯᠬᠢ ᠲᠠᠲᠠᠭᠠᠳ ᠳᠠᠪᠬᠢᠵᠤ ᠪᠠᠶ᠋ᠢᠬᠤ ᠰᠢᠭ᠋
ᠰᠢᠷᠠᠮᠤᠨ ᠠᠮᠠᠭᠠᠢ ᠴᠠᠭᠠᠨ ᠵᠤᠤᠵᠠᠢ
ᠰᠢᠲᠦᠨ ᠳ᠋ᠦ᠍ ᠬᠠᠷᠭᠤᠭᠠᠳ ᠲᠠᠴᠢᠭᠢᠨᠠᠵᠤ ᠪᠠᠶ᠋ᠢᠬᠤ ᠰᠢᠭ᠋
ᠴᠢᠲᠠᠯ ᠬᠦᠴᠦ ᠲᠡᠢ ᠰᠦᠬᠡᠪᠠᠭᠠᠲᠤᠷ
ᠴᠢᠩᠭᠠᠭᠠᠵᠤ ᠲᠠᠲᠠᠭᠠᠳ ᠲᠣᠭᠲᠣᠷᠴᠤ ᠪᠠᠶ᠋ᠢᠬᠤ ᠰᠢᠭ᠋
ᠴᠠᠪᠴᠢᠮ᠎ᠠ ᠥᠨᠲᠥᠷ ᠠᠭᠤᠯᠠ ᠥᠭᠡᠲᠡ
ᠰᠤᠨᠲᠠᠯᠡ ᠳᠠᠪᠬᠢᠭᠠᠳ ᠭᠠᠷᠴᠤ ᠪᠠᠶ᠋ᠢᠬᠤ ᠰᠢᠭ᠋
ᠰᠤᠷ ᠦ᠋ᠨ ᠰᠠᠶ᠋ᠢᠬᠠᠨ ᠨᠣᠭᠲᠣ
ᠴᠢᠬᠢᠨ ᠪ ᠠᠷᠤ ᠪᠠᠷ ᠭᠣᠭᠴᠣᠭᠠᠷᠠᠵᠡᠢ ᠂
ᠰᠢᠬᠠᠮᠠᠯ ᠪᠦᠯᠡᠵᠡᠭ ᠰᠢᠷᠢᠮᠡᠯ ᠬᠠᠵᠠᠭᠠᠷ
ᠲᠡᠭᠦᠨ ᠪ ᠲᠡᠬᠡᠭᠦᠷ ᠭᠢᠯᠠᠯᠵᠠᠵᠠᠢ ᠃
ᠰᠢᠩᠬᠤᠨ ᠤᠯᠠᠭᠠᠨ ᠰᠠᠭᠠᠯᠲᠠ ᠶ᠋ᠢ
ᠰᠠᠭᠠᠯᠲᠤᠷᠬ᠋ᠠ ᠠ᠋ᠴᠠ ᠨᠢ ᠡᠯᠭᠦᠵᠡᠢ ᠂
ᠰᠢᠷ᠎ᠠ ᠠᠯᠲᠠᠨ ᠥᠩᠭᠡᠲᠡᠢ ᠲᠣᠯᠢ
ᠲᠡᠭᠦᠨ ᠪ ᠳᠡᠭᠡᠷ᠎ᠡ ᠨᠢ ᠬᠡᠷᠡᠯᠲᠦᠵᠡᠢ ᠃
ᠬᠥᠭᠡ ᠥᠩᠭᠡ ᠶ᠋ᠢᠨ ᠬᠥᠮᠥᠯᠲᠦᠷᠬᠡ
ᠬᠦᠵᠦᠭᠦᠦ ᠤᠷᠤᠭᠤ ᠨᠢ ᠬᠦᠷᠪᠡᠶ᠋ᠢᠵᠡᠢ ᠂
ᠬᠦᠷᠡᠩ ᠤᠯᠠᠭᠠᠨ ᠵᠠᠯᠠᠬ᠋ᠠ
ᠣᠮᠣᠷᠤ ᠲᠦᠭᠦᠷᠡᠩ ᠪᠤᠲᠠᠷᠠᠵᠡᠢ ᠃
ᠨᠠᠪᠴᠢᠨ ᠬᠤᠸᠠᠷ ᠲᠠᠢ ᠠᠯᠲᠠᠨ ᠬᠦᠯᠢᠮ
ᠵᠢᠭᠦᠷ ᠪᠣᠯᠤᠨ ᠲᠠᠩᠲᠠᠵᠤ ᠪᠠᠶ᠋ᠢᠨ᠎ᠠ ᠂
ᠨᠠᠷᠠᠨ ᠰᠠᠷᠠᠨ ᠬᠣᠶᠠᠷ ᠲᠥᠷᠥᠭᠡ
ᠰᠠ ᠨᠢ ᠬᠠᠷᠭᠤᠭᠠᠳ ᠬᠠᠷᠴᠢᠭᠢᠨᠠᠵᠤ ᠪᠠᠶ᠋ᠢᠨ᠎ᠠ ᠃
ᠨᠠᠢ᠍ᠮᠠᠨ ᠰᠠᠶ᠋ᠢᠬᠠᠨ ᠭᠠᠨᠵᠤᠬ᠋ᠠ ᠨᠢ
ᠯᠠᠪᠢᠷ ᠪᠣᠯᠤᠨ ᠬᠡᠶ᠋ᠢᠰᠴᠦ ᠪᠠᠶ᠋ᠢᠨ᠎ᠠ ᠂
ᠨᠠᠭᠠᠨ᠎ᠠ ᠴᠠᠭᠠᠨ᠎ᠠ ᠠ᠋ᠴᠠ ᠨᠢ ᠬᠠᠷᠠᠬᠤᠯᠠᠷ
ᠨᠠᠷᠠᠨ ᠰᠠᠷᠠᠨ ᠬᠡᠷᠡᠯᠲᠦᠵᠦ ᠪᠠᠶ᠋ᠢᠬᠤ ᠰᠢᠭ᠋ ᠃
ᠦᠰᠦᠷᠦᠭᠡᠳ ᠭᠦᠶᠦᠬᠦ ᠵᠡᠭᠡᠷᠲᠡ ᠮᠣᠷᠢ
ᠡᠭᠦᠯᠡ ᠲᠠᠲᠠᠭᠠᠳ ᠨᠢᠰᠴᠦ ᠪᠠᠶ᠋ᠢᠨ᠎ᠠ ᠂
ᠥᠨᠲᠥᠷ ᠵᠢᠯᠣᠭᠣ ᠶ᠋ᠢ ᠰᠤᠩᠭᠠᠭᠠᠳ
ᠠᠭᠤᠯᠠᠨ ᠲᠡᠬᠡᠭᠦᠷ ᠬᠠᠷᠠᠶ᠋ᠢᠵᠤ ᠪᠠᠶ᠋ᠢᠨ᠎ᠠ ᠃
ᠭᠠᠩ ᠳᠦᠷᠪᠡᠨ ᠲᠤᠭᠤᠷᠠᠢ
ᠭᠠᠵᠠᠷ ᠴᠠᠪᠴᠢᠭᠠᠳ ᠨᠢᠵᠢᠭᠢᠨᠡᠵᠦ ᠪᠠᠶ᠋ᠢᠨ᠎ᠠ ᠂
ᠭᠠᠷ ᠲᠤ ᠪᠠᠷᠢᠬᠰᠠᠨ ᠤᠷᠲᠤ ᠵᠢᠯᠣᠭᠣ
ᠭᠠᠷᠤᠲᠢ ᠶ᠋ᠢᠨ ᠳᠡᠯᠡᠪᠴᠢ ᠬᠥᠮᠥᠶ᠋ᠢᠵᠦ ᠪᠠᠶ᠋ᠢᠨ᠎ᠠ ᠃
ᠭᠠᠶ᠋ᠢᠬᠠᠮᠰᠢᠬ ᠵᠠᠩᠵᠤᠨ ᠰᠦᠬᠡᠪᠠᠭᠠᠲᠤᠷ
ᠭᠠᠷ ᠡᠷᠭᠦᠭᠡᠳ ᠤᠷᠠᠶ᠋ᠢᠯᠠᠵᠤ ᠪᠠᠶ᠋ᠢᠨ᠎ᠠ ᠂
ᠭᠠᠮᠰᠢᠬ ᠲᠠᠲᠠᠲᠠᠭ ᠭᠠᠶ᠋ᠢᠬᠠᠯ ᠦ᠋ᠳ ᠊ᠢ
ᠭᠠᠪᠠᠯᠠ ᠶ᠋ᠢ ᠨᠢ ᠴᠥᠮᠥᠯᠡᠭᠰᠡᠨ ᠨᠢ ᠢᠯᠡᠷᠬᠡᠢ ᠪᠠᠶ᠋ᠢᠨ᠎ᠠ ᠃
ᠬᠥᠯᠥᠭᠯᠡᠵᠦ ᠤᠨᠤᠭᠰᠠᠨ ᠵᠡᠭᠡᠷᠲᠡ ᠮᠣᠷᠢ
ᠬᠦᠨᠲᠦᠷᠴᠤ ᠠᠪᠤᠭᠠᠳ ᠴᠠᠮᠨᠠᠵᠤ ᠪᠠᠶ᠋ᠢᠨ᠎ᠠ ᠂
ᠬᠦᠴᠦᠲᠦ ᠵᠠᠩᠵᠤᠨ ᠰᠦᠬᠡᠪᠠᠭᠠᠲᠤᠷ
ᠬᠥᠨᠲᠡᠯᠡᠨ ᠰᠠᠭᠤᠭᠠᠳ ᠤᠷᠤᠭᠰᠢᠯᠠᠵᠤ ᠪᠠᠶ᠋ᠢᠨ᠎ᠠ ᠃
ᠬᠥᠨᠥᠭᠡᠯ ᠶᠡᠬᠡᠲᠦ ᠬᠠᠷᠭᠢᠰ ᠲᠡᠶ᠋ᠢᠰᠦᠨ ᠊ᠢ
ᠬᠥᠷᠪᠡᠲᠡᠯ᠎ᠡ ᠳᠠᠷᠤᠭᠰᠠᠨ ᠨᠢ ᠢᠯᠡᠷᠬᠡᠢ ᠪᠠᠶ᠋ᠢᠨ᠎ᠠ ᠂
ᠬᠥᠪᠴᠢ ᠠᠭᠤᠲᠠᠮ ᠮᠣᠩᠭᠣᠯ ᠣᠷᠣᠨ ᠶ᠋ᠢᠠᠨ
ᠬᠥᠭᠵᠢᠯ ᠳ᠋ᠦ᠍ ᠳᠠᠯᠠᠯᠤᠭᠠᠳ ᠲᠠᠪᠰᠢᠵᠤ ᠪᠠᠶ᠋ᠢᠨ᠎ᠠ ᠃
ᠤᠯᠠᠭᠠᠨᠪᠠᠭᠠᠲᠤᠷ ᠬᠤᠲᠠ ᠶ᠋ᠢᠨ
ᠠᠭᠤᠲᠠᠮ ᠶᠡᠬᠡ ᠲᠠᠯᠠᠪᠠᠢ ᠳ᠋ᠦ᠍
ᠤᠯᠤᠰ ᠦ᠋ᠨ ᠵᠠᠰᠠᠭ ᠦ᠋ᠨ ᠭᠠᠵᠠᠷ ᠦ᠋ᠨ
ᠤᠷᠲᠤ ᠰᠠᠶ᠋ᠢᠬᠠᠨ ᠪᠡᠶ᠎ᠡ ᠳ᠋ᠦ᠍
ᠵᠤᠭᠠᠴᠠᠬᠤ ᠣᠯᠠᠨ ᠬᠥᠮᠦᠰ ᠦ᠋ᠨ
ᠲᠤᠩᠭᠠᠯᠠᠭ ᠨᠢᠲᠦᠨ ᠪ ᠬᠠᠷᠠᠭᠠᠨ ᠳ᠋ᠦ᠍
ᠵᠤᠯᠭᠠᠷᠠᠰᠢ ᠦᠭᠡᠢ ᠴᠡᠴᠡᠭ ᠦ᠋ᠳ ᠦ᠋ᠨ
ᠤᠷᠠᠨ ᠨᠠᠪᠴᠢᠯᠠᠬ᠋ᠠ ᠶ᠋ᠢᠨ ᠬᠦᠷᠢᠶᠡᠨ ᠳ᠋ᠦ᠍
ᠤᠭᠠᠯᠵᠠ ᠳᠠᠭᠠᠯᠵᠨ ᠪᠡᠷ ᠴᠢᠮᠡᠭᠳᠡᠭᠰᠡᠨ
ᠤᠷᠠᠴᠤᠳ ᠲᠠᠷᠠᠭᠴᠤᠤᠨ ᠪᠦᠲᠦᠭᠡᠭᠰᠡᠨ
ᠤᠴᠢᠷ ᠶᠡᠬᠡᠲᠡᠢ ᠡᠨᠡ ᠬᠥᠰᠢᠶ᠎ᠡ ᠶ᠋ᠢ
ᠤᠯᠤᠰ ᠲᠦᠮᠡᠨ ᠪᠢᠰᠢᠷᠡᠨ᠎ᠡ ᠃
ᠰᠠᠷ᠎ᠠ ᠶ᠋ᠢᠨ ᠭᠠᠵᠠᠷ ᠠ᠋ᠴᠠ ᠬᠠᠷᠠᠪᠠᠴᠤ
ᠰᠠᠴᠤᠷᠠᠵᠤ ᠪᠠᠶ᠋ᠢᠬᠤ ᠪᠠᠷ ᠪᠣᠰᠬᠠᠵᠠᠢ ᠂
ᠰᠠᠲᠤᠨ ᠲᠥᠷᠥᠯ ᠨᠢ ᠪᠠᠬᠠᠷᠬᠤ ᠪᠠᠷ
ᠦᠵᠡᠮᠵᠢᠲᠡᠢ ᠰᠠᠶ᠋ᠢᠬᠠᠨ ᠪᠣᠰᠬᠠᠵᠠᠢ ᠃
ᠠᠭᠤᠯᠠᠨ ᠲᠠᠯᠲᠠ ᠠ᠋ᠴᠠ ᠬᠠᠷᠠᠪᠠᠴᠤ
ᠰᠦᠨᠲᠡᠷᠯᠡᠵᠦ ᠪᠠᠶ᠋ᠢᠬᠤ ᠪᠠᠷ ᠪᠣᠰᠬᠠᠵᠠᠢ ᠂
ᠤᠰᠤᠨ ᠪ ᠠᠯᠤᠰ ᠠ᠋ᠴᠠ ᠬᠠᠷᠠᠪᠠᠴᠤ
ᠲᠤᠶᠠᠭᠠᠷᠠᠵᠤ ᠪᠠᠶ᠋ᠢᠬᠤ ᠪᠠᠷ ᠪᠣᠰᠬᠠᠵᠠᠢ ᠃
ᠪᠣᠭᠣᠯ ᠦ᠋ᠨ ᠬᠢᠨᠵᠢ ᠶ᠋ᠢ ᠲᠠᠰᠤᠯᠬᠤ ᠪᠠᠷ
ᠪᠣᠰᠴᠤ ᠵᠣᠭᠰᠣᠭᠰᠠᠨ ᠪᠠᠭᠠᠲᠤᠷ ᠭᠡᠨ᠎ᠡ ᠂
ᠪᠣᠯᠲᠠᠭ ᠦᠭᠡᠢ ᠬᠠᠷᠭᠢᠰ ᠲᠡᠶ᠋ᠢᠰᠦᠨ ᠊ᠢ
ᠪᠣᠲᠠ ᠴᠣᠬᠢᠬᠰᠠᠨ ᠵᠠᠩᠵᠤᠨ ᠭᠡᠨ᠎ᠡ ᠃
ᠠᠷᠢᠭᠤᠨ ᠰᠡᠤᠠᠬᠢᠯᠲᠦ ᠠᠷᠠᠳ ᠲᠠᠭᠠᠨ
ᠵᠢᠷᠦᠬᠡ ᠨᠢ ᠪᠣᠯᠤᠭᠰᠠᠨ ᠪᠠᠭᠠᠲᠤᠷ ᠭᠡᠨ᠎ᠡ ᠂
ᠠᠯᠲᠠᠷᠲᠤ ᠮᠠᠷᠭᠡᠨ ᠯᠸᠨᠢᠨ ᠪ
ᠱᠠᠪᠢ ᠨᠢ ᠪᠣᠯᠤᠭᠰᠠᠨ ᠵᠠᠩᠵᠤᠨ ᠭᠡᠨ᠎ᠡ ᠃
ᠬᠥᠭᠵᠢᠯ ᠵᠢᠷᠭᠠᠯ ᠦ᠋ᠨ ᠣᠷᠲᠣᠨ ᠶ᠋ᠢᠠᠨ
ᠮᠠᠨᠲᠤᠭᠤᠯᠵᠤ ᠪᠣᠰᠬᠠᠭᠰᠠᠨ ᠪᠠᠭᠠᠲᠤᠷ ᠭᠡᠨ᠎ᠡ ᠂
ᠬᠥᠨᠥᠭᠡᠯ ᠵᠠᠨᠤᠯᠲᠤ ᠲᠡᠶ᠋ᠢᠰᠦᠨ ᠲᠡᠢ
ᠮᠠᠩᠯᠠᠢᠯᠠᠵᠤ ᠲᠡᠮᠡᠴᠡᠭᠰᠡᠨ ᠵᠠᠩᠵᠤᠨ ᠭᠡᠨ᠎ᠡ ᠃
ᠡᠷᠬᠡ ᠴᠢᠯᠥᠭᠡᠨ ᠪ ᠲᠥᠯᠥᠭᠡ
ᠲᠠᠪᠬᠡᠷᠦᠨ ᠪᠣᠰᠤᠭᠰᠠᠨ ᠪᠠᠭᠠᠲᠤᠷ ᠭᠡᠨ᠎ᠡ ᠂
ᠡᠷᠡᠯᠬᠡᠭ ᠵᠣᠷᠢᠬᠲᠤ ᠣᠯᠠᠨ ᠊ᠢ ᠪᠡᠨ
ᠲᠠᠶ᠋ᠢᠴᠢᠯᠠᠵᠤ ᠪᠣᠰᠬᠠᠭᠰᠠᠨ ᠵᠠᠩᠵᠤᠨ ᠭᠡᠨ᠎ᠡ ᠃
ᠬᠣᠪᠢᠰᠬᠠᠯᠲᠤ ᠨᠠᠮ ᠦ᠋ᠨ ᠶ᠋ᠢᠠᠨ ᠲᠤᠭ ᠊ᠢ
ᠮᠠᠨᠲᠤᠭᠤᠯᠵᠤ ᠭᠠᠷᠤᠭᠰᠠᠨ ᠪᠠᠭᠠᠲᠤᠷ
ᠬᠣᠪᠢ ᠵᠠᠶᠠᠬ᠋᠎ᠠ ᠪᠡᠨ ᠰᠢᠢᠳᠪᠦᠷᠢᠯᠡᠬᠦ ᠪᠡᠷ
ᠡᠷᠡᠯᠬᠡᠭ ᠲᠡᠮᠡᠴᠡᠭᠰᠡᠨ ᠵᠠᠩᠵᠤᠨ ᠭᠡᠨ᠎ᠡ ᠃
ᠭᠠᠪᠢᠶ᠎ᠠ ᠨᠡᠷ᠎ᠡ ᠶᠢ ᠨᠢ ᠬᠡᠯᠡᠪᠡᠯ
ᠭᠠᠯᠠᠪ ᠳᠡᠯᠡᠬᠡᠢ ᠳ᠋ᠦ᠍ ᠠᠯᠳᠠᠷᠰᠢᠵᠠᠢ ᠂
ᠭᠠᠩ ᠵᠣᠷᠢᠭᠳᠤ ᠵᠠᠩᠵᠤᠨ ᠭᠡᠵᠦ
ᠭᠠᠳᠠᠭᠠᠳᠤ ᠳᠣᠲᠣᠭᠠᠳᠤ ᠳ᠋ᠦ᠍ ᠮᠠᠭᠲᠠᠭᠠᠯ ᠲᠡᠢ ᠃
ᠪᠣᠭᠳᠠ ᠠᠭᠤᠯᠠ ᠶᠢᠨ ᠨᠠᠷᠠᠰᠤ ᠰᠢᠭ᠋
ᠠᠯᠳᠠᠷ ᠨᠡᠷ᠎ᠡ ᠨᠢ ᠮᠥᠩᠬᠡᠷᠡᠵᠡᠢ ᠂
ᠪᠤᠶ᠋ᠢᠷ ᠦ᠋ᠨ ᠲᠤᠩᠭᠠᠯᠠᠭ ᠤᠰᠤ ᠰᠢᠭ᠋
ᠠᠭᠤᠤ ᠵᠣᠷᠢᠯᠲᠠ ᠨᠢ ᠡᠩᠭᠢᠵᠢᠵᠡᠢ ᠃
ᠡᠷᠡᠯᠬᠡᠭ ᠪᠠᠭᠠᠲᠤᠷ ᠠᠷᠠᠳ ᠦ᠋ᠨ ᠶ᠋ᠢᠠᠨ
ᠵᠢᠷᠦᠬᠡᠨ ᠲᠣᠲᠣᠷᠡ ᠠᠮᠢᠯᠠᠵᠠᠢ ᠂
ᠣᠨ ᠵᠢᠯ ᠦ᠋ᠨ ᠤᠲᠠᠭᠠᠨ ᠳ᠋ᠦ᠍ ᠴᠦ᠍
ᠪᠠᠯᠠᠷᠠᠰᠢ ᠦᠭᠡᠢ ᠪᠡᠷ ᠮᠥᠩᠬᠡᠷᠡᠵᠡᠢ ᠃
ᠵᠠᠩᠵᠤᠨ ᠰᠦᠬᠡᠪᠠᠭᠠᠲᠤᠷ ᠦ᠋ᠨ ᠱᠠᠪᠢ ᠨᠠᠷ ᠮᠢᠨᠢ
ᠵᠢᠷᠭᠠᠯ ᠦ᠋ᠨ ᠣᠷᠲᠣᠨ ᠊ᠢ ᠪᠣᠰᠬᠠᠵᠠᠢ ᠂
ᠵᠠᠶᠠᠭᠠᠭᠰᠠᠨ ᠮᠣᠩᠭᠣᠯ ᠤᠯᠤᠰ ᠦ᠋ᠨ ᠶ᠋ᠢᠠᠨ
ᠵᠢᠪᠬᠤᠯᠠᠩ ᠰᠦᠷ ᠊ᠢ ᠪᠠᠲᠠᠷᠠᠭᠤᠯᠵᠠᠢ ᠃
ᠤᠤᠭᠤᠭᠰᠠᠨ ᠤᠰᠤ ᠮᠢᠨᠢ ᠣᠨᠲᠣᠣ ᠴᠦ᠍
ᠠᠷᠢᠭᠤᠨ ᠰᠠᠨᠠᠬ᠋᠎ᠠ ᠨᠢᠭᠡᠲᠡᠢ ᠪᠢᠲᠡ ᠂
ᠤᠯᠤᠰ ᠮᠢᠨᠢ ᠲᠤᠰ ᠲᠠᠭᠠᠨ ᠴᠦ᠍
ᠠᠯᠤᠰ ᠦ᠋ᠨ ᠵᠣᠷᠢᠯᠲᠠ ᠨᠢᠭᠡᠲᠡᠢ ᠪᠢᠲᠡ ᠃
ᠡᠩᠬᠡ ᠰᠠᠶ᠋ᠢᠬᠠᠨ ᠣᠷᠣᠨ ᠪ ᠴᠢᠨᠢ
ᠬᠥᠭᠵᠢᠯ ᠊ᠢ ᠬᠠᠷᠠᠭᠠᠳ ᠪᠠᠶᠠᠷᠯᠠᠯ᠎ᠠ ᠂
ᠡᠪ ᠬᠠᠮᠲᠤ ᠶ᠋ᠢᠨ ᠨᠡᠶ᠋ᠢᠭᠡᠮ ᠳ᠋ᠦ᠍
ᠲᠦᠷᠭᠡᠨ ᠣᠷᠣᠬᠤ ᠶ᠋ᠢ ᠴᠢᠨᠢ ᠢᠷᠦᠭᠡᠶ᠎ᠡ !
( ᠪ · ᠣᠰᠤᠷ ᠲᠡᠮᠲᠡᠭᠯᠡᠪᠡ )
ᠦᠰᠦᠭ ᠠᠮᠢᠯᠠᠭᠤᠯᠤᠭᠴᠢ ᠄ ᠣᠶᠤᠨᠴᠢᠮᠡᠭ
ᠬᠢᠨᠠᠭᠴᠢ ᠪᠠᠭᠰᠢ ᠄ ᠣᠣᠬᠠᠭᠰᠣᠡ
