3-23-26ᠢᠰᠢᠲᠠᠨᠽᠠᠨᠸᠠᠩᠵᠢᠯ ᠤ᠋ᠨ ᠡᠮᠴᠢᠯᠡᠭᠡᠨ ᠦ᠌ ᠵᠣᠷ ᠵᠠᠰᠠᠯ- ᠭᠡᠰᠢᠭᠦᠦ ᠶ᠋ᠢᠨ ᠰᠢᠷᠬ᠎ᠠ᠂ ᠢᠳᠡᠷᠴᠦᠳ ᠦ᠋ᠨ ᠲᠣᠯᠣᠭᠠᠢ ᠶ᠋ᠢᠨ ᠶᠠᠷ᠎ᠠ᠂ ᠨᠢᠳᠦ ᠪᠦᠯᠲᠡᠷᠡᠬᠦ ᠶ᠋ᠢ ᠵᠠᠰᠠᠬᠤ
ᠭᠡᠰᠢᠭᠦᠦ ᠶ᠋ᠢᠨ ᠰᠢᠷᠬ᠎ᠠ ᠶ᠋ᠢ ᠵᠠᠰᠠᠬᠤ
ᠲᠣᠯᠣᠭᠠᠢ ᠪᠠ ᠭᠠᠷ ᠤ᠋ᠨ ᠠᠯᠢᠨ ᠳ᠋ᠤ᠌
ᠴᠤ᠌ ᠮᠡᠰᠡ ᠰᠢᠷᠬ᠎ᠠ ᠣᠯᠪᠠᠰᠤ ᠪᠡᠬᠡ ᠶ᠋ᠢ ᠳᠠᠪᠤᠰᠤ ᠲᠠᠢ ᠨᠠᠶ᠋ᠢᠷᠠᠭᠤᠯᠵᠤ ᠱᠠᠪᠰᠢᠬᠤ ᠪᠤᠶᠤ ᠤᠰᠤᠨ ᠳ᠋ᠤ᠌ ᠨᠠᠶ᠋ᠢᠷᠠᠭᠤᠯᠵᠤ
ᠪᠣᠭᠣᠪᠠᠰᠤ ᠮᠠᠭᠠᠳ ᠲᠦᠷᠭᠡᠨ ᠡᠳᠡᠭᠡᠷᠡᠮᠦᠢ᠃ ᠬᠠᠪᠤᠳᠪᠠᠰᠤ ᠥᠪᠡᠷ ᠦ᠋ᠨ ᠰᠢᠭᠡᠰᠦ ᠪᠡᠷ ᠨᠢ ᠳᠠᠬᠢᠨ ᠳᠠᠬᠢᠨ ᠱᠠᠪᠰᠢ᠃
ᠢᠳᠡᠷᠴᠦᠳ ᠦ᠋ᠨ ᠲᠣᠯᠣᠭᠠᠢ ᠶ᠋ᠢᠨ ᠶᠠᠷ᠎ᠠ ᠶ᠋ᠢ ᠵᠠᠰᠠᠬᠤ
ᠮᠣᠭᠠᠢ᠂ ᠳ᠋ᠢᠬᠪᠠᠷᠠᠨᠽᠠ ( ᠴᠢᠴᠢᠭᠦᠷ ᠬᠣᠷᠣᠬᠠᠢ ) ᠶ᠋ᠢᠨ ᠬᠣᠣᠷ ᠊ᠢ ᠵᠠᠰᠠᠬᠤ
ᠮᠣᠭᠠᠢ ᠬᠢᠭᠡᠳ ᠳ᠋ᠢᠬᠪᠠᠷᠠᠨᠽᠠ
( ᠴᠢᠴᠢᠭᠦᠷ ᠬᠣᠷᠣᠬᠠᠢ ) ᠬᠠᠳᠬᠤᠪᠠᠰᠤ ᠠᠮᠠ ᠪᠠᠷ ᠰᠢᠮᠡᠪᠡᠯ ᠲᠡᠷᠡ ᠳᠠᠷᠤᠢ ᠳ᠋ᠤ᠌ ᠲᠤᠰᠠᠯᠠᠮᠤᠢ᠃ ᠬᠠᠪᠤᠳᠪᠠᠰᠤ
ᠬᠠᠯᠠᠭᠤᠨ ᠪᠠᠭᠠᠰᠤ ᠰᠢᠪᠡ᠃ ᠳᠣᠲᠣᠷ ᠠ᠋ᠴᠠ ᠭᠠᠷᠤᠳᠢ —5 ᠬᠣᠶᠠᠷ ᠭᠡᠮ ᠊ᠢ ᠨᠢᠭᠡ ᠠᠶᠠᠭ᠎ᠠ ᠠᠷᠢᠬᠢ ᠪᠠᠷ ᠳᠠᠷᠤᠭᠤᠯᠪᠠᠰᠤ
ᠮᠠᠭᠠᠳ ᠲᠤᠰᠠᠯᠠᠮᠤᠢ᠃ ᠡᠮ ᠦᠭᠡᠢ ᠪᠥᠭᠡᠰᠦ ᠰᠠᠢᠨ ᠠᠷᠢᠬᠢ ᠤᠤᠭᠤᠯᠭᠠᠭᠠᠳ ᠰᠣᠭᠲᠣᠭᠤᠷᠠᠨ ᠮᠤᠩᠬᠠᠷᠠᠪᠠᠰᠤ ᠬᠣᠣᠷ
ᠨᠢ ᠭᠠᠳᠠᠭᠰᠢ ᠭᠠᠷᠬᠤ ᠮᠠᠭᠠᠳ ᠪᠣᠯᠠᠢ᠃
ᠨᠢᠳᠦ ᠪᠦᠯᠲᠡᠷᠡᠬᠦ ᠶ᠋ᠢ ᠵᠠᠰᠠᠬᠤ
ᠭᠡᠨᠡᠳᠲᠡ ᠨᠢᠳᠦ ᠪᠦᠯᠲᠡᠶ᠋ᠢᠨ
ᠭᠠᠷᠪᠠᠰᠤ ᠭᠤᠷᠪᠠ ᠬᠣᠨᠣᠭ ᠤ᠋ᠨ ᠳᠣᠲᠣᠷ᠎ᠠ ᠡᠷ᠎ᠡ ᠡᠮ᠎ᠡ ᠶ᠋ᠢᠨ ᠬᠣᠶᠠᠷ ᠪᠡᠯᠬᠡᠰ ᠊ᠢ ᠨᠢᠭᠡ ᠴᠠᠭ ᠲᠤ᠌ ᠦᠵᠡᠭᠦᠯᠪᠡᠰᠦ
ᠭᠡᠮ ᠠᠷᠢᠯᠬᠤ ᠨᠢ ᠰᠡᠵᠢᠭ ᠦᠭᠡᠢ ᠪᠣᠯᠠᠢ᠃ ᠲᠡᠭᠦᠨ ᠡᠴᠡ ᠳᠠᠪᠠᠪᠠᠰᠤ ᠦᠯᠦ ᠡᠳᠡᠭᠡᠷᠡᠬᠦ ᠪᠣᠯᠠᠢ᠃
ᠦᠰᠦᠭ ᠠᠮᠢᠯᠠᠭᠤᠯᠤᠭᠴᠢ ᠄ ᠦᠯᠵᠡᠶ᠋ᠢᠪᠠᠭᠠᠲᠤᠷ
ᠬᠢᠨᠠᠭᠰᠠᠨ ᠨᠢ ᠄ ᠣᠤᠠᠬᠠᠨᠰᠤ᠎ᠡ
