ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠣᠯᠣᠳᠤᠭᠠᠷ ᠪᠦᠯᠦᠭ Саран зэв – Зохиолч ᠂ Зураач – Т᠂ мандир ( Түүхэн тууж ) – Долдугаар бүлэг ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠣᠯᠣᠳᠤᠭᠠᠷ ᠪᠦᠯᠦᠭ Саран зэв – Зохиолч ᠂ Зураач – Т᠂ мандир ( Түүхэн тууж ) – Долдугаар бүлэг

ᠰᠠᠷᠠᠨ ᠵᠡᠪᠡ – ᠵᠣᠬᠢᠶᠠᠯᠴᠢ᠂ ᠵᠢᠷᠤᠭᠠᠴᠢ ᠲ᠂ ᠮᠠᠨᠳᠢᠷ ( ᠲᠡᠦᠬᠡᠨ ᠲᠤᠭᠤᠵᠢ )– ᠳᠣᠯᠣᠳᠤᠭᠠᠷ ᠪᠦᠯᠦᠭ Саран зэв – Зохиолч ᠂ Зураач – Т᠂ мандир ( Түүхэн тууж ) – Долдугаар бүлэг

ᠠᠩᠭᠢᠯᠠᠯ:ᠲᠡᠦᠬᠡ ᠰᠣᠶᠣᠯ
2023-05-24

270

ᠰᠠᠷᠠᠨ ᠵᠡᠪᠡ – ᠳᠣᠯᠣᠳᠤᠭᠠᠷ ᠪᠦᠯᠦᠭ


     ᠠᠪᠵᠠᠢ ᠶ᠋ᠢ ᠬᠠᠷᠠᠬᠤ ᠪᠦᠷᠢ ᠬᠣᠲᠣ ᠶ᠋ᠢᠨ ᠰᠡᠳᠬᠢᠯ ᠬᠢᠮᠤᠷᠠᠳᠠᠭ ᠪᠥᠭᠡᠳ ᠡᠨᠡ ᠤᠳᠠᠭ᠎ᠠ ᠴᠤ᠌ ᠲᠡᠶ᠋ᠢᠮᠦ ᠬᠡᠴᠡᠭᠦᠬᠡᠨ ᠪᠣᠳᠣᠯᠬᠢᠯᠠᠯ ᠠ᠋ᠴᠠ ᠪᠠᠰᠠ ᠲᠣᠭᠣᠷᠢᠭᠰᠠᠨ ᠦᠭᠡᠢ ᠃ ᠲᠠᠶ᠋ᠢᠴᠢᠭᠤᠳ ᠣᠪᠣᠭ ᠤ᠋ᠨ ᠲᠡᠷᠡ ᠪᠦᠰᠡᠭᠦᠢ ᠪᠤᠯᠢᠶᠠᠭᠳᠠᠭᠰᠠᠨ ᠭᠡᠷᠭᠡᠢ ᠲᠦᠷᠬᠢᠨ᠎ᠡ ᠶ᠋ᠢ ᠨᠢ ᠢᠮᠠᠭᠲᠠ ᠰᠠᠨᠠᠭᠳᠠᠭᠤᠯᠳᠠᠭ ᠪᠢᠯᠡ ᠃ ᠲᠦᠷᠬᠢᠨ᠎ᠡ ᠨᠢ ᠶᠠᠭ ᠯᠠ ᠡᠭᠦᠨ ᠰᠢᠭ ᠡᠷᠡᠰ ᠰᠢᠢᠳᠮᠡᠭᠡᠢ ᠂ ᠬᠡᠨ ᠦ᠌ ᠴᠦ᠍ ᠰᠠᠨᠠᠭᠠᠨ ᠳ᠋ᠤ᠌ ᠣᠷᠣᠮ ᠦᠭᠡᠢ ᠵᠦᠢᠯ ᠊ᠢ ᠰᠡᠳᠦᠵᠦ ᠴᠢᠳᠠᠳᠠᠭ ᠰᠠᠨ ᠃ ᠡᠳᠦᠢ ᠳ᠋ᠦ᠍ ᠶᠠᠭᠠᠬᠢᠵᠤ ᠶᠠᠪᠤᠳᠠᠭ ᠪᠣᠯ ᠂ ᠵᠣᠷᠢᠮᠠᠭ ᠪᠡᠶ᠎ᠡ ᠳᠠᠭᠠᠭᠠᠭᠰᠠᠨ ᠵᠠᠩ ᠴᠢᠨᠠᠷ ᠨᠢ ᠪᠣᠷᠣ ᠵᠢᠭᠢᠲᠡ ᠶ᠋ᠢᠨ ᠡᠵᠡᠨᠯᠢᠭ ᠠᠷᠠᠨᠰᠢᠨ ᠲᠠᠢ ᠬᠢᠷᠢ ᠨᠡᠢᠴᠡᠳᠡᠭ ᠪᠣᠯ ? 
     ᠡᠶ᠋ᠢᠮᠦ ᠬᠦᠨᠳᠦ ᠦᠶ᠎ᠡ ᠳ᠋ᠦ᠍ ᠳᠡᠮᠡᠢ ᠶᠠᠭᠤᠮ᠎ᠠ ᠪᠣᠳᠣᠵᠤ ᠪᠠᠶ᠋ᠢᠨ᠎ᠠ ᠭᠡᠳᠡᠭ ᠢ᠋ᠶ᠋ᠡᠨ ᠬᠣᠲᠣ ᠣᠶ᠋ᠢᠯᠠᠭᠠᠪᠠᠴᠤ ᠰᠡᠳᠬᠢᠯᠭᠡ ᠭᠡᠭᠴᠢ ᠢᠮᠠᠭᠲᠠ ᠴᠠᠭ ᠤ᠋ᠨ ᠡᠷᠬᠡᠰᠢᠶᠡᠯ ᠡᠴᠡ ᠠᠩᠭᠢᠳᠠ ᠲᠤᠯᠠ ᠪᠡᠶ᠎ᠡ ᠪᠡᠨ ᠪᠠᠷᠢᠬᠤ ᠳ᠋ᠤ᠌ ᠬᠡᠴᠡᠭᠦᠦ ᠂ ᠦᠨᠡᠨ ᠳ᠋ᠡᠭᠡᠨ ᠠᠪᠵᠠᠢ ᠲᠡᠭᠦᠨ ᠳ᠋ᠦ᠍ ᠶᠠᠮᠠᠷ ᠴᠤ᠌ ᠭᠡᠮ ᠬᠢᠭᠡ ᠦᠭᠡᠢ ᠪᠥᠭᠡᠳ ᠭᠠᠭᠴᠠ ‍ᠬᠦ ᠨᠠᠰᠤ ᠪᠡᠶ᠎ᠡ ᠵᠠᠩ ᠠᠪᠤᠷᠢ ᠪᠠᠷ ᠲᠥᠰᠲᠡᠢ ᠬᠣᠶᠠᠷ ᠡᠮᠡᠭᠲᠡᠢ ᠶ᠋ᠢᠨ ᠨᠢᠭᠡ ᠨᠢ ᠵᠠᠶᠠᠭ᠎ᠠ ᠲᠥᠭᠡᠷᠭᠡ ᠡᠴᠡ ᠪᠡᠨ ᠬᠦᠴᠦ ᠪᠡᠷ ᠬᠠᠭᠠᠴᠠᠭᠠᠳ ᠪᠠᠶ᠋ᠢᠬᠤ ᠳ᠋ᠤ᠌ ᠨᠥᠭᠥᠭᠡ ᠨᠢ ᠢᠵᠠᠭᠤᠷ ᠤᠭᠰᠠᠭ᠎ᠠ ᠂ ᠡᠷᠬᠡ ᠮᠠᠲᠠᠯ ᠢ᠋ᠶ᠋ᠠᠷ ᠲᠡᠭᠦᠨ ᠡᠴᠡ ᠪᠡᠨ ᠬᠣᠯᠠ ᠳᠤᠲᠠᠭᠤ ᠠᠲᠠᠯ᠎ᠠ ᠡᠶ᠋ᠢᠨ ‍ᠬᠦ ᠬᠥᠬᠡ ᠲᠡᠭᠷᠢ  ᠶ᠋ᠢᠨ ᠳᠣᠣᠷ᠎ᠠ ᠳᠤᠷ᠎ᠠ ᠪᠠᠷ ᠢ᠋ᠶ᠋ᠠᠨ ᠳᠣᠷᠭᠢᠵᠤ ᠶᠠᠪᠤᠭ᠎ᠠ ᠳ᠋ᠤ᠌ ᠳᠣᠲᠣᠷ᠎ᠠ ᠪᠠᠨ ᠡᠭᠳᠡᠭᠦᠴᠡᠨ ᠂ ᠠᠲᠠᠭ᠎ᠠ ᠨᠢ ᠰᠠᠮ ᠰᠠᠮ ᠬᠥᠳᠡᠯᠵᠦ ᠪᠠᠶ᠋ᠢᠲᠠᠬ ᠠ᠋ᠴᠠ ᠯᠠ ᠢᠩᠭᠢᠵᠦ ᠬᠥᠨᠳᠡᠢ ᠬᠦᠢᠲᠡᠨ ᠬᠠᠨᠳᠤᠳᠠᠭ ᠪᠠᠶ᠋ᠢᠯ᠎ᠠ ᠃ 
   –– ᠵᠠᠩᠰᠢᠯᠠᠭᠠᠴᠢ ᠮᠢᠨᠢ ᠂ ᠪᠢᠳᠡᠨ ᠳ᠋ᠦ᠍ ᠪᠠᠰᠠ ᠶᠠᠮᠠᠷ ᠨᠠᠷᠢᠨ ᠨᠢᠭᠲᠠ ᠮᠡᠳᠡᠭᠡ ᠣᠯᠵᠤ ᠢᠷᠡᠪᠡ ᠳᠠ ᠭᠡᠵᠦ ᠬᠣᠳᠣ ᠶ᠋ᠢ ᠳᠤᠤᠭᠠᠷᠬᠤ ᠳ᠋ᠤ᠌ ᠲᠡᠭᠦᠨ ᠦ᠌ ᠳᠦᠩᠰᠦᠭᠡᠷ ᠪᠠᠶ᠋ᠢᠲᠠᠯ ᠊ᠢ ᠰᠢᠭᠤᠳ ᠠᠵᠢᠭᠰᠠᠨ ᠠᠪᠵᠢ ᠲᠣᠯᠣᠭᠠᠢ ᠪᠠᠨ ᠣᠮᠣᠭ ᠪᠠᠷᠳᠠᠮ ᠭᠡᠲᠡᠶ᠋ᠢᠯᠭᠡᠵᠦ ᠄  
   –– ᠪᠢ ᠴᠢᠨᠦ ᠵᠠᠩᠰᠢᠯᠠᠭᠠᠴᠢ ᠪᠢᠰᠢ ᠂ ᠴᠢᠨᠦ ᠲᠤᠰᠠ ᠶ᠋ᠢᠨ ᠲᠤᠯᠠᠳᠠ ᠴᠤ᠌ ᠶᠠᠪᠤᠳᠠᠭ ᠦᠭᠡᠢ ᠶ᠋ᠢ ᠴᠢ ᠶᠠᠭᠤᠨ ᠡᠰᠡ ᠠᠨᠳᠠᠬᠤ ᠪᠢᠯᠡ ᠃ ᠡᠵᠡᠨ ᠮᠢᠨᠢ ᠲᠠ ᠨᠠᠷ ᠊ᠢ ᠠᠩᠬᠠᠷᠴᠤ ᠬᠠᠯᠠᠮᠵᠢᠯᠠᠳᠠᠭ ᠤᠴᠢᠷ ᠠ᠋ᠴᠠ ᠢᠷᠡᠵᠦ ᠪᠠᠶ᠋ᠢᠬ᠋᠎ᠠ ᠶᠤᠮ ᠪᠢᠰᠢ ‍ᠦᠦ ᠭᠡᠵᠦ ᠳᠠᠬᠢᠨ  ᠡᠶ᠋ᠢᠮᠦᠷᠬᠦ  ᠥᠩᠭᠡ ᠪᠡᠷ ᠬᠠᠷᠢᠯᠴᠠᠪᠠᠯ ᠭᠠᠷᠤᠭᠠᠳ ᠶᠠᠪᠤᠬᠤ ᠳ᠋ᠤ᠌ ᠪᠡᠯᠡᠨ ᠭᠡᠳᠡᠭ ᠢ᠋ᠶ᠋ᠡᠨ ᠬᠠᠷᠠᠭᠤᠯᠬᠤ ᠭᠡᠵᠦ ᠡᠪᠦᠳᠦᠭ ᠢ᠋ᠶ᠋ᠡᠨ ᠲᠤᠯᠤᠨ ᠦᠨᠲᠡᠶ᠋ᠢᠰᠭᠡᠵᠡᠢ ᠃  ᠬᠦᠴᠦᠯᠦᠭ ᠂  ᠡᠨᠡ ᠠᠪᠵᠢ ᠪᠠᠨ ᠲᠡᠳᠦᠢ ᠯᠡ ᠣᠶ᠋ᠢᠰᠢᠶᠠᠲᠠᠭ ᠦᠭᠡᠢ ᠶ᠋ᠢ ᠮᠡᠳᠡᠬᠦ ᠪᠣᠯᠪᠠᠴᠤ ᠰᠠᠢᠨ ᠰᠠᠨᠠᠵᠤ ᠢᠷᠡᠭᠰᠡᠨ ᠬᠡᠨ ᠊ᠢ ᠴᠦ᠍ ᠪᠣᠯᠪᠠ ᠭᠣᠮᠣᠳᠠᠭᠠᠬᠤ ᠨᠢ ᠶᠣᠰᠣᠨ ᠳ᠋ᠤ᠌ ᠦᠯᠦ ᠨᠡᠶ᠋ᠢᠴᠡᠬᠦ ᠲᠤᠯᠠ ᠬᠣᠳᠣ ᠥᠪᠡᠷ ᠊ᠢ ᠪᠡᠨ ᠵᠢᠮᠡᠯᠡᠬᠦ ᠂ ᠠᠯᠢ ᠪᠣᠯᠬᠤ  ᠨᠠᠶ᠋ᠢᠷᠰᠠᠭ ᠢ᠋ᠶ᠋ᠠᠷ ᠢᠨᠢᠶᠡᠪᠬᠢᠯᠡᠨ ᠄  
   –– ᠦᠭᠡ ᠮᠢᠨᠢ ᠬᠥᠨᠭᠭᠡᠳᠡᠭᠰᠡᠨ ᠊ᠢ ᠥᠷᠥᠰᠢᠶᠡᠨ ᠬᠡᠯᠲᠦᠷᠡᠭᠦᠯᠵᠦ ᠬᠠᠶ᠋ᠢᠷᠠᠯᠠ ᠃ ᠤᠭ ᠰᠠᠨᠠᠭ᠎ᠠ ᠮᠢᠨᠢ ᠠᠷᠠᠢ ᠴᠤ᠌ ᠲᠡᠶ᠋ᠢᠮᠦ ᠪᠢᠰᠢ ᠭᠡᠳᠡᠭ ᠲᠦ᠍ ᠲᠠ ᠢᠲᠡᠭᠡᠪᠡᠰᠦ ᠪᠢᠳᠡᠨ ᠦ᠌ ᠠᠵᠢᠯ ᠬᠡᠷᠡᠭ ᠲᠦ᠍ ᠲᠤᠰᠠᠲᠠᠢ ᠰᠠᠨ ᠭᠡᠪᠡᠯ ᠠᠪᠵᠢ ᠵᠢᠷᠦᠬᠡ ᠪᠡᠨ ᠳᠠᠷᠤᠵᠤ ᠄  
   –– ᠴᠣᠬᠣᠮ ᠴᠢᠩᠭᠢᠵᠦ ᠪᠣᠳᠣᠭᠠᠳ ᠯᠠ ᠲᠠᠨ ᠤ᠋ ᠬᠣᠷᠣᠭᠠᠨ ᠳ᠋ᠤ᠌ ᠢᠷᠡᠬᠦ ᠡᠴᠡ ᠪᠢ ᠲᠥᠪᠡᠭᠰᠢᠶᠡᠳᠡᠭ ᠦᠭᠡᠢ ᠶᠤᠮᠰᠠᠨ ᠃  
   –– ᠠᠬ᠎ᠠ ᠪᠣᠯᠤᠭᠠᠳ ᠪᠢᠳᠡᠨ ᠦ᠌ ᠴᠢᠩ ᠰᠠᠨᠠᠭ᠎ᠠ ᠠᠳᠠᠯᠢᠬᠠᠨ ᠂ ᠮᠡᠷᠭᠢᠳ ᠨᠠᠢ᠍ᠮᠠᠨ ᠠᠯᠳᠠᠭᠤᠷᠠᠭᠰᠠᠨ ᠬᠤᠪᠢ ᠲᠠᠪᠢᠯᠠᠩ ᠴᠤ᠌ ᠪᠠᠰᠠ ᠢᠵᠢᠯ ᠪᠣᠯᠠᠢ ᠭᠡᠵᠦ ᠴᠢᠯᠠᠭᠤᠨ ᠪᠠᠶ᠋ᠢᠲᠠᠯ ᠊ᠢ  ᠵᠥᠭᠡᠯᠡᠷᠡᠭᠦᠯᠬᠦ ᠶ᠋ᠢᠨ ᠡᠭᠦᠳᠡᠨ ᠡᠴᠡ ᠶᠠᠭᠠᠷᠠᠨ ᠲᠠᠶ᠋ᠢᠯᠪᠤᠷᠢᠯᠠᠪᠠ ᠃ 
     ᠠᠪᠵᠢ ᠲᠣᠯᠣᠭᠠᠢ ᠳᠣᠬᠢᠯ᠎ᠠ ᠃ ᠲᠡᠭᠦᠨ ᠦ᠌ ᠬᠤᠪᠢ ᠳ᠋ᠤ᠌ ᠡᠨᠡ ᠪᠦᠬᠦᠨ ᠶᠠᠮᠠᠷ ᠴᠤ᠌ ᠢᠯᠭᠠᠭ᠎ᠠ ᠦᠭᠡᠢ ᠰᠠᠨᠠᠭᠳᠠᠨ᠎ᠠ ᠃ ᠮᠡᠷᠭᠢᠳ ᠲᠦ᠍ ᠵᠠᠨᠤᠯᠬᠢᠯᠠᠵᠤ ᠪᠣᠢ ᠠᠶᠤᠯ ᠬᠦᠴᠦᠯᠦᠭ ᠬᠠᠨ ᠳ᠋ᠤ᠌ ᠬᠣᠯᠪᠣᠭᠳᠠᠬᠤ ᠤᠴᠢᠷ ᠠ᠋ᠴᠠ ᠯᠠ ᠲᠡᠷᠡ ᠡᠨᠳᠡ ᠢᠷᠡᠭᠰᠡᠨ ᠂ ᠬᠡᠷᠪᠡ ᠬᠣᠳᠣ ᠪᠠᠷᠳᠠᠮ ᠵᠠᠩ ᠢ᠋ᠶ᠋ᠠᠨ ᠲᠠᠲᠠᠵᠤ ᠪᠠᠶ᠋ᠢᠬ᠋᠎ᠠ ᠪᠣᠯ ᠢᠯᠡᠭᠦᠦ ᠶᠠᠭᠤᠮ᠎ᠠ ᠱᠠᠭᠠᠷᠳᠠᠬᠤ ᠬᠡᠷᠡᠭ ᠦᠭᠡᠢ ᠭᠡᠵᠦ ᠲᠡᠷᠡ ᠦᠵᠡᠯ᠎ᠡ ᠃ 
    –– ᠪᠠᠷᠲᠠᠢ ᠰᠡᠴᠡᠨ ᠭᠡᠳᠡᠭ ᠬᠥᠮᠦᠨ ᠊ᠢ ᠮᠡᠳᠡᠬᠦ ‍ᠤᠤ ᠂  ᠲᠠ ᠨᠠᠷ ᠭᠡᠵᠦ ᠠᠪᠵᠠᠢ ᠠᠰᠠᠭᠤᠪᠠ ᠃ ᠠᠬ᠎ᠠ ᠳᠡᠭᠦᠦᠰ ᠪᠡᠶ᠎ᠡ ᠪᠡᠶ᠎ᠡ ᠪᠡᠨ ᠬᠠᠷᠠᠪᠠ ᠃ 
   –– ᠮᠠᠲᠠᠯ ᠦᠭᠡᠢ ᠶᠠᠭᠠᠬᠢᠬᠤ ᠪᠣᠢ ? ᠬᠠᠳ ᠮᠡᠷᠭᠢᠳ ᠦ᠋ᠨ ᠬᠥᠮᠦᠨ ᠃ ᠢᠵᠠᠭᠤᠷ ᠥᠨᠳᠥᠷ ᠂ ᠡᠷᠳᠡᠮ ᠠᠷᠪᠢᠨ ᠭᠡᠳᠡᠭ ᠶᠦ᠍ᠮ ᠭᠡᠵᠦ ᠬᠣᠲᠣ ᠦᠭᠡ ᠪᠡᠨ ᠴᠡᠨᠡᠰᠬᠢᠨ ᠳᠤᠤᠭᠠᠷᠪᠠᠯ ᠴᠢᠯᠠᠭᠤᠨ ᠄ 
   –– ᠲᠡᠮᠦᠵᠢᠨ ᠳ᠋ᠦ᠍ ᠳᠠᠭᠠᠷ᠎ᠠ ᠣᠷᠣᠭᠰᠠᠨ ᠬᠥᠮᠦᠨ ᠳᠡ ᠭᠡᠪᠡ ᠃ 
   –– ᠴᠣᠬᠣᠮ ᠳ᠋ᠠᠭᠠᠨ ᠪᠣᠯ ᠵᠥᠴᠢ ᠬᠠᠨ ᠬᠦᠦ ᠳ᠋ᠦ᠍ ᠣᠯᠵᠠᠯᠠᠭᠳᠠᠭᠰᠠᠨ ᠶᠤᠮ ᠃ ᠲᠡᠭᠦᠨ ᠦ᠌ ᠳᠡᠷᠭᠡᠳᠡ ᠪᠠᠶ᠋ᠢᠬᠰᠠᠨ ᠶᠤᠮ ᠳᠠ ᠭᠡᠵᠦ ᠭᠠᠯ ᠲᠣᠳᠣᠷᠠᠭᠤᠯᠤᠯ᠎ᠠ ᠃  
   –– ᠵᠠ ᠲᠡᠭᠡᠪᠡᠯ ᠲᠡᠷᠡ ᠬᠥᠮᠦᠨ ᠴᠢᠨᠢ ᠰᠦᠪᠡᠭᠡᠲᠡᠢ ᠪᠠᠭᠠᠲᠤᠷ ᠤ᠋ᠨ ᠴᠡᠷᠢᠭ ᠲᠦ᠍ ᠪᠠᠶ᠋ᠢᠨ᠎ᠠ ᠃ ᠵᠥᠴᠢ ᠬᠠᠨ ᠲᠡᠭᠦᠨ ᠊ᠢ ᠳᠠᠭᠠᠭᠤᠯᠢ — ᠵᠥᠪᠯᠡᠬᠦ ᠪᠡᠷ ᠢᠯᠡᠭᠡᠭᠰᠡᠨ ᠪᠣᠯᠪᠠᠴᠤ ᠰᠥᠪᠡᠭᠡᠲᠡᠢ ᠲᠡᠷᠡ ᠵᠡᠷᠭᠡ ᠳ᠋ᠦ᠍ᠨᠢ ᠬᠡᠷᠡᠭᠯᠡᠭᠰᠡᠨ ᠦᠭᠡᠢ ᠪᠣᠯᠤᠯᠲᠠᠢ ᠃ ᠲᠡᠭᠦᠨ ᠡᠴᠡ ᠪᠡᠨ ᠪᠣᠯᠵᠤ ᠮᠠᠭᠤᠳᠠᠯᠴᠠᠭᠠᠳ ᠂ ᠬᠦᠨᠳᠦ ᠶᠠᠯ᠎ᠠ ᠬᠦᠯᠢᠶᠡᠭᠰᠡᠨ ᠲᠤᠯᠠ ᠲᠡᠷᠡ ᠬᠥᠮᠦᠨ ᠤᠷᠭᠤᠵᠤ ᠲᠠ ᠨᠠᠷ ᠤ᠋ᠨ ᠵᠦᠭ ᠢᠷᠡᠵᠦ ᠶᠠᠪᠤᠨ᠎ᠠ ᠭᠡᠵᠦ ᠠᠪᠵᠠᠢ ᠬᠡᠯᠡᠯ᠎ᠡ ᠃ ᠪᠠᠷᠲᠠᠢ ᠰᠡᠴᠡᠨ ᠊ᠢ ᠪᠤᠰᠤᠳ ᠠ᠋ᠴᠠ ᠪᠠᠨ ᠠᠷᠠᠢ ᠢᠯᠡᠭᠦᠦ ᠲᠠᠨᠢᠬᠤ ᠭᠠᠯ ᠬᠦᠷᠲᠡᠯ᠎ᠡ ᠡᠨᠡ ᠮᠡᠳᠡᠭᠡᠨ ᠳ᠋ᠦ᠍ ᠨᠢᠭᠡ ᠶᠡᠬᠡ ᠪᠠᠶᠠᠷᠯᠠᠭᠰᠠᠨ ᠦᠭᠡᠢ ᠃ ᠬᠣᠲᠣ ᠪᠦᠷ ᠴᠦ᠍ ᠪᠠᠷᠤᠭᠠᠷ ᠴᠢᠷᠠᠶ᠋ᠢᠯᠠᠴᠢᠬᠠᠭᠠᠳ ᠄ 
    –– ᠲᠡᠭᠦᠨ ᠊ᠢ ᠬᠦᠯᠢᠶᠡᠵᠦ ᠠᠪᠬᠤ ᠬᠦᠰᠡᠯ ᠨᠠᠳᠠ ᠳ᠋ᠤ᠌ ᠳᠠᠩᠴᠤ ᠠᠯᠠᠭ᠎ᠠ ᠳᠠ ᠭᠡᠵᠦ ᠬᠢᠯᠢᠩᠲᠡᠢ ᠥᠭᠦᠯᠡᠯ᠎ᠡ ᠃  
   –– ᠶᠠᠭᠠᠬᠢᠬᠤ ᠪᠠᠨ ᠲᠠ ᠨᠠᠷ ᠥᠪᠡᠷᠰᠡᠳ ᠢ᠋ᠶ᠋ᠡᠨ ᠮᠡᠳᠡᠨ᠎ᠡ ᠭᠡᠵᠦ ᠠᠪᠵᠠᠢ ᠡᠨᠡ ᠪᠦᠬᠦᠨ ᠥᠪᠡᠷ ᠲᠤᠨᠢ ᠨᠢᠭᠡ ᠶᠡᠬᠡ ᠬᠠᠮᠢᠶ᠎ᠠ ᠦᠭᠡᠢ ᠭᠡᠳᠡᠭ ᠊ᠢ ᠲᠣᠳᠣᠷᠠᠭᠤᠯᠬᠤ ᠮᠡᠲᠦ ᠨᠣᠴᠢᠲᠠᠢ ᠬᠡᠯᠡᠭᠡᠳ ᠄  
   –– ᠬᠠᠷᠢᠨ ᠲᠡᠷᠡ ᠲᠤᠩ ᠶᠠᠳᠠᠷᠠᠭᠤ ᠶᠠᠪᠤᠭ᠎ᠠ ᠶ᠋ᠢ ᠪᠢ ᠮᠡᠳᠡᠨ᠎ᠡ ᠃ ᠲᠣᠪᠴᠢᠬᠠᠨ ᠬᠡᠯᠡᠪᠡᠯ ᠵᠠᠭᠤᠨ ᠲᠠᠰᠢᠭᠤᠷ ᠵᠠᠨᠴᠢᠭᠤᠯᠤᠭᠰᠠᠨ ᠤ᠋ ᠳᠠᠷᠠᠭ᠎ᠠ ᠬᠥᠮᠦᠨ ᠶᠠᠭᠠᠬᠢᠵᠤ ᠶᠠᠪᠤᠳᠠᠭ ᠪᠣᠢ ᠂ ᠲᠡᠶ᠋ᠢᠮᠦᠷᠬᠦ ᠯᠡ ᠪᠠᠶ᠋ᠢᠲᠠᠯ ᠲᠠᠢ ᠢᠷᠡᠵᠦ ᠶᠠᠪᠤᠭ᠎ᠠ ᠳᠠ ᠃ 
   –– ᠲᠡᠭᠡᠬᠦ ᠪᠡᠷ ᠲᠡᠷᠡ ᠴᠢᠨᠢ ᠁ 
   –– ᠡᠷᠬᠢᠮ ᠴᠢᠯᠠᠭᠤᠨ ᠂ ᠲᠠᠨ ᠤ᠋ ᠪᠣᠳᠣᠭᠰᠠᠨ ᠵᠥᠪ ᠃ ᠪᠠᠷᠲᠠᠢ ᠰᠡᠴᠡᠨ ᠣᠯᠠᠨ ᠤ᠋ ᠡᠮᠦᠨ᠎ᠡ ᠵᠠᠨᠴᠢᠭᠳᠠᠭᠰᠠᠨ ᠃ ᠡᠨᠡ ᠰᠥᠨᠢ ᠤᠷᠭᠤᠵᠤ ᠭᠠᠷᠤᠭᠰᠠᠨ ᠦᠭᠡᠢ ᠪᠣᠯ ᠮᠠᠷᠭᠠᠰᠢ ᠲᠡᠭᠦᠨ ᠊ᠢ ᠴᠡᠷᠢᠭ ᠦ᠋ᠨ ᠴᠠᠭᠠᠵᠠ ᠪᠠᠷ ᠠᠪᠠᠴᠢᠬᠤ ᠪᠠᠶ᠋ᠢᠬᠰᠠᠨ ᠶᠤᠮ ᠭᠡᠵᠦ ᠠᠪᠵᠠᠢ ᠬᠡᠯᠡᠯ᠎ᠡ ᠃ 


    ᠪᠦᠰᠡᠭᠦᠢ ᠶ᠋ᠢᠨ ᠬᠤᠪᠢᠷᠠᠮᠠᠲᠠᠭᠠᠢ ᠵᠥᠭᠡᠯᠡᠨ ᠴᠢᠷᠠᠢ ᠶ᠋ᠢ ᠬᠣᠳᠣ ᠲᠤᠩ ᠬᠢᠨᠠᠭᠤᠷ ᠬᠠᠷᠠᠭᠠᠳ ᠄  
   –– ᠲᠡᠭᠡᠪᠡᠯ ᠲᠡᠷᠡ ᠯᠠᠪ ᠭᠠᠨᠴᠠᠭᠠᠷ ᠢ᠋ᠶ᠋ᠠᠨ ᠪᠢᠰᠢ ᠪᠡᠶ᠋ᠢᠬ᠎ᠠ ᠠ᠋ ᠭᠡᠬᠦ ᠳ᠋ᠦ᠍ ᠠᠪᠵᠢ ᠄  
   –– ᠰᠦᠪᠡᠭᠡᠲᠢ ᠶ᠋ᠢᠨ ᠲᠤᠭᠴᠢ ᠱᠠᠮᠲᠠᠭᠠᠢ ᠠᠰᠠᠷᠠᠵᠤ ᠶᠠᠪᠤᠭ᠎ᠠ ᠭᠡᠵᠦ ᠳᠣᠭᠣᠭᠢᠯᠠᠬᠤ ᠮᠡᠲᠦ ᠬᠠᠷᠢᠭᠤᠯᠪᠠ ᠃ 
    ᠨᠣᠶᠠᠳ ᠴᠡᠮᠡᠭᠡ ᠦᠭᠡᠢ ᠪᠣᠯᠤᠯ᠎ᠠ ᠃ ᠡᠷᠭᠢᠴᠡᠭᠦᠯᠦᠨ ᠪᠣᠳᠣᠬᠤ ᠂ ᠰᠢᠭᠦᠨ ᠬᠡᠯᠡᠯᠴᠡᠬᠦ ᠵᠤᠶ᠋ᠢᠯ ᠵᠥᠩᠳᠡᠭᠡᠨ ᠭᠠᠷᠪᠠ ᠪᠣᠯᠤᠯᠲᠠᠢ ᠃ ᠭᠡᠪᠡᠴᠦ ᠡᠨᠡ ᠪᠦᠬᠦᠨ ᠊ᠢ ᠬᠦᠴᠦᠯᠦᠭ ᠬᠠᠨ ᠤ᠋ ᠬᠠᠲᠤᠨ ᠤ᠋ ᠳᠡᠷᠭᠡᠳᠡ ᠶᠠᠷᠢᠯᠴᠠᠬᠤ ᠨᠢ ᠲᠡᠶ᠋ᠢᠮᠤ ᠴᠤ᠌ ᠵᠣᠬᠢᠮᠵᠢᠲᠠᠢ ᠪᠤᠰᠤ ᠪᠣᠯᠢ ᠃ ᠠᠪᠵᠢ ᠪᠠᠲᠤᠲᠠᠢ ᠮᠡᠳᠡᠭᠡ ᠣᠯᠵᠤ ᠢᠷᠡᠳᠡᠭ  ᠊ᠢ ᠲᠡᠳᠡ ᠮᠡᠳᠡᠳᠡᠭ ᠪᠣᠯᠬᠣᠷ ᠯᠠᠪᠯᠠᠨ ᠠᠰᠠᠭᠤᠬᠤ ᠶᠠᠭᠤᠮ᠎ᠠ ᠪᠡᠶ᠋ᠢᠠᠰᠠᠨ ᠦᠭᠡᠢ ᠂ ᠲᠡᠷᠡ ᠲᠣᠰᠤᠮ ᠡᠨᠡ ᠪᠦᠬᠦᠨ ᠊ᠢ ᠶᠠᠭᠠᠬᠢᠵᠤ ᠮᠠᠲᠠᠭᠰᠠᠨ ᠢ᠋ ᠠᠰᠠᠭᠤᠬᠤ ᠨᠢ ᠪᠦᠷ ᠢᠯᠡᠭᠦᠴᠡ ᠶᠦ᠍ᠮ ᠃  ᠠᠪᠵᠢ ᠥᠪᠡᠷ ᠦ᠋ᠨ ᠢ᠋ᠶ᠋ᠡᠨ ᠶᠠᠪᠤᠳᠠᠯ ᠰᠠᠭᠤᠳᠠᠯ ᠊ᠢ ᠲᠡᠳᠡᠨ ᠳ᠋ᠦ᠍ ᠪᠡᠶ᠋ᠢᠲᠤᠭᠠᠢ ᠬᠦᠴᠦᠯᠦᠭ ᠲᠦ᠍ ᠲᠡᠷᠡ ᠪᠦᠷᠢ ᠬᠡᠯᠡᠵᠦ ᠂ ᠤᠴᠢᠷᠯᠠᠭᠤᠨ ᠪᠡᠶ᠋ᠢᠲᠠᠭ ᠬᠥᠮᠦᠨ ᠪᠢᠰᠢ ᠪᠢᠯᠡ ᠃  
   –– ᠵᠠ ᠲᠡᠷᠡ ᠢᠵᠠᠭᠤᠷᠲᠠᠨ ᠢ᠋ᠶ᠋ᠠᠨ ᠲᠣᠰᠴᠤ ᠠᠪᠤᠨ᠎ᠠ ‍ᠤᠤ ᠲᠣᠨᠢᠯᠭᠠᠵᠤ ᠣᠷᠬᠢᠨ᠎ᠠ ‍ᠤᠤ ᠂ ᠥᠪᠡᠷᠰᠡᠳ ᠢ᠋ᠶ᠋ᠡᠨ ᠮᠡᠳᠡ ᠃ ᠪᠢ ᠥᠪᠡᠷ ᠦ᠋ᠨ ᠪᠡᠶ᠎ᠡ ᠪᠡᠷ ᠢ᠋ᠶ᠋ᠡᠨ ᠬᠠᠷᠠᠭᠰᠠᠨ ᠤ᠋ ᠬᠤᠪᠢ ᠳ᠋ᠤ᠌ ᠮᠠᠭᠤᠳᠠᠯᠴᠠᠭᠰᠠᠨ ᠂ ᠵᠠᠨᠴᠢᠭᠤᠯᠤᠭᠰᠠᠨ ᠨᠢ ᠦᠨᠡᠨ ᠭᠡᠳᠡᠭ ᠊ᠢ ᠯᠡ ᠬᠢᠯᠡᠬᠦ ᠭᠡᠰᠡᠨ ᠶᠦ᠍ᠮ ᠭᠡᠳ ᠠᠪᠵᠢ ᠪᠣᠰᠤᠯ᠎ᠠ ᠃  
   –– ᠴᠢ ᠣᠳᠣ ᠬᠣᠰ ᠤᠷᠲᠤ ᠥᠭᠡᠳᠡ ᠶᠠᠪᠤᠬᠤ ‍ᠦᠦ ?  
   –– ᠦᠭᠡᠢ ᠠ᠋ ᠂ ᠪᠢ ᠲᠠᠨ ᠤ᠋ ᠬᠣᠷᠣᠭᠠᠨ ᠳ᠋ᠤ᠌ ᠬᠡᠳᠦ ᠬᠣᠨᠣᠨ᠎ᠠ ᠃ ᠭᠡᠬᠦ ᠳ᠋ᠡᠭᠡᠨ ᠡᠭᠦᠪᠡᠷ ᠦᠵᠡᠭᠳᠡᠵᠦ ᠲᠦᠪᠡᠭ ᠣᠲᠣᠬᠤ ᠦᠭᠡᠢ ᠭᠡᠵᠦ ᠠᠪᠵᠢ ᠰᠡᠶ᠋ᠢᠤᠠᠮᠡᠬᠢ  ᠬᠡᠯᠡᠭᠡᠳ ᠄  
   –– ᠮᠢᠨᠦ ᠪᠣᠳᠣᠬᠤ ᠳ᠋ᠤ᠌ ᠪᠠᠷᠲᠠᠢ ᠰᠡᠴᠡᠨ ᠊ᠢ ᠲᠦᠷ ᠠᠭᠤᠯᠵᠤ ᠂ ᠬᠡᠯᠡᠵᠦ ᠶᠠᠷᠢᠬᠤ ᠶ᠋ᠢ ᠨᠢ ᠰᠣᠨᠣᠰᠪᠠᠯ ᠵᠦᠭᠡᠷ ᠪᠡᠶ᠋ᠢᠬ᠎ᠠ ᠃ ᠲᠡᠭᠦᠨ ᠦ᠌ ᠦᠭᠡ ᠶ᠋ᠢᠨ ᠦᠨᠡᠨ ᠮᠠᠭᠠᠳ ᠊ᠢ ᠨᠠᠳᠠ ᠠ᠋ᠴᠠ ᠠᠰᠠᠭᠤᠬᠤ ᠶ᠋ᠢ ᠬᠦᠰᠡᠪᠡᠯ ᠪᠢ ᠲᠡᠷᠡ ᠴᠠᠭ ᠲᠤ᠌ ᠲᠠ ᠪᠦᠬᠦᠨ ᠦ᠌ ᠡᠮᠦᠨ᠎ᠡ ᠬᠦᠷᠦᠭᠡᠳ ᠯᠡ ᠢᠷᠡᠨ᠎ᠡ ᠃ ᠬᠠᠷᠢᠨ ᠲᠡᠷᠡ ᠬᠥᠲᠥᠴᠢ ᠴᠡᠷᠢᠭ ᠊ᠢ ᠨᠢ ᠴᠠᠭᠳᠠᠭᠠᠷᠠᠢ ᠃ ᠲᠡᠷᠡ ᠪᠣᠯ ᠰᠦᠪᠡᠭᠡᠲᠡᠢ ᠶ᠋ᠢᠨ ᠢᠲᠡᠭᠡᠯᠲᠢ ᠬᠥᠮᠦᠨ ᠃
     ᠪᠦᠰᠡᠭᠦᠢ ᠶ᠋ᠢ ᠭᠠᠷᠤᠭᠰᠠᠨ ᠤ᠋ ᠳᠠᠷᠠᠭ᠎ᠠ ᠲᠡᠳᠡ ᠬᠡᠰᠡᠭ ᠴᠢᠮᠡᠭᠡ ᠦᠭᠡᠢ ᠰᠠᠭᠤᠯ᠎ᠠ᠃ ᠥᠪᠡᠷ ᠢ᠋ ᠨᠢ ᠬᠦᠯᠢᠶᠡᠵᠦ ᠪᠠᠢᠭ᠎ᠠ ᠶ᠋ᠢ ᠣᠢᠯᠠᠭᠠᠭᠰᠠᠨ  ᠬᠣᠲᠣ ᠬᠣᠭᠣᠯᠠᠢ ᠵᠠᠰᠠᠵᠤ᠄ 
   ––  ᠡᠨᠡ ᠲᠤᠬᠠᠢ ᠪᠢᠳᠡ ᠰᠣᠨᠣᠰᠤᠭᠰᠠᠨ ᠦᠭᠡᠢ ᠭᠡᠵᠦ ᠪᠣᠳᠣᠶ᠎ᠠ᠃ ᠬᠠᠷᠠᠭᠤᠯ ᠤ᠋ᠳ ᠬᠠᠮᠤᠭ ᠮᠣᠩᠭᠣᠯ ᠤ᠋ᠨ ᠴᠡᠷᠢᠭ ᠦ᠋ᠨ ᠬᠦᠷᠢᠶᠡᠨ ᠡᠴᠡ ᠤᠷᠭᠤᠭᠰᠠᠨ  ᠡᠲᠡᠭᠡᠳ ᠢ᠋ ᠪᠠᠷᠢᠵᠤ ᠢᠷᠠᠪᠠᠰᠤ  ᠲᠡᠷᠡ ᠴᠠᠭ ᠲᠤ᠌ ᠬᠡᠯᠡᠯᠴᠡᠰᠦᠭᠡᠢ᠃  ᠣᠳᠣ ᠪᠢᠳᠡᠨ ᠳ᠋ᠦ᠍ ᠥᠭᠡᠷ᠎ᠡ ᠠᠵᠢᠯ ᠮᠤᠩᠳᠠᠬᠤ ᠦᠭᠡᠢ ᠪᠠᠢᠨ᠎ᠠ᠃ ᠭᠠᠯ ᠴᠢ᠂ ᠥᠪᠡᠷ ᠦ᠋ᠨ ᠪᠡᠶ᠎ᠡ ᠪᠡᠷ ᠢ᠋ᠶ᠋ᠡᠨ ᠮᠣᠷᠳᠠᠵᠤ᠂ ᠬᠠᠷᠠᠭᠤᠯ ᠤ᠋ᠨ ᠬᠡᠯᠬᠢᠶ᠎ᠡ ᠶ᠋ᠢ ᠰᠢᠯᠭ᠎ᠠ᠃ ᠲᠣᠰᠬᠣᠨ ᠰᠠᠭᠤᠷᠢᠨ ᠢ᠋  ᠡᠷᠭᠢᠬᠦ ᠴᠠᠭ ᠲᠤ᠌  ᠬᠦᠴᠦ ᠨᠡᠮᠡ᠃ ᠬᠣᠰ ᠤᠷᠲᠤ ᠳ᠋ᠤ᠌ ᠡᠯᠴᠢ ᠢᠯᠡᠭᠡᠵᠦ᠂ ᠭᠦᠴᠤᠯᠤᠭ᠌ ᠬᠠᠨ ᠤ᠋ ᠦᠭᠡ ᠶ᠋ᠢ ᠠᠪᠲᠤᠭᠠᠢ᠃ ᠴᠢᠯᠠᠭᠤᠨ ᠴᠢᠮ᠎ᠠ ᠳ᠋ᠤ᠌  ᠪᠠᠳᠤᠭᠤᠯ᠂ ᠳᠠᠯᠳᠤ –– ᠬᠠᠷ᠎ᠠ ᠬᠣᠶᠠᠷ ᠢ᠋ ᠨᠠᠢᠳᠠᠶ᠎ᠠ᠃ ᠡᠳᠦᠷ ᠰᠥᠨᠢ ᠢᠯᠭᠠᠯ ᠦᠭᠡᠢ ᠴᠡᠷᠢᠭ ᠢ᠋ᠶ᠋ᠡᠨ ᠪᠣᠯᠪᠠᠰᠤᠷᠠᠭᠤᠯ᠃ ᠬᠡᠳᠦᠢ ᠳ᠋ᠦ᠍᠂ ᠬᠠᠮᠢᠭ᠎ᠠ ᠠ᠋ᠴᠠ ᠴᠤ᠌ ᠲᠡᠷᠡ ᠪᠠᠢᠲᠤᠭᠠᠢ ᠪᠢᠳᠡᠨ ᠦ᠌  ᠳᠣᠲᠣᠷ᠎ᠠ ᠠ᠋ᠴᠠ ᠴᠤ᠌ ᠳᠠᠢᠰᠤᠨ ᠪᠣᠰᠴᠤ ᠢᠷᠡᠨ᠎ᠡ ᠭᠡᠵᠦ ᠰᠠᠨᠠᠵᠤ ᠪᠡᠯᠡᠳᠬᠡᠭᠲᠦᠨ ᠭᠡᠵᠦ ᠲᠤᠰᠢᠶᠠᠯ᠎ᠠ᠃ 
     ᠬᠣᠲᠣ ᠥᠪᠡᠷ ᠢ᠋ᠶ᠋ᠡᠨ ᠲᠸᠷᠯᠢᠺᠤᠨ ᠬᠤᠷᠤᠭᠤᠨ ᠤ᠋ ᠲᠡᠷᠢᠭᠦᠨ ᠱ᠌ᠢᠶᠢᠭᠢ ᠶ᠋ᠢ ᠳᠠᠭᠤᠳᠠᠵᠤ᠂ ᠴᠡᠷᠢᠭ ᠳᠠᠢᠴᠢᠯᠠᠬᠤ ᠪᠣᠯᠤᠮᠵᠢ ᠶ᠋ᠢ ᠬᠡᠯᠡᠯᠴᠡᠪᠡ᠃  ᠱ᠌ᠢᠶᠢᠭᠢ ᠲᠤᠩ ᠪᠣᠯᠭᠣᠮᠵᠢᠲᠠᠢ ᠪᠥᠭᠡᠳ ᠣᠷᠴᠢᠨ ᠲᠣᠭᠣᠷᠢᠨ ᠢ᠋ᠶ᠋ᠠᠨ ᠰᠠᠢᠨ ᠮᠡᠳᠡᠳᠡᠭ ᠬᠥᠮᠦᠨ ᠪᠡᠢᠭ᠌ᠰᠠᠨ ᠲᠤᠯᠠ ᠮᠡᠷᠭᠢᠳ ᠦ᠋ᠳ ᠲᠦ᠍ ᠢᠯᠡᠷᠬᠡᠢ ᠲᠤᠰᠠᠯᠠᠬᠤ ᠠ᠋ᠴᠠ ᠴᠠᠭᠠᠷᠠᠭᠤᠯᠵᠤ᠂ ᠲᠡᠭᠡᠭᠰᠡᠨ ᠮᠥᠷᠲᠡᠭᠡᠨ ᠲᠡᠳᠡᠨ ᠢ᠋  ᠳᠠᠢᠰᠤᠩᠨᠠᠭᠤᠯᠬᠤ ᠠ᠋ᠴᠠ ᠡᠮᠢᠶᠡᠨ᠄ 
   –– ᠰᠠᠭᠤᠷᠢᠨ ᠢᠷᠭᠡᠳ ᠢ᠋ ᠳᠠᠢᠴᠢᠯᠠᠶ᠎ᠠ ᠭᠡᠪᠡᠯ ᠡᠷᠬᠡᠪᠰᠢ ᠠᠵᠤ ᠠᠮᠢᠳᠤᠷᠠᠯ ᠳ᠋ᠤ᠌ ᠵᠠᠨᠤᠯᠬᠢᠯᠠᠭᠰᠠᠨ ᠬᠤᠷᠴᠠ ᠲᠦᠭᠰᠢᠭᠦᠷᠢ ᠬᠡᠷᠡᠭᠲᠡᠢ᠃ ᠣᠳᠣᠬᠠᠨ ᠳ᠋ᠠᠭᠠᠨ ᠲᠡᠢᠮᠦ ᠮᠡᠳᠡᠭᠡ ᠶ᠋ᠢ ᠬᠡᠨ ᠴᠦ᠍ ᠵᠠᠷᠯᠠᠭ᠎ᠠ ᠦᠭᠡᠢ᠃ ᠭᠡᠬᠦ ᠳ᠋ᠡᠭᠡᠨ ᠪᠢᠳᠡ ᠣᠭᠲᠣ ᠵᠦᠭᠡᠷ ᠰᠠᠭᠤᠭ᠎ᠠ ᠦᠭᠡᠢ᠂ ᠲᠠᠷᠢᠶᠠᠴᠢᠨ᠂ ᠭᠠᠷ ᠤᠷᠠᠴᠤᠳ ᠤ᠋ᠨ ᠮᠣᠷᠢ᠂ ᠵᠡᠪᠰᠡᠭ ᠢ᠋ ᠪᠦᠷᠢᠳᠬᠡᠵᠦ᠂ ᠬᠦᠨᠳᠦ ᠦᠶ᠎ᠡ ᠳ᠋ᠦ᠍ ᠬᠡᠴᠢᠨᠡᠨ ᠬᠥᠮᠦᠨ ᠬᠠᠮᠢᠭ᠎ᠠ ᠠ᠋ᠴᠠ ᠭᠠᠷᠭᠠᠵᠤ ᠪᠣᠯᠬᠤ ᠶ᠋ᠢ ᠲᠣᠭᠠᠯᠠᠵᠤ ᠠᠪᠤᠭᠰᠠᠨ᠃ ᠭᠦᠴᠤᠯᠤᠭ᠌ ᠬᠠᠨ ᠲᠤᠰᠢᠶᠠᠪᠠᠯ ᠲᠠᠨ ᠤ᠋  ᠶᠡᠭᠡ ᠴᠡᠷᠢᠭ ᠦᠨ ᠵᠢᠭ᠌ᠰᠠᠭᠠᠯ ᠳ᠋ᠤ᠌ ᠴᠤ᠌ ᠨᠡᠢᠯᠡᠨ ᠣᠷᠣᠬᠤ ᠠᠴᠠ ᠲᠠᠲᠠᠭᠠᠯᠵᠠᠬᠤ ᠦᠭᠡᠢ ᠭᠡᠵᠡᠢ᠃
      ᠱ᠌ᠢᠶᠢᠭᠢ ᠬᠠᠶᠠᠭ᠎ᠠ ᠪᠠᠨ ᠮᠠᠨᠠᠭᠰᠠᠨ ᠡᠨᠡ ᠠᠯᠬᠤᠮ ᠊ᠢ ᠬᠣᠲᠣ ᠵᠢᠮᠡᠯᠡᠵᠦ ᠴᠢᠳᠠᠭᠰᠠᠨ ᠦᠭᠡᠢ ᠃ 《 ᠪᠦᠷᠢᠳᠬᠡᠬᠦ ᠨᠢᠭᠡ ᠬᠡᠷᠡᠭ ᠂ ᠪᠠᠶ᠋ᠢᠯᠲᠤᠬᠤ  ᠭᠡᠳᠡᠭ ᠥᠭᠡᠷ᠎ᠡ ᠰᠢᠦ 》 ᠭᠡᠬᠦ ᠲᠡᠳᠦᠢ ᠪᠡᠷ ᠬᠢᠵᠠᠭᠠᠷᠯᠠᠪᠠ ᠃ ᠨᠠᠮᠪᠠᠲᠠᠢ ᠭᠡᠲᠡᠶ᠋ᠢᠰᠭᠢᠨ ᠠᠯᠬᠤᠬᠤ ᠱ᠌ᠢᠶᠢᠭᠢ ᠶ᠋ᠢᠨ ᠥᠷᠭᠡᠨ ᠤᠭᠤᠴᠠ ᠶ᠋ᠢ ᠬᠣᠳᠣ ᠡᠭᠳᠡᠭᠦᠴᠡᠰᠬᠢᠨ ᠬᠠᠷᠠᠵᠤ ᠬᠣᠴᠣᠷᠬᠤ ᠳ᠋ᠠᠭᠠᠨ ᠴᠢᠯᠠᠭᠤᠨ ᠂ ᠭᠠᠯ ᠬᠣᠶᠠᠷ ᠤ᠋ᠨ  ᠬᠡᠨ ᠨᠢᠭᠡᠨ ᠳ᠋ᠦ᠍ ᠳᠠᠭᠠᠭᠠᠯᠭᠠᠪᠠᠯ ᠡᠨᠡ ᠬᠥᠰᠢᠭᠦᠨ ᠡᠷ᠎ᠡ ᠶ᠋ᠢ ᠬᠣᠷᠣᠮ ᠤ᠋ᠨ ᠬᠥᠳᠡᠯᠭᠡᠬᠦ ᠯᠡ ᠪᠣᠯᠤᠨ᠎ᠠ ᠭᠡᠵᠦ ᠥᠪᠡᠷ ᠊ᠢ ᠪᠡᠨ ᠲᠠᠶ᠋ᠢᠤᠠᠬᠠᠷᠠᠭᠤᠯᠵᠡᠢ ᠃ 
     ᠲᠡᠭᠡᠵᠦ ᠪᠠᠶ᠋ᠢᠲᠠᠯ᠎ᠠ ᠴᠤ᠌ ᠠᠪᠵᠠᠢ ᠶ᠋ᠢᠨ ᠰᠠᠨᠠᠭᠤᠯᠵᠤ ᠬᠡᠯᠡᠭᠰᠡᠨ ᠦᠢᠯᠡ ᠶᠠᠪᠤᠳᠠᠯ ᠥᠷᠨᠢᠭᠡᠳ ᠢᠷᠡᠵᠡᠢ ᠃ ᠮᠣᠷᠢᠲᠤ ᠬᠠᠷᠠᠭᠤᠯ ᠦ᠋ᠳ ᠦ᠋ᠨ ᠬᠦᠷᠭᠡᠵᠦ ᠢᠷᠡᠭᠰᠡᠨ ᠬᠣᠶᠠᠷ ᠬᠥᠮᠦᠨ ᠊ᠢ ᠬᠣᠲᠣ ᠬᠦᠯᠢᠶᠡᠵᠦ ᠠᠪᠤᠭᠰᠠᠨ ᠦᠭᠡᠢ ᠂ ᠰᠢᠭᠤᠳ ᠶᠡᠬᠡ ᠵᠡᠭᠡᠯᠢ ᠶ᠋ᠢᠨ ᠭᠠᠳᠠᠨ᠎ᠠ ᠪᠠᠶ᠋ᠢᠲᠠᠭ ᠰᠡᠵᠢᠭᠲᠡᠨ ᠊ᠢ ᠴᠠᠭᠳᠠᠬᠤ ᠭᠠᠵᠠᠷ ᠲᠤ᠌ ᠬᠦᠷᠭᠡᠭᠦᠯᠵᠡᠢ ᠃ ᠳᠡᠭᠦᠦ ᠨᠠᠷ ᠨᠢ ᠪᠠᠶ᠋ᠢᠬᠰᠠᠨ ᠪᠣᠯ ᠰᠠᠭᠠᠳ ᠬᠢᠵᠦ ᠪᠣᠯᠬᠤ ᠪᠠᠶ᠋ᠢᠪᠠ ᠃ ᠭᠡᠪᠡᠴᠦ ᠬᠣᠲᠣ ᠡᠭᠦᠨ ᠊ᠢ ᠪᠣᠳᠣᠯᠴᠠᠵᠤ ᠂ ᠲᠡᠳᠡᠨ ᠊ᠢ  ᠤᠷᠢᠳᠴᠢᠯᠠᠨ  ᠭᠠᠳᠠᠭᠰᠢ ᠨᠢ ᠢᠯᠡᠭᠡᠭᠰᠡᠨ ᠲᠤᠯᠠ ᠡᠨᠳᠡ ᠭᠠᠭᠴᠠᠭᠠᠷ ᠢ᠋ᠶ᠋ᠠᠨ ᠦᠢᠯᠡ ᠠᠵᠢᠯ ᠢ᠋ᠶ᠋ᠠᠨ ᠶᠠᠪᠤᠭᠤᠯᠬᠤ ᠪᠣᠯᠣᠮᠵᠢᠲᠠᠢ  ᠪᠣᠯᠵᠠᠢ ᠃  
      ᠪᠠᠷᠲᠠᠢ ᠰᠡᠴᠡᠨ ᠳ᠋ᠦ᠍ ᠢᠲᠡᠭᠡᠬᠦ ᠠᠷᠭ᠎ᠠ ᠪᠠᠶ᠋ᠢᠬᠰᠠᠨ ᠦᠭᠡᠢ ᠃ ᠪᠥᠢ ᠡᠷᠲᠡ ᠪᠤᠭᠠᠷ ᠬᠡᠭᠡᠷ᠎ᠡ ᠶ᠋ᠢᠨ ᠪᠠᠶ᠋ᠢᠯᠲᠤᠭᠠᠨ ᠤ᠋ ᠦᠶ᠎ᠡ ᠪᠡᠷ ᠲᠡᠷᠡ ᠬᠣᠶᠠᠷ ᠵᠢᠰᠦ ᠲᠠᠨᠢᠯᠴᠠᠭᠰᠠᠨ ᠲᠡᠳᠦᠢ ᠂ ᠬᠤᠵᠮ  ᠳᠠᠶ᠋ᠢᠷ — ᠤᠰᠤᠨ ᠨᠣᠶᠠᠨ ᠊ᠢ ᠳᠠᠭᠠᠵᠤ ᠤᠷᠪᠠᠭᠰᠠᠨ ᠭᠡᠵᠦ ᠰᠣᠨᠣᠰᠤᠭᠰᠠᠨ ᠪᠢᠯᠡ ᠃ ᠭᠡᠲᠡᠯ᠎ᠡ ᠡᠨᠡ ᠡᠲᠡᠭᠡᠳ ᠬᠣᠵᠢᠮ   ᠣᠢ ᠶ᠋ᠢᠨ ᠳᠤᠮᠳᠠ ᠶᠠᠪᠤᠵᠤ ᠪᠠᠶ᠋ᠢᠬᠰᠠᠨ ᠊ᠢ ᠭᠠᠯ ᠮᠡᠳᠡᠨ᠎ᠡ ᠃ ᠲᠡᠨᠳᠡ ᠪᠠᠷᠳᠠᠢ ᠰᠡᠴᠡᠨ ᠵᠥᠴᠢ ᠬᠠᠨ ᠬᠦᠦ ᠳ᠋ᠦ᠍ ᠪᠠᠷᠢᠭᠳᠠᠭᠰᠠᠨ ᠪᠣᠯᠪᠠᠴᠤ ᠡᠨᠡ ᠭᠠᠵᠠᠷ ᠪᠠᠰᠠ ᠯᠠ ᠬᠦᠷᠦᠭᠡᠳ ᠢᠷᠡᠭᠰᠡᠨ ᠰᠡᠵᠢᠭᠲᠡᠢ ᠃ ᠲᠡᠭᠦᠨ ᠲᠡᠢ ᠠᠭᠤᠯᠵᠠᠯ᠎ᠠ ᠭᠡᠬᠦ ᠳ᠋ᠦ᠍ ᠶᠠᠮᠠᠷ ᠠᠰᠢᠭ ᠭᠠᠷᠬᠤ ᠪᠣᠢ ? ᠡᠰᠡ ᠠᠭᠤᠯᠵᠠᠬᠤ ᠳ᠋ᠤ᠌ ᠶᠠᠭᠠᠬᠢᠵᠤ ᠬᠣᠬᠢᠷᠠᠬᠤ ᠪᠣᠢ ᠭᠡᠳᠡᠭ ᠊ᠢ ᠬᠣᠲᠣ ᠡᠷᠭᠢᠴᠡᠭᠦᠯᠦᠭᠡᠳ ᠠᠯᠢ ᠠᠯᠢ ᠨᠢ ᠦᠭᠡᠢ ᠰᠠᠨᠠᠭᠠᠳᠠᠭᠰᠠᠨ ᠲᠤᠯᠠ ᠡᠨᠡ ᠬᠡᠷᠡᠭ ᠊ᠢ ᠰᠢᠭᠤᠳ ᠰᠠᠭᠤᠷᠢᠨ ᠤ᠋ ᠰᠢᠭᠦᠭᠴᠢ ᠨᠠᠷ ᠲᠤ᠌ ᠰᠢᠯᠵᠢᠭᠦᠯᠬᠦ ᠪᠡᠷ ᠰᠢᠢᠳᠤᠭᠰᠡᠨ ᠨᠢ ᠲᠡᠷᠡ ᠪᠠᠶ᠋ᠢᠵᠠᠢ ᠃  ᠡᠨᠡ ᠤᠳᠠᠭ᠎ᠠ ᠳ᠋ᠤ᠌ ᠲᠡᠷᠡ ᠳᠤᠲᠠᠭᠤ ᠪᠣᠳᠣᠭᠰᠠᠨ ᠪᠠᠶ᠋ᠢᠯ᠎ᠠ ᠃ ᠪᠠᠷᠳᠠᠢ ᠰᠡᠴᠡᠨ ᠲᠡᠭᠦᠨ ᠦ᠌ ᠪᠣᠳᠣᠭᠰᠠᠨ ᠢ᠋ᠶ᠋ᠠᠷ ᠵᠡᠭᠡᠯᠢ ᠶ᠋ᠢᠨ ᠭᠢᠨᠳᠠᠨ ᠳ᠋ᠤ᠌ ᠬᠠᠬᠤᠤᠯᠢ  ᠭᠣᠷᠢᠳᠠᠭᠰᠠᠨ ᠰᠢᠭᠦᠭᠴᠢ ᠨᠠᠷ ᠤ᠋ᠨ ᠭᠠᠷ ᠲᠤ᠌ ᠪᠠᠶ᠋ᠢᠬᠰᠠᠨ ᠦᠭᠡᠢ ᠂ ᠲᠡᠭᠦᠨ ᠦ᠌ ᠳᠡᠭᠦᠦ ᠴᠢᠯᠠᠭᠤᠨ ᠂ ᠭᠠᠯ ᠨᠠᠷ ᠤ᠋ᠨ ᠬᠠᠯᠠᠮᠵᠢᠨ ᠳ᠋ᠤ᠌ ᠣᠷᠣᠴᠢᠬᠠᠭᠰᠠᠨ ᠂ ᠶᠠᠭ ᠨᠠᠷᠢᠨ ᠬᠡᠯᠡᠪᠡᠯ ᠰᠢᠭᠦᠭᠴᠢ ᠨᠠᠷ ᠭᠠᠯ ᠤ᠋ᠨ ᠤᠷᠢᠳᠴᠢᠯᠠᠨ ᠵᠠᠬᠢᠭᠰᠠᠨ ᠢ᠋ᠶ᠋ᠠᠷ ᠪᠠᠷᠳᠠᠢ ᠰᠡᠴᠡᠨ  ᠊ᠢ ᠬᠥᠲᠥᠴᠢ ᠢᠨ ᠬᠠᠮᠲᠤ ᠴᠡᠷᠢᠭ ᠦ᠋ᠨ ᠬᠡᠷᠡᠭ ᠦ᠋ᠨ ᠲᠢᠩᠬᠢᠮ ᠳ᠋ᠦ᠍ ᠬᠦᠷᠭᠡᠭᠦᠯᠦᠭᠰᠡᠨ ᠪᠠᠶ᠋ᠢᠪᠠ ᠃ 
      ᠬᠣᠲᠣ ᠡᠨᠡ ᠪᠦᠬᠦᠨ ᠊ᠢ ᠮᠡᠳᠡᠭᠰᠡᠨ ᠦᠭᠡᠢ ᠂ ᠦᠳᠡ ᠶ᠋ᠢᠨ ᠢ᠋ᠶ᠋ᠡᠨ ᠵᠣᠭᠣᠭ ᠊ᠢ ᠪᠠᠷᠢᠭᠠᠳ ᠮᠣᠬᠠᠮᠢᠳ᠋ ᠱᠠᠭ ᠲᠤ᠌ ᠶᠠᠪᠤᠭᠤᠯᠬᠤ ᠵᠠᠬᠢᠶ᠎ᠠ ᠶ᠋ᠢ ᠲᠡᠷᠯᠡᠬᠦ ᠭᠡᠵᠦ ᠨᠡᠯᠢᠶᠡᠳ ᠰᠠᠭᠤᠵᠤ ᠂ ᠵᠠᠪᠰᠠᠷ ᠨᠢ ᠲᠡᠷᠡ ᠡᠯᠴᠢ ᠪᠡᠷ ᠢ᠋ᠶ᠋ᠡᠨ ᠬᠢᠪᠴᠠᠭ ᠤ᠋ᠨ ᠪᠠᠶ᠋ᠢᠲᠠᠯ ᠊ᠢ ᠬᠡᠷᠬᠢᠨ ᠶᠠᠭᠠᠬᠢᠵᠤ ᠵᠠᠩᠰᠢᠭᠤᠯᠬᠤ ᠪᠠᠨ ᠪᠣᠳᠣᠭᠰᠠᠭᠠᠷ ᠦᠳᠡ ᠬᠡᠪᠡᠶ᠋ᠢᠯᠭᠡᠵᠡᠢ ᠃ ᠴᠢᠯᠠᠭᠤᠨ ᠰᠦᠷᠡᠬᠡᠢ ᠨᠣᠴᠢᠲᠠᠢ ᠴᠢᠷᠠᠢ ᠭᠠᠷᠭᠠᠨ ᠣᠷᠣᠵᠤ ᠢᠷᠡᠬᠦ  ᠳ᠋ᠦ᠍ ᠯᠡ ᠲᠡᠷᠡ ᠪᠠᠷᠲᠠᠢ ᠰᠡᠴᠡᠨ ᠊ᠢ ᠰᠠᠨᠠᠪᠠ ᠃