ᠴᠣᠬᠣᠷ ᠨᠠᠢᠵᠠ3цоохор найз ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠬᠣᠷ ᠨᠠᠢᠵᠠ3цоохор найз

ᠴᠣᠬᠣᠷ ᠨᠠᠢᠵᠠ3цоохор найз

2023-05-24

435

ᠴᠣᠬᠣᠷ ᠨᠠᠢᠵᠠ3

ᠳ᠋ᠢᠷ —

—ᠡᠭᠡᠴᠢ ᠠ᠋! ᠳᠡᠭᠡᠷ᠎ᠡ ᠠᠪᠤᠭᠰᠠᠨ ᠢᠷᠪᠢᠰ ᠦ᠋ᠨ ᠲᠤᠬᠠᠢ ᠨᠣᠮ ᠊ᠢ ᠠᠮᠠᠷᠠᠯᠲᠠ ᠪᠠᠷ ᠢ᠋ᠶ᠋ᠠᠨ ᠠᠪᠴᠤ ᠶᠠᠪᠤᠬᠤ ᠭᠡᠰᠡᠨ ᠶᠦ᠍ᠮ ᠃

ᠳᠦᠷᠳ᠋ —

ᠲᠢᠭ ᠲᠠᠭ ᠁

— ᠡᠩ ᠬᠡ ᠬᠡ ᠂ ᠮᠢᠨᠦ ᠮᠠᠭᠤ ᠪᠣᠷᠣ ᠠᠮᠢᠲᠠᠨ ᠰᠠᠢᠨ ᠢᠳᠡᠭᠡᠳ ᠠᠪ!

—ᠡᠩ — ᠱᠠᠮ ᠱᠠᠮ ᠁

—ᠡᠩ

—ᠴᠣᠬᠣᠷ ᠠ᠋ ᠂ ᠴᠣᠬᠣᠷ ᠠ᠋ — ᠴᠣᠬᠣᠷ ᠠ᠋!

— ᠴᠣᠬᠣᠷ ᠠ᠋!

— ᠠᠪᠤ ᠠ᠋!

— ᠠ

— ᠲᠠ ᠮᠠᠨ ᠤ᠋ ᠤᠯᠤᠰ ᠲᠤ᠌ ᠮᠢᠩᠭ᠎ᠠ ᠴᠤ᠌ ᠬᠦᠷᠬᠦ ᠦᠭᠡᠢ ᠢᠷᠪᠢᠰ ᠪᠠᠶ᠋ᠢᠲᠠᠭ ᠭᠡᠵᠦ ᠮᠡᠳᠡᠬᠦ ‍ᠦᠦ?

— ᠲᠡᠷᠡ ᠢᠷᠪᠢᠰ ᠴᠢᠨᠢ ᠠᠭᠤᠯᠠ ᠶ᠋ᠢᠨ ᠠᠮᠠᠨ ᠳ᠋ᠤ᠌ ᠪᠠᠯᠳᠠᠨ ᠭᠤᠸᠠᠢ ᠶ᠋ᠢᠨ ᠲᠠᠪᠤᠨ ᠤᠬᠤᠨ᠎ᠠ ᠶ᠋ᠢ ᠪᠠᠷᠢᠭᠰᠠᠨ ᠊ᠢ ᠴᠢ ᠮᠡᠳᠡᠬᠦ ‍ᠦᠦ?

ᠬᠥᠪ ᠬᠥᠪ —

— ᠬᠥ — ᠬᠥ ᠪᠣᠰᠤᠭᠠᠷᠠᠢ! ᠢᠷᠪᠢᠰ! ᠬᠥ — ᠢᠷᠪᠢᠰ ᠭᠡᠰᠡᠨ ᠠᠮᠢᠲᠠᠨ ᠂ ᠢᠷᠪᠢᠰ! ᠬᠠ ᠪᠣᠰᠤᠭᠠᠷᠠᠢ!

—ᠬᠥ! ᠮᠠᠢ ᠁

— ᠬᠥᠪ ᠬᠥᠪ ᠁ ᠬᠥᠪ ᠁ ᠮᠠᠢ — ᠮᠠᠢ ᠁

— ᠡᠩ — ᠴᠣᠬᠣᠷ ᠠ᠋!

ᠬᠥᠪ ᠬᠥᠪ ᠁ ᠬᠥᠪ ᠁

— ᠤᠤᠭᠠᠨ᠎ᠠ!

— ᠬᠠᠷᠠᠩᠭ᠎ᠠ ᠠ᠋ ᠂ ᠪᠠᠢ ᠪᠠᠢ! ᠬᠠᠷᠠᠩᠭ᠎ᠠ ᠠ᠋ ᠂ ᠪᠠᠢ ᠪᠠᠢ!

— ᠬᠥᠪ ᠬᠥᠪ ᠁ ᠲᠦᠩ — ᠬᠤᠷ ᠬᠤᠷ

— ᠣᠳᠣ ᠪᠠᠶ᠋ᠢᠲᠠᠯ᠎ᠠ ᠪᠠᠨ ᠪᠦᠷ ᠬᠣᠲᠠᠨ ᠳ᠋ᠤ᠌ ᠣᠷᠣᠵᠤ ᠢᠷᠡᠭᠡᠳ ᠬᠣᠨᠢ ᠪᠠᠷᠢᠬᠤ ᠨᠢ ‍ᠦᠦ ᠳᠡ! ᠴᠢᠮ᠎ᠠ ᠶ᠋ᠢ ᠳᠡ !

— ᠴᠣᠬᠣᠷ ᠠ᠋! ᠴᠣᠬᠣᠷ ᠠ᠋ — ᠴᠣᠬᠣᠷ ᠠ᠋! ᠪᠢ ᠴᠢᠮ᠎ᠠ ᠶ᠋ᠢ ᠡᠨᠳᠡ ᠪᠠᠶ᠋ᠢᠭ᠎ᠠ ᠶ᠋ᠢ ᠮᠡᠳᠡᠵᠦ ᠪᠠᠶ᠋ᠢᠨ᠎ᠠ ᠰᠢᠦ!

— ᠤᠤᠭᠠᠨ᠎ᠠ!

— ᠠ᠋ ᠬᠡ ᠬᠡ ᠬᠡ —

— ᠴᠢ ᠶᠡᠬᠡ ᠲᠣᠮᠣ ᠪᠣᠯᠵᠠᠢ ᠃

— ᠴᠢ ᠬᠠᠷᠢᠨ ᠵᠢᠭᠠᠬᠠᠨ ᠯᠠ ᠲᠣᠮᠣ ᠪᠣᠯᠵᠠᠢ ᠃

ᠬᠡ ᠬᠡ ᠬᠡ ᠁

— ᠪᠢ ᠴᠢᠮ᠎ᠠ ᠲᠠᠢ ᠳᠠᠬᠢᠵᠤ ᠬᠡᠵᠢᠶ᠎ᠡ ᠴᠦ᠍ ᠠᠭᠤᠯᠵᠠᠬᠤ ᠦᠭᠡᠢ ᠯᠡ ᠭᠡᠵᠦ ᠪᠣᠳᠣᠭᠰᠠᠨ!

— ᠪᠢ ᠴᠢᠮ᠎ᠠ ᠶ᠋ᠢ ᠡᠨᠳᠡ ᠡᠴᠡ ᠪᠦᠷ ᠶᠠᠪᠤᠵᠠᠢ ᠭᠡᠵᠦ ᠪᠣᠳᠣᠭᠰᠠᠨ!

— ᠭᠡᠬᠦ ᠳ᠋ᠦ᠍ ᠪᠡᠨ ᠴᠢ ᠵᠢᠭᠤᠲᠠᠬᠤ ᠬᠡᠷᠡᠭᠲᠡᠢ ᠃ ᠠᠪᠤ ᠠᠩᠴᠢᠳ ᠴᠤᠭᠯᠠᠭᠤᠯᠤᠭᠠᠳ ᠴᠢᠮ᠎ᠠ ᠶ᠋ᠢ ᠪᠠᠷᠢᠬᠤ ᠭᠡᠵᠦ ᠪᠠᠶ᠋ᠢᠭ᠎ᠠ!

— ᠨᠠᠳᠠ ᠳ᠋ᠤ᠌ ᠡᠨᠳᠡ ᠡᠴᠡ ᠥᠭᠡᠷ᠎ᠡ ᠣᠴᠢᠬᠤ ᠭᠠᠵᠠᠷ ᠪᠠᠶ᠋ᠢᠬᠤ ᠦᠭᠡᠢ ᠪᠣᠯᠤᠭᠰᠠᠨ! ᠡᠵᠢ ᠪᠢᠳᠡ ᠬᠣᠶᠠᠷ ᠰᠢᠨ᠎ᠡ ᠡᠵᠡᠮᠰᠢᠯ ᠨᠤᠲᠤᠭ ᠢ᠋ᠶ᠋ᠠᠨ ᠣᠯᠬᠤ ᠭᠡᠵᠦ ᠶᠠᠪᠤᠭᠠᠳ ᠯᠠ ᠪᠠᠶ᠋ᠢᠬᠰᠠᠨ! ᠶᠠᠪᠤᠭᠠᠳ ᠯᠠ ᠪᠠᠶ᠋ᠢᠬᠰᠠᠨ! ᠭᠡᠲᠡᠯ᠎ᠡ ᠪᠢᠳᠡᠨ ᠦ᠌ ᠵᠠᠮ ᠳ᠋ᠤ᠌ ᠮᠠᠰᠢ ᠶᠡᠬᠡ ᠳᠠᠭᠤ ᠴᠢᠮᠡᠭᠡ ᠲᠡᠢ ᠲᠣᠮᠣ ᠮᠠᠰᠢᠨ ᠨᠤᠭᠤᠳ ᠲᠠᠢ ᠭᠠᠵᠠᠷ ᠪᠣᠢ ᠪᠣᠯᠤᠭᠰᠠᠨ ᠪᠠᠶ᠋ᠢᠬᠰᠠᠨ! ᠵᠥᠪᠬᠡᠨ ᠲᠡᠷᠡ ᠨᠤᠲᠤᠭ ᠢ᠋ᠶ᠋ᠠᠷ ᠯᠠ ᠳᠡᠮᠵᠢᠵᠦ ᠰᠢᠨ᠎ᠡ ᠨᠤᠲᠤᠭ ᠲᠤ᠌ ᠣᠴᠢᠬᠤ ᠪᠣᠯᠣᠮᠵᠢᠲᠠᠢ ᠪᠠᠶ᠋ᠢᠬᠰᠠᠨ ᠪᠣᠯᠪᠠᠴᠤ ᠡᠵᠢ ᠮᠠᠨᠢ ᠁

— ᠨᠠᠮ᠎ᠠ ᠶ᠋ᠢ ᠠᠭᠤᠴᠢᠯᠠᠭᠠᠷᠠᠢ! ᠴᠣᠬᠣᠷ ᠠ᠋!

— ᠴᠣᠬᠣᠷ ᠠ᠋! ᠵᠢᠭᠤᠲᠠᠭᠠᠷᠠᠢ! ᠡᠩ ᠂ ᠬᠤᠷᠳᠤᠨ ᠵᠢᠭᠤᠲᠠᠭᠠᠷᠠᠢ! ᠠ᠋ —

— ᠢᠷᠪᠢᠰ ᠦ᠋ᠨ ᠵᠢᠮ ᠳᠡᠭᠡᠷ᠎ᠡ ᠬᠠᠪᠬ᠎ᠠ ᠲᠠᠯᠪᠢᠭᠰᠠᠨ ᠪᠠᠶ᠋ᠢᠭ᠎ᠠ ᠰᠢᠦ! ᠪᠢᠲᠡᠭᠡᠢ ᠣᠷᠣᠴᠢᠬᠠᠭᠠᠷᠠᠢ!

— ᠬᠠᠤ ᠬᠠᠤ —

ᠲᠦᠱ —

— ᠬᠠᠤ ᠬᠠᠤ ᠁ ᠬᠠᠤ ᠬᠠᠤ ᠁

ᠬᠣᠷᠳ᠋ —

— ᠬᠠᠤ — ᠬᠠᠤ ᠁

— ᠠᠪᠤ ᠠ᠋᠂ ᠪᠣᠯᠬᠤ ᠦᠭᠡᠢ! ᠪᠢᠲᠡᠭᠡᠢ ᠯᠡ ᠳᠡ᠂ ᠠᠪᠤ ᠠ᠋! ᠪᠢ ᠲᠠᠨ ᠊ᠢ ᠢᠷᠪᠢᠰ ᠬᠣᠷᠣᠭᠠᠬᠤ ᠶ᠋ᠢ ᠬᠡᠵᠢᠶ᠎ᠡ ᠴᠦ᠍ ᠠᠭᠤᠴᠢᠯᠠᠬᠤ ᠦᠭᠡᠢ ᠰᠢᠦ!

— ᠬᠣᠯᠠᠳᠠ ᠭᠡᠮ! ᠴᠢ ᠪᠦᠷ ᠠᠪᠤ ᠳ᠋ᠤ᠌ ᠪᠠᠨ ᠵᠢᠭᠠᠬᠤ ᠨᠢ ‍ᠦᠦ ? ᠨᠠᠮ᠎ᠠ ᠶ᠋ᠢ ᠠᠶᠠᠭᠦᠢ ᠪᠠᠶ᠋ᠢᠲᠠᠯ ᠳ᠋ᠤ᠌ ᠃ ᠬᠣᠯᠠᠳᠠ ᠭᠡᠮ!

— ᠪᠢ ᠬᠠᠷᠢᠨ ᠲᠠᠨ ᠠ᠋ᠴᠠ ᠢᠴᠢᠵᠦ ᠪᠠᠶ᠋ᠢᠨ᠎ᠠ ᠃ ᠲᠠ ᠥᠪᠡᠷ ᠢ᠋ᠶ᠋ᠡᠨ ᠢᠷᠪᠢᠰ ᠦ᠋ᠨ ᠡᠵᠡᠮᠰᠢᠯ ᠳ᠋ᠦ᠍ ᠢᠷᠡᠵᠦ ᠨᠤᠲᠤᠭᠯᠠᠭ᠎ᠠ ᠪᠢᠵᠡ ᠳᠡ! ᠲᠡᠭᠦᠨ ᠡᠴᠡ ᠴᠢᠨᠢ ᠪᠣᠯᠵᠤ ᠠᠷᠭᠠᠯᠢ ᠶᠠᠩᠭᠢᠷ ᠳᠠᠶ᠋ᠢᠵᠢᠵᠤ ᠴᠣᠬᠣᠷ ᠲᠤ᠌ ᠢᠳᠡᠬᠦ ᠬᠣᠭᠣᠯᠠ ᠣᠯᠳᠠᠬᠤ ᠦᠭᠡᠢ ᠪᠣᠯᠤᠭᠰᠠᠨ᠃ ᠲᠡᠶ᠋ᠢᠮᠦ ᠪᠣᠯᠬᠣᠷ ᠬᠣᠨᠢ ᠮᠠᠯ ᠤᠷᠤᠭᠤ ᠳᠠᠭᠠᠷᠢᠬᠤ ᠠ᠋ᠴᠠ ᠥᠭᠡᠷ᠎ᠡ ᠠᠷᠭ᠎ᠠ ᠦᠭᠡᠢ ᠪᠣᠯᠤᠭᠰᠠᠨ ᠊ᠢ ᠲᠠ ᠶᠠᠭᠠᠬᠢᠭᠠᠳ ᠣᠶ᠋ᠢᠯᠠᠭᠠᠬᠤ ᠦᠭᠡᠢ ᠪᠠᠶ᠋ᠢᠭ᠎ᠠ ᠶᠤᠮ ᠪᠣᠢ?

— ᠪᠢ ᠲᠡᠷᠡ ᠮᠠᠯ ᠢ᠋ᠶ᠋ᠠᠷ ᠴᠢᠨᠢ ᠴᠢᠮ᠎ᠠ ᠶ᠋ᠢ ᠲᠡᠵᠢᠭᠡᠳᠡᠭ ᠶᠦ᠍ᠮ ᠃ ᠣᠳᠣ ᠪᠣᠯᠤᠨ᠎ᠠ ᠂ ᠤᠤᠭᠠᠨ᠎ᠠ! ᠡᠨᠡ ᠪᠣᠯ ᠵᠦᠭᠡᠷ ᠯᠡ ᠠᠮᠢᠲᠠᠨ! ᠬᠠᠷᠢᠨ ᠪᠢ ᠴᠢᠨᠦ ᠡᠴᠢᠭᠡ ᠴᠢᠨᠢ ᠪᠠᠶ᠋ᠢᠨ᠎ᠠ!

— ᠪᠢ ᠮᠢᠩᠭᠠᠨ ᠮᠠᠯ ᠲᠠᠢ ᠪᠢᠰᠢ ᠬᠠᠷᠢᠨ ᠮᠢᠩᠭ᠎ᠠ ᠬᠦᠷᠬᠦ ᠦᠭᠡᠢ ᠦᠯᠡᠲᠡᠭᠰᠡᠨ ᠠᠮᠢᠲᠠᠨ ᠊ᠢ ᠬᠠᠶ᠋ᠢᠷᠠᠯᠠᠲᠠᠭ ᠠᠪᠤ ᠲᠠᠢ ᠪᠠᠶ᠋ᠢᠮᠠᠷ ᠪᠠᠶ᠋ᠢᠨ᠎ᠠ! ᠡᠨᠡ ᠶᠢᠷᠲᠢᠨᠴᠦ ᠵᠥᠪᠬᠡᠨ ᠬᠥᠮᠦᠨ ᠲᠥᠷᠥᠯᠬᠢᠲᠡᠨ ᠳ᠋ᠦ᠍ ᠵᠣᠷᠢᠭᠤᠯᠤᠭᠳᠠᠭ᠎ᠠ ᠦᠭᠡᠢ ᠶᠦ᠍ᠮ ᠰᠢᠦ ᠠᠪᠤ ᠠ᠋! ᠬᠡ — ᠬᠡ ᠁

— ᠬᠡᠩ —

ᠱᠤᠸᠠᠷᠳ᠋ — ᠱᠤᠸᠠᠷᠳ᠋ — ᠱᠤᠸᠠᠷᠳ᠋ ᠁

— ᠳ᠋ᠢᠩᠭᠠᠷ —

— ᠬᠢ ᠬᠢ ᠬᠢ ᠬᠢ —

— ᠪᠢ ᠴᠢᠮ᠎ᠠ ᠶ᠋ᠢ ᠦᠷᠭᠦᠯᠵᠢ ᠬᠠᠮᠠᠭᠠᠯᠠᠨ᠎ᠠ! ᠴᠣᠬᠣᠷ ᠠ᠋!

 

ᠬᠠᠶ᠋ᠢᠷ᠎ᠠ ᠳᠤᠯᠠᠭᠠᠨ ᠡᠵᠢ ᠶ᠋ᠢ ᠪᠡᠨ

ᠰᠡᠭᠦᠳᠡᠷ ᠬᠦᠵᠦᠭᠦᠳᠡᠨ ᠲᠣᠷᠨᠢᠭᠰᠠᠭᠠᠷ

ᠬᠠᠨ ᠠᠭᠤᠢ ᠶ᠋ᠢᠨ ᠭᠡᠷᠡᠯ ᠳ᠋ᠦ᠍ ᠨᠢ

ᠰᠣᠨᠢᠭᠤᠴᠢᠬᠠᠨ ᠵᠠᠩ ᠭᠠᠷᠭᠠᠭᠰᠠᠨ

ᠬᠥᠮᠦᠨ ᠦ᠌ ᠲᠠᠯᠪᠢᠭᠰᠠᠨ ᠤᠷᠠᠬᠠᠨ ᠠ᠋ᠴᠠ

ᠬᠠᠯᠠᠭᠤᠨ ᠠᠮᠢ ᠶ᠋ᠢ ᠨᠢ ᠪᠢ ᠠᠪᠤᠷᠠᠭᠰᠠᠨ

ᠮᠢᠨᠦ ᠮᠣᠩᠭᠣᠯ ᠤ᠋ᠨ ᠬᠥᠷᠥᠰᠥ ᠳᠡᠭᠡᠷ᠎ᠡ

ᠮᠢᠨᠦ ᠴᠣᠬᠣᠷ ᠨᠠᠶ᠋ᠢᠵᠠ

 

   ᠦᠰᠦᠭ ᠬᠠᠲᠠᠭᠰᠠᠨ ᠨᠢ ᠄ᠮᠥᠩᠭᠥᠨᠴᠡᠴᠡᠭ

   ᠦᠰᠦᠭ ᠠᠮᠢᠯᠠᠭᠤᠯᠤᠭᠰᠠᠨ ᠨᠢ ᠄ᠮᠥᠩᠭᠥᠨᠴᠡᠴᠡᠭ

   ᠬᠢᠨᠠᠭᠴᠢ ᠪᠠᠭᠰᠢ ᠄ᠱᠤᠳᠤᠷᠭᠤ ᠮᠥᠴᠢᠷ ᠠᠯᠲᠠᠠᠠᠭᠤᠯᠠ

  ᠳᠡᠯᠡᠬᠡᠢ ᠶᠢᠨ ᠪᠠᠢᠭᠠᠯᠢ ᠬᠠᠮᠠᠭᠠᠯᠠᠬᠤ ᠰᠠᠩ (WWF)  ᠤᠨ ᠮᠣᠩᠭᠣᠯ ᠳ᠋ᠠᠬᠢ ᠬᠥᠲᠦᠯᠪᠦᠷᠢ ᠶᠢᠨ ᠭᠠᠵᠠᠷ ᠠᠴᠠ 《ᠴᠣᠬᠣᠷ ᠨᠠᠢᠵᠠ》 ᠬᠡᠦᠬᠡᠳ ᠪᠠᠭᠠᠴᠤᠳ ᠲᠤ ᠵᠣᠷᠢᠭᠤᠯᠤᠭᠰᠠᠨ ᠵᠢᠷᠤᠭᠲᠤ ᠴᠤᠪᠤᠷᠠᠯ ᠨᠣᠮ ᠡᠷᠬᠢᠯᠡᠨ ᠭᠠᠷᠭᠠᠯ᠎ᠠ᠃ ᠤᠭ ᠨᠣᠮ ᠨᠢ ᠴᠣᠬᠣᠷ ᠢᠷᠪᠢᠰ ᠪᠣᠯᠤᠨ ᠮᠠᠯᠴᠢᠳ ᠤᠨ ᠵᠥᠷᠢᠴᠡᠯ ᠢ ᠤᠤᠭᠠᠨ ᠬᠦᠦ᠂ ᠴᠣᠬᠣᠷ ᠢᠷᠪᠢᠰ ᠦᠨ ᠭᠦᠶᠦᠮ ᠴᠣᠬᠣᠷ᠂ ᠮᠣᠩᠭᠣᠯ ᠪᠠᠩᠬᠤᠷ ᠤᠨ ᠭᠥᠯᠥᠭᠡ ᠬᠠᠷᠠᠩᠭ᠎ᠠ 3 ᠍ ᠶᠢᠨ ᠨᠥᠬᠥᠷᠯᠡᠯ᠂ ᠲᠡᠳᠡᠨ ᠳᠦ ᠲᠣᠬᠢᠶᠠᠯᠳᠤᠬᠤ ᠠᠳᠠᠯ ᠶᠠᠪᠤᠳᠠᠯ ᠢᠶᠠᠷ ᠳᠦᠷᠰᠦᠯᠡᠨ ᠢᠯᠡᠷᠬᠡᠢᠯᠡᠵᠡᠢ. 《ᠴᠣᠬᠣᠷ ᠨᠠᠢᠵᠠ》 ᠺᠣᠮᠢᠺ ᠢ ᠬᠡᠦᠬᠡᠳ ᠦᠨ ᠵᠣᠬᠢᠶᠠᠯᠴᠢ ᠶᠦ᠊ ∙ ᠰᠠᠩᠵᠠᠭᠣᠨᠴᠣᠭ ᠤᠨ ᠦᠭᠦᠯᠡᠯᠭᠡ ᠡᠴᠡ ᠰᠡᠳᠦᠪᠯᠡᠨ ᠪᠦᠲᠦᠭᠡᠭᠰᠡᠨ ᠪᠥᠭᠡᠳ 2019 ᠣᠨ ᠳᠤ ᠬᠡᠪᠯᠡᠭᠳᠡᠭᠰᠡᠨ ᠴᠠᠭ ᠠᠴᠠ ᠪᠠᠨ ᠡᠬᠢᠯᠡᠨ ᠬᠡᠦᠬᠡᠳ ᠪᠠᠭᠠᠴᠤᠳ ᠤᠨ ᠬᠠᠢᠷᠠᠲᠠᠢ ᠨᠣᠮ ᠪᠣᠯᠵᠤ᠂ ᠢᠷᠪᠢᠰ ᠲᠡᠢ ᠨᠤᠲᠤᠭ ᠤᠨ ᠬᠡᠦᠬᠡᠳ ᠦᠳ ᠢᠷᠪᠢᠰ ᠢ ᠴᠣᠬᠣᠷ ᠨᠠᠢᠵᠠ ᠬᠡᠮᠡᠨ ᠡᠯᠢᠭᠡᠮᠰᠡᠭᠦᠦ ᠳᠠᠭᠤᠳᠠᠬᠤ ᠪᠣᠯᠵᠤ ᠪᠠᠢᠭᠠᠯᠢ ᠬᠠᠮᠠᠭᠠᠯᠠᠬᠤ ᠢᠯᠠᠩᠭᠤᠶ᠎ᠠ ᠢᠷᠪᠢᠰ ᠢ ᠬᠠᠮᠠᠭᠠᠯᠠᠬᠤ ᠰᠡᠳᠬᠢᠯ ᠲᠡᠢ ᠢᠷᠡᠭᠡᠳᠦᠢ ᠶᠢᠨ ᠢᠷᠭᠡᠳ ᠢ ᠲᠥᠯᠦᠪᠰᠢᠭᠦᠯᠬᠦ ᠬᠤᠪᠢ ᠨᠡᠮᠡᠷᠢ ᠪᠡᠨ ᠣᠷᠣᠭᠤᠯᠤᠭᠰᠠᠭᠠᠷ ᠪᠠᠢᠨ᠎ᠠ᠃