ᠴᠣᠬᠣᠷ ᠨᠠᠢᠵᠠ2цоохор найз ᠬᠡᠤᠬᠡᠯᠳᠡᠢ ᠺᠢᠨᠣ᠋

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠣᠬᠣᠷ ᠨᠠᠢᠵᠠ2цоохор найз

ᠴᠣᠬᠣᠷ ᠨᠠᠢᠵᠠ2цоохор найз

2023-05-21

569

ᠴᠣᠬᠣᠷ ᠨᠠᠢᠵᠠ2

— ᠰᠠᠢᠨ ᠤᠤ?
— ᠠ᠋ ᠠ᠋ ᠠ᠋ ᠁
— ᠬᠥᠶᠢ — ᠬᠥᠶᠢ ᠬᠥᠶᠢ ᠲᠠᠢᠪᠤᠩ᠂ ᠲᠠᠢᠪᠤᠩ ! ᠪᠢ ᠴᠢᠮ᠎ᠠ ᠶ᠋ᠢ ᠶᠠᠭᠠᠬᠢᠬᠤ ᠴᠤ᠌ ᠦᠭᠡᠢ᠃
— ᠬᠡᠩ —
— ᠡᠩ ᠂ ᠵᠠ! ᠶᠠᠭᠠᠬᠢᠵᠤ ᠪᠠᠢᠨ᠎ᠠ?
— ᠠ᠋ ᠠ᠋
— ᠢᠩᠭᠢᠭᠡᠳ! ᠢᠩᠭᠢᠭᠡᠳ ᠢᠩᠭᠢᠭᠡᠳ ᠪᠣᠭᠣᠴᠢᠬᠠᠶ᠎ᠠ!
— ᠡᠩ —
— ᠶᠠ— ᠠ᠋ ᠠ᠋᠂ ᠠ᠋—
— ᠡᠭᠦᠷ ᠢ᠋ ᠴᠢᠨᠢ ᠮᠡᠳᠡᠳᠡᠭ ᠪᠣᠯ ᠬᠦᠷᠭᠡᠵᠦ ᠥᠭᠭᠦᠮᠡᠷ ᠯᠡ ᠪᠠᠢᠨ᠎ᠠ᠃
— ᠮᠠᠨ ᠤ᠋ ᠬᠢ ᠶᠠᠭ ᠡᠨᠡ ᠠᠰᠬᠠᠲᠤ ᠶ᠋ᠢᠨ ᠬᠠᠪᠴᠢᠯ ᠳ᠋ᠤ᠌ ᠯᠠ ᠳᠠ !
— ᠨᠠᠮ᠎ᠠ ᠶ᠋ᠢ ᠤᠤᠭᠠᠨ᠎ᠠ ᠭᠡᠳᠡᠭ᠃ ᠴᠢᠮ᠎ᠠ ᠶ᠋ᠢ ᠬᠡᠨ ᠭᠡᠳᠡᠭ ᠦᠦ?
— ᠨᠠᠮ᠎ᠠ ᠶ᠋ᠢ ᠡᠵᠢ ᠴᠣᠬᠣᠷ ᠭᠡᠵᠦ ᠳᠠᠭᠤᠳᠠᠳᠠᠭ ᠶᠤᠮ ᠃ ᠡᠭᠦᠷ ᠲᠦ᠍ ᠪᠡᠨ ᠬᠥᠮᠦᠨ ᠳᠠᠭᠠᠭᠤᠯᠵᠤ ᠢᠷᠡᠭᠰᠡᠨ ᠢ᠋ ᠮᠡᠳᠡᠪᠡᠯ ᠡᠵᠢ ᠠᠭᠤᠷᠯᠠᠬᠤ ᠪᠠᠢᠬ᠎ᠠ ᠳᠠ!
— ᠪᠢ ᠲᠠᠨ ᠤ᠋ ᠡᠭᠦᠷ ᠢ᠋ ᠬᠡᠨ ᠳ᠋ᠦ᠍ ᠴᠦ᠍ ᠬᠡᠯᠡᠬᠦ ᠦᠭᠡᠢ ᠃
— ᠮᠢᠨᠦ ᠬᠥᠯ ᠡᠵᠢ ᠪᠡᠨ ᠢᠷᠡᠬᠦ ᠡᠴᠡ ᠡᠮᠦᠨ᠎ᠡ ᠡᠳᠡᠭᠡᠴᠢᠬᠡᠬᠦ ᠪᠠᠢᠬ᠎ᠠ ᠳᠠ?
— ᠠ᠋ ᠬᠡ ᠬᠡ — ᠲᠡᠢᠮᠦ ᠴᠦ᠍ ᠬᠤᠷᠳᠤᠨ ᠡᠳᠡᠭᠡᠬᠦ ᠦᠭᠡᠢ ᠯᠡ ᠪᠠᠢᠬ᠎ᠠ! ᠪᠢ ᠮᠠᠷᠭᠠᠰᠢ ᠡᠮ ᠦ᠋ᠨ ᠤᠷᠭᠤᠮᠠᠯ ᠠᠪᠴᠢᠷᠠᠭᠠᠳ ᠳᠦᠷᠭᠢᠭᠡᠳ ᠥᠭᠬᠦᠶ᠎ᠡ ᠵᠠ ᠤᠤ?
— ᠠ᠋ ᠂ ᠦᠭᠡᠢ ᠁ ᠪᠣᠯᠬᠤ ᠦᠭᠡᠢ ᠂ ᠡᠵᠢ ᠪᠠᠢᠪᠠᠯ ᠪᠣᠯᠬᠤ ᠦᠭᠡᠢ᠃
— ᠲᠡᠭᠡᠪᠡᠯ ᠪᠢ ᠶᠠᠭ ᠮᠠᠷᠭᠠᠰᠢ ᠦᠳᠡ ᠳ᠋ᠦ᠍ ᠢᠷᠡᠶ᠎ᠡ ᠯᠠ ᠳᠠ! ᠡᠵᠢ ᠴᠢᠨᠢ ᠪᠠᠢᠬᠤ ᠦᠭᠡᠢ ᠪᠣᠯ ᠴᠢ ᠡᠭᠦᠷ ᠦ᠋ᠨ ᠶ᠋ᠢᠡᠨ ᠠᠮᠠᠨ ᠳᠡᠭᠡᠷ᠎ᠡ ᠰᠠᠭᠤᠵᠤ ᠪᠠᠢ᠃ ᠲᠡᠭᠡᠬᠦ ᠦᠦ?
— ᠡᠩ ᠬᠡᠩ —
— ᠠᠪᠤ ᠲᠠ ᠬᠠᠮᠢᠭ᠎ᠠ ᠣᠴᠢᠬᠤ ᠭᠡᠵᠦ ᠪᠠᠢᠭ᠎ᠠ?
— ᠲᠠᠨ ᠤ᠋ ᠰᠤᠷᠭᠠᠭᠤᠯᠢ ᠶ᠋ᠢᠨ ᠳᠣᠲᠣᠭᠤᠷ ᠪᠠᠢᠷᠢᠨ ᠤ᠋ ᠡᠷᠬᠢᠯᠡᠭᠴᠢ ᠲᠡᠢ ᠠᠭᠤᠯᠵᠠᠴᠢᠬᠠᠭᠠᠳ ᠢᠷᠡᠶ᠎ᠡ ᠂ ᠮᠢᠨᠦ ᠬᠦᠦ ᠴᠢᠨᠢ ᠡᠨᠡ ᠵᠢᠯ ᠭᠠᠭᠴᠠᠭᠠᠷ ᠢ᠋ᠶ᠋ᠠᠨ ᠳᠣᠲᠣᠭᠤᠷ ᠪᠠᠢᠷᠢᠨ ᠳ᠋ᠤ᠌ ᠠᠮᠢᠳᠤᠷᠠᠨ᠎ᠠ ᠰᠢᠳᠡ!
— ᠠᠪᠤ ᠠ᠋! ᠠᠰᠬᠠᠲᠤ ᠶ᠋ᠢᠨ ᠡᠩᠭᠡᠷ ᠲᠦ᠍ ᠬᠠᠪᠬ᠎ᠠ ᠲᠠᠯᠪᠢᠭᠰᠠᠨ ᠪᠠᠢᠬᠤ ᠶᠤᠮ᠃ ᠲᠡᠷᠡ ᠬᠠᠪᠬ᠎ᠠ ᠮᠠᠨ ᠤ᠋ ᠬᠢ ᠦᠦ?
— ᠠᠢ ᠬᠠᠯᠠᠭ ᠠ᠋! ᠬᠠᠯᠠᠭ! ᠠᠭᠤᠯᠠᠨ ᠳ᠋ᠤ᠌ ᠬᠠᠪᠬ᠎ᠠ ᠲᠠᠯᠪᠢᠵᠤ ᠪᠣᠯᠬᠤ ᠦᠭᠡᠢ ᠭᠡᠵᠦ ᠪᠢ ᠬᠡᠯᠡᠭᠡᠳ ᠯᠡ ᠪᠠᠢᠭ᠎ᠠ ᠳᠠ!
— ᠠ᠂ ᠡᠵᠢ ᠮᠢᠨᠢ ᠲᠠ ᠂ ᠡᠨᠡ ᠣᠷᠴᠢᠮ ᠴᠢᠨᠢ ᠢᠷᠪᠢᠰ ᠶᠡᠬᠡᠲᠡᠢ ᠭᠡᠬᠦ ᠶᠦ᠍ᠮ ᠃ ᠡᠷᠲᠡᠬᠡᠨ ᠦᠷᠭᠦᠭᠡᠵᠦ ᠳᠠᠢᠵᠢᠭᠤᠯᠬᠤ ᠦᠭᠡᠢ ᠪᠣᠯ ᠤᠳᠠᠬᠤ ᠦᠭᠡᠢ ᠮᠠᠯ ᠢ᠋ᠶ᠋ᠠᠨ ᠪᠠᠷᠢᠭᠤᠯᠤᠨ᠎ᠠ ᠰᠢᠳᠡ !
— ᠠᠭᠤᠯᠠ ᠶ᠋ᠢᠨ ᠡᠵᠡᠨ ᠠᠪᠬᠤ ᠪᠠᠨ ᠠᠪᠤᠨ᠎ᠠ ᠯᠠ ᠪᠢᠵᠡ᠂ ᠶᠠᠭᠠᠬᠢᠭ᠎ᠠ ᠴᠤ᠌ ᠦᠭᠡᠢ ᠪᠠᠢᠬᠤ ᠳ᠋ᠤ᠌ ᠨᠢ ᠶᠠᠭᠠᠬᠢᠬᠤ ᠭᠡᠵᠦ ᠢᠩᠭᠢᠵᠦ ᠬᠢᠯᠢᠩᠨᠡᠭᠦᠯᠵᠦ ᠪᠠᠢᠭ᠎ᠠ ᠶᠤᠮ ᠪᠣᠢ? ᠴᠢ!
— ᠢᠷᠡᠬᠦ ᠬᠠᠪᠤᠷ ᠪᠢ ᠮᠢᠩᠭᠠᠲᠤ ᠣᠷᠴᠢᠮ ᠪᠣᠯᠤᠮᠠᠷ ᠪᠠᠢᠨ᠎ᠠ ᠡᠵᠢ ᠮᠢᠨᠢ!
— ᠶᠠᠭᠤ ᠶᠠᠷᠢᠭᠠᠳ ᠪᠠᠢᠨ᠎ᠠ ᠬᠦᠦ ᠮᠢᠨᠢ! ᠲᠠ ᠨᠠᠷ ᠤ᠋ᠨ ᠡᠨᠡ ᠬᠦᠰᠡᠯ ᠡᠴᠡ ᠪᠣᠯᠵᠤ ᠤᠰᠤ ᠪᠡᠯᠴᠢᠭᠡᠷ ᠬᠣᠮᠰᠠᠳᠠᠵᠤ ᠣᠳᠣ ᠪᠠᠢᠲᠠᠯ᠎ᠠ ᠪᠠᠨ ᠠᠰᠬᠠᠲᠤ ᠬᠠᠢᠷᠬᠠᠨ ᠳ᠋ᠤ᠌ ᠪᠠᠨ ᠰᠢᠬᠠᠵᠤ ᠪᠠᠭᠤᠬᠤ ᠳ᠋ᠤ᠌ ᠪᠠᠨ ᠲᠤᠯᠵᠤ ᠪᠠᠢᠭ᠎ᠠ ᠪᠢᠵᠡ ᠳᠡ!
— ᠪᠢ ᠮᠡᠳᠡᠵᠦ ᠪᠠᠢᠭ᠎ᠠ ᠡᠵᠢ ᠠ᠋! ᠲᠡᠭᠡᠭᠡᠳ ᠬᠠᠪᠬ᠎ᠠ ᠬᠠᠮᠢᠭ᠎ᠠ ᠪᠠᠢᠨ᠎ᠠ?
— ᠨᠥᠬᠥᠭᠡ ᠪᠣᠷᠣ ᠮᠣᠷᠢᠨ ᠤ᠋ ᠬᠥᠯ ᠲᠠᠰᠤᠯᠴᠢᠬᠠᠬᠤ ᠰᠢᠬᠠᠬᠤ ᠪᠠᠷ ᠨᠢ ᠬᠣᠯᠠ ᠴᠢᠯᠠᠭᠤᠳᠠᠴᠢᠬᠠᠭᠰᠠᠨ!
— ᠪᠠᠷᠤᠭᠲᠠᠢᠬᠠᠨ ᠰᠢᠭ᠋ ᠯᠡ ᠪᠠᠢᠵᠤ ᠦᠵᠡᠭᠡᠷᠡᠢ ᠴᠢ! ᠬᠠᠪᠬ᠎ᠠ ᠪᠠᠨ ᠣᠯᠵᠤ ᠢᠷᠡᠨ᠎ᠡ ᠰᠢᠦ!
— ᠳ᠋ᠦ᠍ᠷ —
— ᠠᠢ — ᠡᠮᠡᠭᠡ ᠠ᠋! ᠲᠠ ᠠᠭᠤᠯᠠ ᠶ᠋ᠢᠨ ᠡᠵᠡᠨ ᠢᠷᠪᠢᠰ ᠢ᠋ ᠬᠠᠷᠠᠵᠤ ᠪᠠᠢᠭᠰᠠᠨ ᠤᠤ ?
— ᠡᠩ ᠂ ᠮᠢᠨᠦ ᠬᠦᠦ ᠴᠢᠨᠢ ᠠᠭᠤᠯᠠ ᠶ᠋ᠢᠨ ᠡᠵᠡᠨ ᠲᠡᠢ ᠳᠠᠭᠠᠷᠠᠭ᠎ᠠ ᠤᠤ ᠳᠠ?
— ᠦᠭᠡᠢ!
— ᠵᠠ ᠢᠩᠭᠢᠭᠡᠳ ᠁ ᠡᠩ᠂ ᠠ᠋— ᠵᠠ ᠪᠣᠯᠴᠢᠬᠠᠯ᠎ᠠ!
— ᠠ᠋ ᠂ ᠪᠢ ᠣᠳᠣ ᠡᠳᠡᠭᠡᠬᠦ ᠦᠦ? ᠡᠩ᠂ ᠬᠡ ᠬᠡ — ᠳᠠᠬᠢᠭᠠᠳ ᠬᠡᠳᠦ ᠬᠣᠨᠣᠭ ᠪᠣᠯᠬᠤ ᠪᠠᠢᠬ᠎ᠠ ! —ᠣ — ᠬᠣᠶᠠᠭᠤᠯᠠ ᠪᠠᠨ ᠲᠣᠭᠯᠠᠬᠤ ᠤᠤ?
— ᠶᠠ ᠠ — ᠬᠠ ᠬᠠ ᠬᠠ ᠬᠠ ᠁ ᠬᠠᠢᠴᠢ᠂ ᠴᠢᠯᠠᠭᠤ᠂ ᠳᠠᠪᠤᠤ᠂ ᠠ— ᠬᠠ ᠬᠠ ᠁
— ᠠ — ᠳᠠ ᠶᠣ — ᠬᠠ ᠬᠠ ᠬᠠ ᠁
— ᠶᠠᠮᠠᠷ ᠨᠢᠭᠡᠨ ᠬᠥᠰᠢᠶ᠎ᠡ ᠪᠣᠯᠵᠤ ᠬᠤᠪᠢᠷᠠᠨ᠎ᠠ ᠤᠤ?
—ᠡᠩ ᠂ ᠠ᠋ ᠁
— ᠬᠠ ᠬᠠ ᠬᠠ ᠬᠠ ᠁
—ᠴᠣᠬᠣᠷ ᠠ᠋!
—ᠬᠢ ᠬᠢ᠂ ᠤᠤᠭᠠᠨ᠎ᠠ ᠠ᠋! ᠬᠡᠩ᠂
— ᠭᠦᠦᠭ! ᠰᠠᠪᠠᠷ ᠴᠢᠨᠢ ᠡᠳᠡᠭᠡᠴᠢᠬᠡᠭᠰᠡᠨ ᠦᠦ?
— ᠣ᠂
— ᠬᠡ ᠬᠡ ᠬᠡ ᠬᠡ ᠁
— ᠲᠡᠢᠮᠦ ᠠ᠋᠂ ᠣᠳᠣ ᠪᠢ ᠴᠢᠮ᠎ᠠ ᠶ᠋ᠢ ᠡᠳᠡᠭᠡᠭᠰᠡᠨ ᠰᠠᠪᠠᠷ ᠢ᠋ᠶ᠋ᠠᠷ ᠢ᠋ᠶ᠋ᠠᠨ ᠮᠠᠨᠵᠢᠨᠲᠠᠨ᠎ᠠ ᠳᠠ ! ᠬᠠ ᠬᠠ ᠁
— ᠬᠥᠶᠢ᠂ ᠤᠤᠭᠠᠨ᠎ᠠ ᠬᠣᠶᠠᠭᠤᠯᠠ ᠪᠠᠨ ᠣᠷᠣᠯᠳᠣᠬᠤ ᠤᠤ?
— ᠲᠡᠭᠡᠶ᠎ᠡ!
— ᠬᠣᠶᠠᠭᠤᠯᠠ ᠪᠠᠨ ᠣᠷᠣᠯᠳᠣᠭᠠᠳ ᠬᠡᠨ ᠨᠢ ᠲᠦᠷᠦᠭᠦᠯᠡᠵᠦ ᠭᠣᠣᠯ ᠳᠡᠭᠡᠷ᠎ᠡ ᠣᠴᠢᠨ᠎ᠠ? ᠢᠯᠠᠭᠴᠢ ᠰᠢᠦ!
— ᠥ ᠂ ᠴᠢ ᠶᠠᠮᠠᠷ ᠥᠭᠡᠳᠡ ᠦᠭᠡᠢ ᠶᠦ᠍ᠮ ᠪᠣᠢ?
—ᠬᠠ ᠬᠠ ᠂ ᠨᠠᠮ᠎ᠠ ᠶ᠋ᠢ ᠪᠠᠷᠢᠭᠠᠷᠠᠢ!
— ᠬᠥᠶᠢ! ᠬᠦᠯᠢᠶᠡᠵᠦ ᠪᠠᠢ!
— ᠬᠠ ᠬᠠ ᠁
— ᠬᠡᠭ ᠂ ᠠᠶ᠎ᠠ! ᠬᠡ ᠠ᠋ — ᠬᠠ ᠬᠠ ᠁
— ᠬᠠ ᠬᠠ ᠁
— ᠶᠠ— ᠬᠠ — ᠶᠣ
— ᠬᠠᠷᠠ ᠳᠠ ᠂ ᠶᠠᠮᠠᠷ ᠪᠠᠢᠨ᠎ᠠ?
— ᠡᠩ — ᠬᠡ ᠬᠡ ᠬᠡ ᠬᠡ ᠁
— ᠬᠢᠥ᠋ ᠬᠢᠥ᠋ —
— ᠶᠠᠭᠠᠬᠢᠭᠰᠠᠨ ᠪᠣᠢ?
— ᠡᠵᠢ!
— ᠠ —
— ᠠᠤ — ᠴᠣᠬᠣᠷ ᠠ᠋᠂ ᠡᠵᠢ ᠶ᠋ᠢᠨ ᠢ᠋ᠶ᠋ᠡᠷ ᠠᠷᠤ ᠳ᠋ᠤ᠌ ᠣᠷᠣ!
— ᠠ᠋ ᠬᠡ
— ᠦᠭᠡᠢ! ᠡᠵᠢ ᠠ᠋᠂ ᠡᠨᠡ ᠪᠣᠯ ᠮᠢᠨᠦ ᠨᠠᠢᠵᠠ᠂ ᠨᠠᠮ᠎ᠠ ᠶ᠋ᠢ ᠬᠠᠪᠬᠠᠨ ᠳ᠋ᠤ᠌ ᠣᠷᠣᠭᠰᠠᠨ ᠪᠠᠢᠬᠤ ᠳ᠋ᠤ᠌ ᠠᠪᠤᠷᠠᠭᠰᠠᠨ ᠶᠤᠮ ᠃
— ᠶᠠᠭᠤ? ᠬᠥᠮᠦᠰ ᠬᠠᠪᠬ᠎ᠠ ᠲᠠᠯᠪᠢᠭᠰᠠᠨ ᠬᠡᠷᠡᠭ ᠦᠦ ? ᠲᠡᠷᠡ ᠬᠠᠪᠬ᠎ᠠ ᠶ᠋ᠢ ᠡᠨᠡ ᠬᠡᠦᠬᠡᠳ ᠦ᠋ᠨ ᠴᠢᠨᠢ ᠠᠪᠤ ᠲᠠᠯᠪᠢᠭᠰᠠᠨ ᠭᠡᠳᠡᠭ ᠢ᠋ ᠴᠢ ᠮᠡᠳᠡᠬᠦ ᠦᠦ!
— ᠡᠵᠢ ᠠ᠋ ᠂ ᠪᠢᠲᠡᠭᠡᠢ!
— ᠠ᠋ ᠠ᠋
— ᠡᠵᠢ ᠠ᠋᠂ ᠪᠢ᠁ ᠪᠢ ᠳᠠᠬᠢᠵᠤ ᠲᠠᠨ ᠤ᠋ ᠦᠭᠡᠨ ᠡᠴᠡ ᠭᠠᠷᠬᠤ ᠦᠭᠡᠢ᠃ ᠲᠠ ᠮᠠᠨ ᠤ᠋ ᠨᠠᠢᠵᠠ ᠶ᠋ᠢ ᠶᠠᠪᠤᠭᠤᠯᠴᠢᠬ᠎ᠠ! ᠡᠨᠡ ᠰᠠᠢᠨ ᠬᠦᠦ᠂ ᠮᠢᠨᠦ ᠠᠮᠢ ᠶ᠋ᠢ ᠠᠪᠤᠷᠠᠭᠰᠠᠨ ᠶᠤᠮ᠃
— ᠠ᠋ ᠠ᠋ —
— ᠲᠡᠭᠡᠪᠡᠯ ᠴᠢ ᠡᠨᠡ ᠬᠡᠦᠬᠡᠳ ᠲᠡᠢ ᠳᠠᠬᠢᠵᠤ ᠠᠭᠤᠯᠵᠠᠬᠤ ᠦᠭᠡᠢ ᠭᠡᠵᠦ ᠠᠮᠠᠯᠠ!
— ᠠ᠋ ᠁ ᠠᠮᠠᠯᠠᠵᠤ ᠪᠠᠢᠨ᠎ᠠ!
— ᠠ᠋ —
— ᠪᠢᠳᠡ ᠥᠪᠡᠷᠰᠡᠳ ᠦ᠋ᠨ ᠨᠤᠲᠤᠭ ᠠ᠋ᠴᠠ ᠨᠡᠭᠦᠬᠦ ᠡᠴᠡ ᠥᠭᠡᠷ᠎ᠡ ᠠᠷᠭ᠎ᠠ ᠦᠭᠡᠢ ᠪᠣᠯᠤᠯ᠎ᠠ᠃ ᠬᠥᠮᠦᠰ ᠡᠴᠡ ᠪᠣᠯᠵᠤ ᠶᠠᠩᠭᠢᠷ ᠳᠠᠢᠵᠢᠵᠤ ᠪᠠᠢᠨ᠎ᠠ ᠃ ᠡᠨᠡ ᠡᠪᠦᠯ ᠪᠢᠳᠡᠨ ᠳ᠋ᠦ᠍ ᠢᠳᠡᠰᠢ ᠲᠡᠵᠢᠭᠡᠯ ᠣᠯᠳᠠᠬᠤ ᠦᠭᠡᠢ᠃
— ᠠ᠋ — ᠠ᠋ — ᠠ᠋ ᠁ ᠬᠥᠶᠢ —
— ᠡᠵᠢ ᠠ᠋ ! ᠮᠠᠨ ᠤ᠋ ᠡᠭᠦᠷ ᠡᠢᠰᠢ ᠪᠡᠨ ᠪᠢᠰᠢ ᠳᠡ !
— ᠪᠢᠳᠡ ᠳᠠᠬᠢᠵᠤ ᠲᠠᠢᠰᠢ ᠪᠠᠨ ᠣᠴᠢᠬᠤ ᠦᠭᠡᠢ᠃
— ᠠ᠋ ᠬᠡ
— ᠠᠢ—
— ᠴᠣᠬᠣᠷ ᠠ᠋ —

ᠬᠠᠢᠷ᠎ᠠ ᠳᠤᠯᠠᠭᠠᠨ ᠡᠵᠢ ᠶ᠋ᠢ ᠪᠡᠨ
ᠰᠡᠭᠦᠳᠡᠷ ᠬᠦᠵᠦᠭᠦᠳᠡᠨ ᠲᠣᠷᠨᠢᠭᠰᠠᠭᠠᠷ
ᠬᠠᠨ ᠠᠭᠤᠢ ᠶ᠋ᠢᠨ ᠭᠡᠷᠡᠯ ᠳ᠋ᠦ᠍ ᠨᠢ
ᠰᠣᠨᠢᠭᠤᠴᠢᠬᠠᠨ ᠵᠠᠩ ᠭᠠᠷᠭᠠᠭᠰᠠᠨ
ᠬᠥᠮᠦᠨ ᠦ᠌ ᠲᠠᠯᠪᠢᠭᠰᠠᠨ ᠤᠷᠠᠬᠠᠨ ᠠ᠋ᠴᠠ
ᠬᠠᠯᠠᠭᠤᠨ ᠠᠮᠢ ᠶ᠋ᠢ ᠨᠢ ᠪᠢ ᠠᠪᠤᠷᠠᠭᠰᠠᠨ
ᠮᠢᠨᠦ ᠮᠣᠩᠭᠣᠯ ᠤ᠋ᠨ ᠬᠥᠷᠥᠰᠥ ᠳᠡᠭᠡᠷ᠎ᠡ
ᠮᠢᠨᠦ ᠴᠣᠬᠣᠷ ᠨᠠᠢᠵᠠ

   ᠦᠰᠦᠭ ᠬᠠᠲᠠᠭᠰᠠᠨ ᠨᠢ ᠄ᠮᠥᠩᠭᠦᠨᠴᠡᠴᠡᠭ
   ᠦᠰᠦᠭ ᠠᠮᠢᠯᠠᠭᠤᠯᠤᠭᠰᠠᠨ ᠨᠢ ᠄ᠮᠥᠩᠭᠦᠨᠴᠡᠴᠡᠭ
   ᠬᠢᠨᠠᠭᠴᠢ ᠪᠠᠭᠰᠢ ᠄ᠱᠤᠳᠤᠷᠭᠤ᠂ᠮᠥᠴᠢᠷ᠂ᠠᠯᠲᠠᠠ᠋ᠭᠤᠯᠠ᠂ᠤᠶᠠᠬᠠᠨ᠂ᠪᠠᠶᠠᠷᠴᠡᠴᠡᠭ
  ᠳᠡᠯᠡᠬᠡᠢ ᠶᠢᠨ ᠪᠠᠢᠭᠠᠯᠢ ᠬᠠᠮᠠᠭᠠᠯᠠᠬᠤ ᠰᠠᠩ (WWF)  ᠤᠨ ᠮᠣᠩᠭᠣᠯ ᠳ᠋ᠠᠬᠢ ᠬᠥᠲᠦᠯᠪᠦᠷᠢ ᠶᠢᠨ ᠭᠠᠵᠠᠷ ᠠᠴᠠ 《ᠴᠣᠬᠣᠷ ᠨᠠᠢᠵᠠ》 ᠬᠡᠦᠬᠡᠳ ᠪᠠᠭᠠᠴᠤᠳ ᠲᠤ ᠵᠣᠷᠢᠭᠤᠯᠤᠭᠰᠠᠨ ᠵᠢᠷᠤᠭᠲᠤ ᠴᠤᠪᠤᠷᠠᠯ ᠨᠣᠮ ᠡᠷᠬᠢᠯᠡᠨ ᠭᠠᠷᠭᠠᠯ᠎ᠠ᠃ ᠤᠭ ᠨᠣᠮ ᠨᠢ ᠴᠣᠬᠣᠷ ᠢᠷᠪᠢᠰ ᠪᠣᠯᠤᠨ ᠮᠠᠯᠴᠢᠳ ᠤᠨ ᠵᠥᠷᠢᠴᠡᠯ ᠢ ᠤᠤᠭᠠᠨ ᠬᠦᠦ᠂ ᠴᠣᠬᠣᠷ ᠢᠷᠪᠢᠰ ᠦᠨ ᠭᠦᠶᠦᠮ ᠴᠣᠬᠣᠷ᠂ ᠮᠣᠩᠭᠣᠯ ᠪᠠᠩᠬᠤᠷ ᠤᠨ ᠭᠥᠯᠥᠭᠡ ᠬᠠᠷᠠᠩᠭ᠎ᠠ 3 ᠍ ᠶᠢᠨ ᠨᠥᠬᠥᠷᠯᠡᠯ᠂ ᠲᠡᠳᠡᠨ ᠳᠦ ᠲᠣᠬᠢᠶᠠᠯᠳᠤᠬᠤ ᠠᠳᠠᠯ ᠶᠠᠪᠤᠳᠠᠯ ᠢᠶᠠᠷ ᠳᠦᠷᠰᠦᠯᠡᠨ ᠢᠯᠡᠷᠬᠡᠢᠯᠡᠵᠡᠢ. 《ᠴᠣᠬᠣᠷ ᠨᠠᠢᠵᠠ》 ᠺᠣᠮᠢᠺ ᠢ ᠬᠡᠦᠬᠡᠳ ᠦᠨ ᠵᠣᠬᠢᠶᠠᠯᠴᠢ ᠶᠦ᠊ ∙ ᠰᠠᠩᠵᠠᠭᠣᠨᠴᠣᠭ ᠤᠨ ᠦᠭᠦᠯᠡᠯᠭᠡ ᠡᠴᠡ ᠰᠡᠳᠦᠪᠯᠡᠨ ᠪᠦᠲᠦᠭᠡᠭᠰᠡᠨ ᠪᠥᠭᠡᠳ 2019 ᠣᠨ ᠳᠤ ᠬᠡᠪᠯᠡᠭᠳᠡᠭᠰᠡᠨ ᠴᠠᠭ ᠠᠴᠠ ᠪᠠᠨ ᠡᠬᠢᠯᠡᠨ ᠬᠡᠦᠬᠡᠳ ᠪᠠᠭᠠᠴᠤᠳ ᠤᠨ ᠬᠠᠢᠷᠠᠲᠠᠢ ᠨᠣᠮ ᠪᠣᠯᠵᠤ᠂ ᠢᠷᠪᠢᠰ ᠲᠡᠢ ᠨᠤᠲᠤᠭ ᠤᠨ ᠬᠡᠦᠬᠡᠳ ᠦᠳ ᠢᠷᠪᠢᠰ ᠢ ᠴᠣᠬᠣᠷ ᠨᠠᠢᠵᠠ ᠬᠡᠮᠡᠨ ᠡᠯᠢᠭᠡᠮᠰᠡᠭᠦᠦ ᠳᠠᠭᠤᠳᠠᠬᠤ ᠪᠣᠯᠵᠤ ᠪᠠᠢᠭᠠᠯᠢ ᠬᠠᠮᠠᠭᠠᠯᠠᠬᠤ ᠢᠯᠠᠩᠭᠤᠶ᠎ᠠ ᠢᠷᠪᠢᠰ ᠢ ᠬᠠᠮᠠᠭᠠᠯᠠᠬᠤ ᠰᠡᠳᠬᠢᠯ ᠲᠡᠢ ᠢᠷᠡᠭᠡᠳᠦᠢ ᠶᠢᠨ ᠢᠷᠭᠡᠳ ᠢ ᠲᠥᠯᠦᠪᠰᠢᠭᠦᠯᠬᠦ ᠬᠤᠪᠢ ᠨᠡᠮᠡᠷᠢ ᠪᠡᠨ ᠣᠷᠣᠭᠤᠯᠤᠭᠰᠠᠭᠠᠷ ᠪᠠᠢᠨ᠎ᠠ᠃