ᠪᠡᠯᠭᠡᠲᠦ ᠴᠠᠰᠤ - ᠮ ᠂ ᠠᠰᠠᠷ Бэлгэт цас - М ᠂ Асар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠡᠯᠭᠡᠲᠦ ᠴᠠᠰᠤ - ᠮ ᠂ ᠠᠰᠠᠷ Бэлгэт цас - М ᠂ Асар

ᠪᠡᠯᠭᠡᠲᠦ ᠴᠠᠰᠤ - ᠮ ᠂ ᠠᠰᠠᠷ Бэлгэт цас - М ᠂ Асар

2023-05-24

278

ᠪᠡᠯᠭᠡᠲᠦ ᠴᠠᠰᠤ


     ᠡᠨᠡ ᠡᠳᠦᠷ ᠨᠢᠮ᠎ᠠ ᠭᠠᠷᠠᠭ 
     ᠬᠤᠷᠴᠠ ᠤᠯᠠᠭᠠᠨ ᠥᠩᠭᠡ ᠪᠡᠷ ᠬᠤᠸᠠᠩᠯᠢ ᠳᠡᠭᠡᠷ᠎ᠡ ᠳᠤᠷᠠᠢᠲᠠᠯ᠎ᠠ ᠲᠡᠮᠳᠡᠭᠯᠡᠵᠦ ᠪᠣᠢ ᠃ 
     ᠦᠳᠡ ᠡᠴᠡ ᠬᠣᠢᠰᠢ ᠴᠠᠰᠤ ᠣᠷᠣᠭᠠᠳ ᠵᠣᠭᠰᠣᠪᠠ ᠃ 
     ᠣᠷᠣᠬᠤ ᠳ᠋ᠠᠭᠠᠨ᠂ ᠡᠷᠲᠡ ᠦᠭᠡᠢ ᠣᠷᠣᠢ ᠦᠭᠡᠢ ᠂ ᠶᠠᠭ ᠯᠠ ᠰᠠᠷᠠᠨ ᠳᠠᠭᠢᠨᠢ ᠮᠡᠳᠡᠵᠦ ᠪᠠᠢᠭᠠᠳ ᠬᠠᠰ ᠤᠨ ᠬᠡᠯᠲᠡᠰ  ᠢᠶᠠᠨ ᠰᠠᠴᠤᠴᠢᠯ᠎ᠠ ᠭᠡᠮᠡᠷ ᠴᠠᠭ ᠳᠡᠭᠡᠷ᠎ᠡ ᠪᠡᠨ ᠣᠷᠣᠵᠠᠢ 
     ᠵᠣᠭᠰᠣᠬᠤ ᠳ᠋ᠠᠭᠠᠨ ᠂ ᠶᠡᠬᠡ ᠦᠭᠡᠢ ᠪᠠᠭ᠎ᠠ ᠦᠭᠡᠢ ᠂ ᠡᠭᠡᠭᠡ ᠯᠡ ᠰᠠᠨᠰᠠᠷ ᠲᠡᠭᠷᠢ ᠬᠦᠯᠢᠶᠡᠵᠦ ᠪᠠᠢᠭᠠᠳ ᠬᠠᠢᠷ᠎ᠠ ᠶ᠋ᠢᠨ ᠬᠠᠳᠠᠭ ᠢ᠋ᠶ᠋ᠠᠨ ᠳᠡᠯᠭᠡᠴᠢᠬᠡᠯ᠎ᠡ ᠭᠡᠮᠡᠷ ᠬᠡᠮᠵᠢᠶᠡᠨ ᠳ᠋ᠡᠭᠡᠨ ᠵᠣᠭᠰᠣᠵᠠᠢ ᠃ 
     ᠬᠠᠰ ᠬᠡᠯᠲᠡᠰ ᠂ ᠬᠠᠢᠷ᠎ᠠ ᠶ᠋ᠢᠨ ᠬᠠᠳᠠᠭ ᠪᠤᠲᠠᠷᠠᠬᠤ ᠴᠠᠰᠤ ᠶ᠋ᠢ ᠤᠭᠲᠤᠭᠠᠳ᠂ ᠪᠠᠳᠠᠷᠠᠨ ᠳᠡᠯᠭᠡᠷᠡᠬᠦ ᠲᠡᠷᠢᠭᠦᠯᠡᠭᠴᠢ ᠴᠡᠴᠡᠭ ᠭᠣᠢᠳᠠ ᠰᠠᠢᠬᠠᠨ ᠮᠦᠰᠢᠶᠡᠪᠡ ᠃ 
     ᠴᠠᠰᠤ ᠴᠡᠴᠡᠭ ᠬᠣᠶᠠᠷ ᠤ᠋ᠨ ᠬᠤᠷᠴᠠ ᠲᠣᠳᠣ ᠥᠩᠭᠡ ᠪᠣᠳᠣᠭ ᠬᠣᠣᠰᠯᠠᠨ ᠳᠤᠸᠠᠯᠠᠭᠠᠳ ᠂ ᠭᠤᠸ᠎ᠠ ᠰᠠᠢᠬᠠᠨ ᠤ᠋ ᠬᠦᠷᠲᠡᠭᠡᠯ ᠪᠣᠯᠵᠤ ᠭᠢᠯᠠᠪᠠᠨ᠎ᠠ᠃
     ᠬᠠᠳᠠᠭ ᠲᠤ᠌ ᠬᠠᠳᠬᠤᠭᠰᠠᠨ ᠬᠤᠸᠠᠷ ᠯᠠ ᠪᠠᠢᠭᠠᠰᠠᠢ ᠂ ᠬᠠᠷᠢᠨ ᠪᠢᠲᠡᠭᠡᠢ ᠰᠦᠨ ᠳ᠋ᠦ᠍ ᠲᠤᠰᠤᠭᠰᠠᠨ ᠴᠠᠰᠤ  ᠪᠣᠯᠤᠭᠠᠰᠠᠢ 
     ᠴᠠᠭᠠᠨ ᠨᠢ ᠬᠠᠳᠠᠭ ᠂ ᠤᠯᠠᠭᠠᠨ ᠨᠢ ᠬᠤᠸᠠᠷ ᠰᠢᠦ ᠳ᠋ᠠ᠃ 

        ᠪᠣᠷᠣᠭᠠᠨ ᠪᠠ ᠴᠠᠰᠤ 

         1
     ᠨᠠᠮᠤᠷ ᠡᠪᠦᠯ ᠦᠨ ᠵᠠᠪᠰᠠᠷ ᠂ ᠪᠣᠷᠣᠭᠠᠨ ᠲᠠᠢ ᠴᠠᠰᠤ ᠲᠠᠢ ᠃ 
     ᠪᠣᠷᠣᠭᠠᠨ ᠨᠢ ᠣᠳᠬᠤ ᠴᠠᠭ ᠤ᠋ᠨ ᠤᠯᠠ ᠶ᠋ᠢ ᠳᠠᠷᠤᠵᠤ ᠂ ᠴᠠᠰᠤ ᠨᠢ ᠢᠷᠡᠬᠦ ᠡᠷᠡᠨ ᠦ᠌ ᠵᠠᠮ ᠢ᠋ ᠳᠡᠪᠢᠰᠦᠨ᠎ᠡ ᠃ 
     ᠪᠣᠷᠣᠭᠠᠨ ᠴᠠᠰᠤ ᠬᠣᠶᠠᠷ ᠪᠣᠯᠳᠠᠭ ᠰᠠᠨ ᠪᠣᠯ ᠲᠣᠭᠣᠰᠣ ᠶᠢᠷᠲᠢᠨᠴᠦ ᠳ᠋ᠦ᠍ ᠲᠤᠰᠠ ᠬᠢᠬᠦ ᠶ᠋ᠢ ᠵᠣᠷᠢᠪᠠ ᠃ 
         2
     ᠬᠥᠮᠦᠨ ᠦ᠌ ᠮᠥᠷ ᠶᠠᠭᠠᠬᠢᠭᠠᠳ ᠴᠢᠰᠤ ᠲᠠᠢ ᠨᠢᠯᠪᠤᠰᠤ ᠲᠠᠢ ᠪᠣᠢ ?
     《 ᠨᠢᠭᠦᠯ ᠬᠢᠯᠢᠨᠴᠡ ᠠᠷᠢᠯᠵᠤ ᠂ ᠨᠢᠩᠵᠢᠨ ᠰᠡᠳᠬᠢᠯ ᠲᠦᠭᠡᠭ 》 ᠭᠡᠵᠦ ᠠᠰᠬᠠᠷᠠᠬᠤ ᠪᠣᠷᠣᠭᠠᠨ ᠦᠳᠡᠰᠢ ᠪᠡᠷ ᠣᠷᠣᠵᠤ ᠂ ᠬᠥᠮᠦᠨ ᠪᠠ ᠣᠷᠴᠢᠯᠠᠩ ᠢ᠋ ᠤᠬᠢᠶᠠᠨ ᠱᠠᠭᠢᠪᠠ ᠃ 
         3 
     ᠠᠮᠢᠳᠤᠷᠠᠯ ᠤ᠋ᠨ ᠵᠠᠮ ᠶᠠᠭᠠᠬᠢᠭᠠᠳ ᠠᠰᠬᠠᠨ ᠲᠠᠢ ᠮᠤᠰᠢᠭᠠᠢ ᠲᠠᠢ ᠪᠣᠢ ? 
     《ᠰᠢᠨ᠎ᠡ ᠮᠥᠷ ᠨᠢ ᠳᠤᠷᠠᠢᠵᠤ ᠂ ᠰᠢᠯᠤᠭᠤᠨ ᠵᠠᠮ ᠨᠢ ᠵᠤᠷᠠᠢᠭ 》 ᠭᠡᠵᠦ ᠪᠤᠲᠠᠷᠠᠬᠤ ᠴᠠᠰᠤ ᠦᠷ ᠢ᠋ᠶ᠋ᠡᠷ ᠪᠠᠭᠤᠵᠤ ᠂ ᠬᠥᠷᠥᠰᠥᠲᠦ ᠳᠡᠯᠡᠬᠡᠢ ᠶ᠋ᠢ ᠲᠡᠭᠰᠢᠯᠡᠨ ᠬᠤᠴᠠᠪᠠ ᠃ 
     ᠴᠠᠰᠤᠨ ᠤ᠋ ᠴᠠᠢᠯᠭᠠᠨ ᠰᠠᠨᠠᠭᠠᠨ ᠳ᠋ᠤ᠌ ᠭᠬᠢᠷ ᠭᠡᠵᠦ ᠦᠭᠡᠢ ᠪᠢᠵᠡ ᠃ 
         4 
     ᠬᠥᠯ ᠦ᠋ᠨ ᠤᠯᠠ ᠭᠡᠵᠦ ᠬᠠᠷᠢᠨ ᠲᠡᠭᠰᠢ ᠲᠡᠢ ᠬᠠᠵᠠᠭᠠᠢ ᠲᠠᠢ ᠠᠵᠢ ᠃ 
     ᠥᠷᠯᠥᠭᠡ ᠡᠷᠲᠡ ᠪᠣᠯᠬᠤ ᠳ᠋ᠤ᠌ ᠠᠢᠯ ᠠᠢᠯ ᠠ᠋ᠴᠠ ᠭᠠᠳᠠᠭᠰᠢ ᠪᠠᠨ ᠠᠯᠬᠤᠭᠰᠠᠨ ᠮᠥᠷ ᠭᠠᠷᠪᠠ ᠃ 
     ᠠᠰᠬᠠᠨ ᠨᠢ ᠠᠰᠬᠠᠨ ᠂ ᠮᠤᠰᠢᠭᠠᠢ ᠨᠢ ᠪᠠᠰᠠ ᠯᠠ ᠮᠤᠰᠢᠭᠠᠢ ᠃ 
     ᠪᠣᠷᠣᠭᠠᠨ ᠭᠠᠢᠬᠠᠰᠬᠢᠵᠦ ᠂ ᠴᠠᠰᠤ ᠬᠢᠷᠳᠡᠬᠢᠪᠡ᠃ 
         5
     ᠪᠣᠷᠣᠭᠠᠨ ᠨᠢ ᠣᠳᠴᠤ ᠂ ᠴᠠᠰᠤ ᠨᠢ ᠡᠪᠦᠯᠵᠢᠪᠡ ᠃ 
     ᠴᠠᠰᠤᠨ ᠤ᠋ ᠳᠡᠭᠡᠭᠦᠷ ᠂ ᠡᠪᠦᠯ ᠲᠤᠵᠢ ᠠᠰᠬᠠᠨ ᠮᠥᠷ ᠮᠤᠰᠢᠭᠠᠢ ᠮᠥᠷ ᠶᠠᠭᠰᠢᠲᠠᠯ᠎ᠠ ᠵᠥᠷᠢᠯᠳᠦᠵᠦ ᠂ ᠴᠢᠰᠤ ᠲᠠᠢ ᠮᠥᠷ ᠂ ᠨᠢᠯᠪᠤᠰᠤ ᠲᠠᠢ ᠮᠥᠷ ᠪᠠᠰᠠ ᠯᠠ ᠦᠵᠡᠭᠳᠡᠨ᠎ᠡ ᠃ 
     ᠪᠦᠯᠢᠶᠡᠨ ᠴᠢᠰᠤ ᠤᠤ ? ᠬᠠᠯᠠᠭᠤᠨ ᠨᠢᠯᠪᠤᠰᠤ ᠤᠤ ? 
         6
     ᠪᠦᠯᠢᠶᠡᠨ ᠪᠣᠯ ᠪᠠᠭᠠᠲᠤᠷ ᠤ᠋ᠨ ᠴᠢᠰᠤ ᠂ ᠬᠠᠯᠠᠭᠤᠨ ᠪᠣᠯ ᠪᠠᠶᠠᠷ ᠤ᠋ᠨ ᠨᠢᠯᠪᠤᠰᠤ ᠃ 
     ᠪᠦᠯᠢᠶᠡᠨ ᠴᠢᠰᠤᠨ ᠳ᠋ᠤ᠌ ᠪᠣᠳᠣᠭᠳᠠᠵᠤ ᠂ ᠬᠠᠯᠠᠭᠤᠨ ᠨᠢᠯᠪᠤᠰᠤᠨ ᠳ᠋ᠤ᠌ ᠤᠬᠢᠶᠠᠭᠳᠠᠭᠰᠠᠨ ᠠ᠋ᠴᠠ ᠲᠡᠦᠬᠡ ᠶ᠋ᠢᠨ ᠤᠯᠠ ᠮᠥᠷ ᠰᠠᠶᠢ ᠡᠭᠦᠷᠢᠳᠡ ᠪᠠᠯᠠᠷᠠᠰᠢ ᠦᠭᠡᠢ ᠂ ᠥᠨᠢᠳᠡ ᠰᠠᠴᠤᠷᠠᠩᠭᠤᠢ ᠪᠠᠢᠳᠠᠭ ᠪᠢᠰᠢᠦ ? 
     ᠲᠡᠢᠮᠦ ᠡᠴᠡ᠂  ᠴᠢᠰᠤ ᠪᠠᠨ ᠪᠣᠣ ᠬᠠᠢᠷᠠᠯᠠ ! ᠲᠡᠭᠡᠪᠡᠴᠦ ᠂ ᠨᠢᠯᠪᠤᠰᠤ ᠪᠠᠨ ᠪᠤᠤ ᠤᠷᠤᠰᠬ᠎ᠠ ! 

                                         1981 . . 1 .11.1 — 8 ᠬᠥᠬᠡᠬᠣᠲᠠ